ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠦᠷᠭᠡᠨ ᠮᠦᠷᠦᠨ ᠲᠡᠭᠡᠷ᠎ᠡ ᠴᠢᠨᠢ ᠪᠠᠭᠤᠬᠤ ᠴᠠᠰᠤᠨ ᠶᠠᠭᠤᠲᠠᠢ ᠡᠩᠬᠦᠷᠡᠢ᠌ᠭᠡᠨ ᠪᠤᠢ
ᠨᠡᠶᠢᠲᠡᠯᠡᠭᠰᠡᠨ ᠴᠠᠭ᠄ 2021-12-17

 
  
        — ᠰᠢᠨ᠎ᠡ ᠲᠢᠲᠢᠮᠯᠢᠭ ᠠᠭᠤᠰᠬᠢᠨ ᠦᠷᠪᠢᠰᠤᠯ᠎ᠤᠨ ᠬᠢᠵᠢᠭ ᠎ᠲᠠᠢ ᠲᠡᠮᠡᠴᠡᠭᠰᠡᠨ ᠰᠠᠢ᠌ᠨ ᠲᠤᠷᠠᠴᠤᠤᠯ᠂ ᠥᠪᠡᠷᠲᠡᠭᠡᠨ ᠵᠠᠰᠠᠬᠤ ᠣᠷᠣᠨ᠎ᠤ ᠤᠯᠤᠰ ᠲᠥᠷᠥ ᠵᠢᠨ ᠵᠥᠪᠯᠡᠯᠭᠡᠨ᠎ᠤ ᠭᠡᠰᠢᠭᠦᠨ ᠪᠠᠶᠠᠨᠨᠠᠮᠤᠷ᠎ᠤᠨ ᠦᠢ᠍ᠯᠨ ᠠᠵᠢᠯᠯᠠᠭ᠎ᠠ ᠵᠢ ᠲᠡᠮᠲᠡᠭᠯᠡᠪᠠ

                            ᠱᠠ᠊ · ᠮᠡᠷᠭᠡᠨ ᠰᠤᠷᠪᠤᠯᠵᠢᠯᠠᠪᠠ

 
    2021 ᠣᠨ᠎ᠤ 10 ᠰᠠᠷ᠎ᠠ᠎ᠳᠤ᠂ ᠦᠩ ᠦᠷᠭᠡᠨ ᠠᠯᠠᠱᠨ᠎ᠳᠤ ᠮᠢᠨᠢ ᠰᠢᠨ᠎ᠡ ᠲᠢᠲᠢᠮᠯᠢᠭ ᠠᠭᠤᠰᠬᠢᠨ ᠦᠷᠪᠢᠰᠤᠯ᠎ᠤᠨ ᠬᠢᠵᠢᠭ᠎ᠤᠨ ᠠᠶᠤᠯ ᠨᠦᠮᠦᠷᠢᠨ ᠪᠠᠭᠤᠵᠤ᠂ ᠠᠯᠲᠠᠨ ᠲᠤᠤᠷᠠᠢ᠎ᠲᠠᠢ ᠡᠵᠡᠨ᠎ᠡ ᠮᠢᠨᠢ ᠨᠠᠩ ᠴᠤ᠌ ᠠᠶᠤᠯ᠎ᠤᠨ ᠬᠠᠷ᠎ᠠ ᠪᠤᠲᠠᠩ᠎ᠳᠤ ᠪᠦᠷᠬᠦᠭᠲᠡᠭᠰᠡᠨ ᠪᠠᠢ᠌ᠪᠠ᠃ ᠰᠢᠨ᠎ᠡ ᠲᠢᠲᠢᠮᠯᠢᠭ ᠠᠭᠤᠰᠬᠢᠨ ᠦᠷᠪᠢᠰᠤᠯ᠎ᠳᠤ ᠨᠡᠷᠪᠡᠭᠲᠡᠭᠰᠡᠳ᠎ᠤᠨ ᠲᠤᠭ᠎ᠠ᠎ᠨᠢ ᠤᠯᠠᠮ ᠵᠶ᠋ᠡᠷ ᠨᠡᠮᠡᠭᠲᠡᠨ᠂ ᠵᠤᠭ᠋ᠠᠴᠠᠷ᠎ᠠ ᠢᠷᠡᠭᠰᠡᠳ᠎ᠢ ᠴᠤ᠌ ᠲᠤᠬᠠᠢ ᠵᠢᠨ ᠭᠠᠵᠠᠷ᠎ᠲᠤᠨᠢ ᠲᠤᠰᠠᠭ᠋ᠠᠷᠯᠠᠨ ᠪᠠᠢ᠌ᠵᠤ ᠪᠠᠶ᠎ᠠ ᠵᠢᠨ ᠪᠠᠢ᠌ᠲᠠᠯ᠎ᠢ᠎ᠨᠢ ᠪᠠᠢ᠌ᠴᠠᠭ᠋ᠠᠬᠤ ᠪᠤᠯᠤᠭᠰᠠᠨ ᠲᠤᠯᠨ᠂ ᠠᠯᠠᠱᠨ ᠨᠤᠳᠤᠭ ᠮᠢᠨᠢ ᠠᠷᠪᠠᠨ ᠵᠦᠭ᠎ᠤᠨ ᠬᠦᠮᠦᠨ ᠠᠷᠠᠳ᠎ᠤᠨ ᠠᠩᠬᠠᠷᠤᠯ᠎ᠤᠨ  ᠲᠦᠪ᠎ᠨᠢ ᠪᠤᠯᠴᠢᠠᠬᠭᠰᠠᠨ ᠪᠠᠢ᠌ᠪᠠ ᠰᠢᠤ᠃
     ᠨᠠᠮ᠎ᠤᠨ ᠲᠦᠪ ᠬᠤᠷᠢᠶᠠᠨ᠎ᠤ ᠵᠢᠭ᠋ᠠᠪᠤᠷᠢ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠠᠰᠠᠭ᠎ᠤᠨ ᠤᠷᠳᠤᠨ᠎ᠤ ᠡᠷᠡᠰ ᠰᠢᠭᠤᠷᠬᠠᠢ ᠰᠢᠢ᠍ᠳᠪᠤᠷᠢ᠎ᠪᠠᠷ᠂ ᠡᠮᠴᠢ ᠰᠤᠪᠢᠯᠠᠭᠴᠢᠳ᠎ᠤᠨ ᠭᠠᠪᠰᠢᠭ᠋ᠠᠢ ᠡᠩᠨᠡᠭᠡ᠂ ᠡᠳ᠋ ᠠᠭᠤᠷᠠᠰᠤᠨ᠎ᠤ ᠬᠠᠩᠭ᠋ᠠᠯᠭ᠎ᠠ ᠵᠢᠨ ᠴᠤᠪᠤᠭ᠎ᠠ᠂ ᠴᠡᠷᠢᠭ ᠴᠠᠭᠲᠠᠭ᠎ᠠ ᠵᠢᠨ ᠵᠢᠪᠬᠤᠭ᠋ᠠᠳᠤ ᠵᠢᠭᠰᠠᠭ᠋ᠠᠯ᠂ ᠰᠠᠢ᠌ᠨ ᠲᠤᠷᠠᠴᠤᠤᠯ᠎ᠤᠨ ᠵᠤᠷᠢᠭᠳᠤ ᠡᠩᠨᠡᠭᠡ᠎ᠨᠢ  ᠵᠠᠯᠭ᠋ᠠᠭ᠎ᠠ ᠵᠠᠯᠭ᠋ᠠᠭ᠎ᠠ᠎ᠪᠠᠷ ᠡᠵᠡᠨ᠎ᠡ᠎ᠳᠤ ᠴᠤᠪᠤᠷᠠᠨ ᠢᠷᠡᠭᠰᠡᠨ ᠪᠢᠯᠨ᠃
   ᠡᠨᠡ ᠬᠦ᠌ ᠠᠴᠢ ᠲᠤᠰᠨ᠎ᠪᠠᠨ ᠬᠠᠷᠠᠮ ᠦᠭᠡᠢ᠎ᠪᠠᠷ ᠡᠷᠬᠦᠵᠤ ᠶᠠᠪᠤᠭ᠎ᠠ ᠶᠡᠬᠡ ᠡᠩᠨᠡᠭᠡᠨ ᠎ᠳᠤ᠎ᠬᠢ ᠨᠢᠭᠡᠨ ᠵᠠᠯᠠᠭᠤ ᠠᠩᠬᠠᠷᠤᠯ᠎ᠢ ᠮᠢᠨᠢ ᠲᠠᠲᠠᠭᠰᠠᠭ᠋ᠠᠷ ᠪᠠᠢ᠌ᠪᠠ᠃ ᠲᠡᠬᠦᠨ᠎ᠤ ᠠᠯᠲᠡᠷ᠎ᠢ ᠪᠠᠶᠠᠨᠨᠠᠮᠤᠷ ᠭᠡᠲᠡᠭ᠃ ᠳᠤᠮᠳᠠᠳᠤ ᠤᠯᠤᠰ᠎ᠤᠨ ᠠᠷᠠᠳ᠎ᠤᠨ ᠤᠯᠤᠰ ᠲᠦᠷᠦ ᠵᠢᠨ ᠵᠥᠪᠯᠡᠯᠭᠡᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠬᠣᠶᠠᠳᠤᠭ᠋ᠠᠷ ᠬᠤᠭᠤᠴᠠᠭ᠋ᠠᠨ᠎ᠤ ᠬᠤᠷᠢᠶ᠎ᠡ ᠵᠢᠨ ᠰᠣᠶᠣᠯ ᠤᠷᠠᠯᠢᠭ᠎ᠤᠨ ᠡᠲᠡᠭᠡᠳ᠎ᠤᠨ ᠢᠯᠭ᠋ᠠᠯ᠎ᠤᠨ ᠭᠡᠰᠢᠭᠦᠨ ᠶᠤᠮ᠃ ᠲᠡᠷᠡ 1980 ᠣᠨ᠎ᠤ ᠠᠯᠲᠡᠨ ᠨᠠᠮᠤᠷ᠎ᠤᠨ ᠦᠩᠰᠢᠭ ᠴᠠᠭ᠎ᠲᠤ᠂ ᠠᠯᠠᠱ᠌ᠠ ᠠᠶ᠋ᠢᠮᠠᠭ᠎ᠤᠨ ᠠᠯᠠᠱᠨ ᠪᠠᠷᠠᠭᠤᠨ ᠬᠣᠰᠢᠭᠤᠨ᠎ᠳᠤ ᠲᠦᠷᠦᠵᠡᠢ᠃ ᠠᠪᠤ ᠴᠠᠭ᠋ᠠᠨᠪᠠᠭ᠋ᠠᠳᠤᠷ᠎ᠨᠢ ᠭᠤᠯᠤᠮᠲᠡ ᠵᠠᠯᠭ᠋ᠠᠬᠤ ᠰᠠᠢ᠌ᠨ ᠬᠦᠤ᠎ᠲᠠᠢ ᠪᠤᠯᠤᠯ᠎ᠠ ᠭᠡᠵᠤ ᠬᠦᠭᠰᠡᠭᠡᠳ᠂ ᠪᠠᠶᠠᠨᠨᠠᠮᠤᠷ ᠭᠡᠲᠡᠭ ᠦᠩᠭᠡ ᠪᠡᠯᠭᠡ᠎ᠲᠠᠢ ᠰᠠᠢ᠌ᠬᠠᠨ ᠨᠡᠷ᠎ᠡ ᠵᠢ ᠦᠷ᠎ᠡ ᠎ᠳᠤ᠎ᠪᠠᠨ ᠬᠠᠢ᠌ᠷᠠᠯᠠᠭᠰᠠᠨ ᠪᠠᠢ᠌ᠯ᠎ᠠ᠃ ᠪᠠᠶᠠᠨᠨᠠᠮᠤᠷ᠎ᠤᠨ ᠠᠪᠤ ᠴᠠᠭ᠋ᠠᠨᠪᠠᠭ᠋ᠠᠲᠤᠷ ᠭᠤᠸᠠᠢ ᠪᠣᠯ ᠲᠠᠰᠤᠷᠬᠠᠢ ᠠᠪᠢᠶᠠᠰ᠎ᠲᠠᠢ ᠤᠷᠳᠤ ᠵᠢᠨ ᠲᠠᠭᠤᠴᠢᠨ ᠪᠠᠢ᠌ᠭᠰᠠᠨ ᠭᠡᠲᠡᠭ᠃ ᠲᠤᠬᠠᠢ ᠵᠢᠨ ᠦᠶ᠎ᠡ᠎ᠳᠤ ᠥᠪᠥᠷ ᠮᠣᠩᠭᠣᠯ᠎ᠤᠨ ᠦᠪᠡᠷᠲᠡᠭᠡᠨ ᠵᠠᠰᠠᠬᠤ ᠤᠷᠤᠨ᠎ᠳᠤ ᠠᠵᠢᠯᠯᠠᠵᠤ ᠪᠠᠢ᠌ᠭᠰᠠᠨ ᠨᠢᠭᠡᠨ ᠠᠯᠳᠠᠷᠲᠤ ᠳᠠᠭᠤᠴᠢᠨ ᠴᠠᠭ᠋ᠠᠨᠪᠠᠭ᠋ᠠᠲᠤᠷ᠎ᠤᠨ ᠳᠠᠭᠤᠨ᠎ᠤ ᠦᠩᠭᠡ ᠵᠢ ᠲᠤᠭᠤᠭ᠋ᠠᠳ᠂ ᠬᠦᠬᠡᠬᠤᠲᠠ᠎ᠳᠤ ᠬᠦᠷᠴᠤ ᠲᠠᠭᠤᠨ᠎ᠤ ᠮᠡᠷᠭᠡᠵᠢᠯ᠎ᠢ ᠰᠤᠷᠤᠯᠴᠠᠭ᠋ᠠᠷᠠᠢ ᠭᠡᠵᠤ ᠬᠦᠰᠡᠭᠰᠡᠨ ᠪᠠᠢ᠌ᠪᠠ᠃ ᠭᠡᠪᠡᠴᠦ ᠴᠠᠭ᠋ᠠᠨᠪᠠᠭ᠋ᠠᠲᠤᠷ ᠨᠢᠯᠬ᠎ᠠ ᠬᠦᠤ ᠪᠠ ᠭᠡᠷᠭᠡᠢ᠎ᠠᠴᠠ᠎ᠪᠠᠨ ᠬᠤᠯᠠᠲᠠᠵᠤ ᠡᠰᠨ ᠲᠦᠪᠲᠡᠬᠦ ᠎ᠳᠤ᠎ᠪᠠᠨ ᠠᠯᠠᠱᠨ ᠪᠠᠷᠠᠭᠤᠨ  ᠬᠤᠰᠢᠭᠤᠨ᠎ᠳᠤ᠎ᠪᠠᠨ  ᠦᠯᠡᠲᠡᠭᠰᠡᠨ ᠪᠠᠢ᠌ᠯ᠎ᠠ᠃ ᠬᠡᠯ᠎ᠡ ᠴᠤ᠌ ᠬᠦᠤ ᠪᠠᠶᠠᠨᠨᠠᠮᠤᠷ᠎ᠤᠨ ᠵᠶ᠋ᠡᠨ ᠬᠦᠭᠵᠢᠮ ᠲᠠᠭᠤᠤ ᠵᠢᠨ ᠤᠷᠠᠨ ᠠᠪᠢᠶᠡᠰ᠎ᠢ᠎ᠨᠢ ᠪᠠᠲᠠᠷᠠᠭ᠋ᠠᠬᠤ ᠬᠡᠮᠡᠨ ᠬᠢᠷᠢ ᠎ᠳᠤ᠎ᠪᠠᠨ ᠵᠢᠳᠬᠦᠭᠰᠡᠨ ᠭᠡᠲᠡᠭ᠃ 《ᠰᠠᠨᠠᠵᠤ ᠶᠠᠪᠤᠪᠠᠯ ᠪᠦᠲᠦᠨ᠎ᠡ᠂ ᠰᠡᠵᠢᠯᠠᠵᠤ ᠶᠠᠪᠤᠪᠠᠯ ᠬᠦᠷᠦᠨ᠎ᠡ》 ᠭᠡᠲᠡᠭᠴᠢᠯᠡᠨ᠂ ᠬᠦᠰᠡᠯ ᠮᠦᠷᠦᠭᠡᠳᠤᠯ᠎ᠤᠨ  ᠲᠡᠭᠷᠢ ᠎ᠳᠤ᠎ᠨᠢ ᠨᠡᠷᠨ ᠬᠡᠢ᠌ᠵᠤ᠂ ᠪᠠᠶᠠᠨᠨᠠᠮᠦᠷ 1995 ᠣᠨ᠎ᠳᠤ ᠡᠵᠡᠨ᠎ᠡ ᠬᠣᠰᠢᠭᠤᠨ᠎ᠤ ᠤᠯᠠᠭ᠋ᠠᠨᠮᠥ᠋ᠴᠢᠷ᠎ᠲᠤ ᠰᠢᠯᠭ᠋ᠠᠭᠲᠠᠨ ᠤᠷᠤᠭᠰᠠᠨ ᠪᠠᠢ᠌ᠯ᠎ᠠ᠃ ᠤᠳᠤᠮ᠎ᠤᠨ ᠤᠷ᠎ᠠ ᠠᠪᠢᠶᠠᠰ᠎ᠨᠢ ᠤᠬᠠᠭ᠋ᠠᠨᠳᠤ ᠤᠯᠠᠨ ᠪᠠᠭᠰᠢ ᠵᠢᠨ ᠬᠢᠨᠢ ᠰᠤᠷᠭ᠋ᠠᠨ ᠲᠤᠳᠤᠮᠳᠠᠯᠭ᠎ᠠ᠎ᠪᠠᠷ ᠤᠯᠠᠮ ᠴᠤ᠌ ᠪᠠᠲᠠᠷᠠᠵᠤ᠂ ᠤᠨ ᠵᠢᠯ᠎ᠤᠨ ᠤᠷᠳᠤ᠎ᠳᠤ ᠤᠢ᠌ᠭ᠎ᠠ ᠦᠭᠡᠢ ᠵᠢᠳᠬᠦᠭᠰᠡᠭᠡᠷ ᠶᠠᠪᠤᠭᠰᠠᠨ ᠪᠠᠶᠠᠨᠨᠠᠮᠤᠷ ᠮᠢᠨᠢ ᠤᠯᠤᠰ᠎ᠤᠨ ᠨᠢᠭᠡᠳᠤᠭᠡᠷ ᠲᠠᠰ᠎ᠤᠨ ᠲᠠᠭᠤᠴᠢᠨ᠎ᠤ ᠴᠤᠯᠨ ᠵᠢ ᠬᠦᠷᠲᠡᠭᠰᠡᠨ ᠪᠢᠯᠨ᠃ 2010 ᠣᠨ᠎ᠳᠤ᠂ ᠪᠠᠶᠠᠨᠨᠠᠮᠤᠷ ᠣᠯᠠᠨ ᠤᠯᠤᠰ᠎ᠤᠨ ᠮᠣᠩᠭᠣᠯ ᠳᠠᠭᠤᠤ ᠵᠢᠨ ᠤᠷᠤᠯᠳᠤᠭ᠋ᠠᠨ᠎ᠳᠤ ᠮᠥᠩᠭᠥᠨ ᠮᠸᠲᠡᠯ ᠲᠤᠰᠴᠤ᠂ 2012 ᠣᠨ᠎ᠳᠤ ᠪᠠᠶᠠᠨᠨᠠᠮᠤᠷ᠎ᠤᠨ ᠳᠠᠭᠤᠯᠠᠭᠰᠠᠨ 《ᠡᠶ᠋ᠢᠮᠦ ᠯᠡ ᠰᠠᠢ᠌ᠬᠠᠨ ᠨᠤᠳᠤᠭ ᠪᠠᠢ᠌ᠯ᠎ᠠ》 ᠭᠡᠬᠦ ᠳᠠᠭᠤᠤ᠎ᠨᠢ ᠥᠪᠥᠷ ᠮᠣᠩᠭᠣᠯ᠎ᠤᠨ 《  ᠲᠠᠪᠤᠨ ᠨᠢᠭᠡ ᠵᠢᠨ ᠢᠨᠵᠧᠨᠧᠷᠢᠩ 》᠎ᠤᠨ ᠱᠠᠩᠨᠠᠯ ᠵᠶ᠋ᠡᠷ ᠮᠢᠯᠢᠶᠡᠯᠭ᠋ᠠᠨ᠂ 2014 ᠣᠨ᠎ᠳᠤ ᠪᠠᠶᠠᠨᠨᠠᠮᠤᠷ᠂ ᠤᠳᠬᠤᠨᠳᠤᠶᠠᠭ᠎ᠠ ᠬᠤᠶᠡᠷ᠎ᠤᠨ ᠲᠠᠭᠤᠯᠠᠭᠰᠠᠨ 《ᠬᠠᠷ᠎ᠠ ᠬᠠᠷᠠᠬᠠᠨ ᠬᠠᠷᠠᠴᠠ》 ᠬᠡᠬᠦ ᠰᠤᠳᠤᠨ ᠲᠠᠭᠤᠤ᠎ᠨᠢ ᠤᠯᠤᠰ᠎ᠤᠨ 《  ᠲᠠᠪᠤᠨ ᠨᠢᠭᠡ ᠵᠢᠨ ᠢᠨᠵᠧᠨᠧᠷᠢᠩ 》 ᠎ᠤᠨ ᠱᠠᠩᠨᠠᠯ ᠎ᠢ ᠬᠦᠷᠲᠡᠵᠡᠢ᠃ ᠪᠠᠶᠠᠨᠨᠠᠮᠤᠷ᠎ᠤᠨ ᠤᠷᠠᠨ ᠡᠭᠡᠰᠢᠭ᠎ᠢ ᠪᠠᠬᠠᠷᠬᠠᠲᠠᠭ ᠬᠦᠮᠦᠰ᠎ᠨᠢ ᠶᠡᠭᠡ ᠬᠤᠲᠠ ᠵᠢᠨ ᠦᠨᠳᠤᠷ ᠠᠰᠠᠷ᠎ᠲᠤ ᠴᠤ᠌ ᠪᠤᠢ᠂ ᠡᠭᠡᠷᠡᠮ᠎ᠡ ᠭᠤᠪᠢ ᠵᠢᠨ ᠡᠯᠡᠰᠤᠨ ᠮᠤᠬᠤᠷ᠎ᠲᠤ ᠴᠤ᠌ ᠪᠤᠢ᠃ ᠰᠢᠨ᠎ᠡ ᠲᠢᠲᠢᠮᠯᠢᠭ ᠠᠭᠤᠰᠬᠢᠨ ᠦᠷᠪᠢᠰᠤᠯ᠎ᠤᠨ ᠬᠢᠵᠢᠭ ᠎ᠲᠠᠢ ᠲᠡᠮᠡᠴᠡᠬᠦ ᠲ᠊

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠰᠡᠳᠭᠢᠯ ᠎ᠳᠤ ᠬᠣᠨᠣᠭᠰᠢᠭᠰᠠᠨ ᠦᠯᠢᠭᠡᠷ᠄ ᠰᠢᠯᠢ ᠵᠢᠨ ᠭᠣᠣᠯ ᠠᠢ᠌ᠮᠠᠭ᠎ᠤᠨ ᠠᠬᠠᠮᠠᠳ ᠲᠣᠮᠣᠭ᠋ᠠᠲᠠᠨ᠎ᠤ《ᠭᠣᠷᠪᠠᠨ ᠮᠢᠩᠭ᠋ᠠᠨ ᠥᠨᠥᠴᠢᠨ ᠬᠡᠦᠬᠡᠳ᠎ᠢ ᠦᠷᠡᠴᠢᠯᠡᠨ ᠲᠡᠵᠢᠭᠡᠭᠰᠡᠨ》 ᠲᠣᠬᠠᠢ ᠨᠠᠷᠢᠯᠢᠭ ᠳᠣᠷᠠᠳᠬᠠᠯ
ᠪᠦᠬᠦ ᠤᠯᠤᠰ᠎ᠤᠨ ᠶᠠᠳᠠᠭᠤ᠎ᠠᠴᠠ ᠠᠩᠬᠢᠵᠢᠷᠠᠭᠤᠯᠬᠤ ᠪᠣᠭᠣᠮᠳᠠ ᠰᠢᠪᠳᠤᠯᠬᠤ ᠠᠵᠢᠯ᠎ᠤᠨ ᠲᠡᠷᠢᠭᠦᠨ᠎ᠤ ᠬᠣᠪᠢ ᠬᠦᠮᠦᠨ— ᠪᠠᠶᠠᠷ
ᠢᠳᠡᠭᠡᠯ ᠬᠦᠨᠳᠦ᠂ ᠡᠭᠦᠷᠭᠡ ᠬᠠᠷᠢᠭᠤᠴᠠᠯᠭ᠎ᠠ᠂ ᠵᠢᠳᠬᠦᠯ ᠲᠡᠮᠡᠦᠯᠡᠯ
ᠰᠢᠨ᠎ᠡ ᠠᠢ᠌ᠯ ᠭᠠᠴᠠᠭ᠋ᠠᠨ᠎ᠤ ᠨᠡᠷᠡᠲᠦ ᠪᠦᠬᠡᠴᠢᠳ ᠪᠠ ᠪᠦᠬᠡ ᠵᠢᠨ ᠰᠣᠶᠣᠯ᠎ᠤᠨ ᠤᠯᠠᠮᠵᠢᠯᠠᠯ
ᠨᠠᠰᠤᠨᠳᠠᠯᠠᠢ᠄ ᠠᠷᠠᠳ᠎ᠤᠨ ᠶᠠᠪᠤᠳᠠᠯ᠎ᠢ ᠤᠬᠠᠭᠤᠯᠬᠤ ᠪᠤᠯ 《ᠨᠡᠢ᠌ᠬᠡᠮ》 ᠰᠡᠳᠬᠦᠯ᠎ᠤᠨ ᠲᠠᠷᠬᠠᠨ ᠡᠬᠦᠷᠬᠡ
 
            