ᠡᠯᠡᠰᠤᠨ ᠲᠠᠯᠠᠢ ᠵᠢᠨ ᠡᠶᠡᠪᠡᠷᠬᠦᠤ ᠠᠮᠢᠰᠬᠤᠭ᠎ᠠ
— ᠪᠦᠬᠦ ᠤᠯᠤᠰ᠎ᠤᠨ ᠴᠠᠭ ᠦᠶ᠎ᠡ ᠵᠢᠨ ᠬᠤᠰᠢᠭᠤᠴᠢ᠂ ᠠᠯᠠᠱᠨ ᠠᠢ᠌ᠮᠠᠭ᠎ᠤᠨ ᠤᠯᠤᠰ ᠲᠦᠷᠦ ᠵᠢᠨ ᠵᠦᠪᠯᠡᠯᠭᠡᠨ᠎ᠤ ᠤᠤᠯ᠎ᠤᠨ ᠲᠡᠷᠢᠬᠦᠯᠡᠭᠴᠢ ᠰᠦᠭᠡ ᠭᠤᠸᠠᠢ ᠵᠢᠨ ᠦᠢ᠍ᠯᠨ ᠠᠵᠢᠯᠯᠠᠭ᠎ᠠ ᠵᠢ ᠲᠡᠮᠲᠡᠭᠯᠡᠪᠠ
ᠱᠠ᠊ · ᠮᠡᠷᠭᠡᠨ ᠰᠤᠷᠪᠤᠯᠵᠢᠯᠠᠪᠠ
ᠨᠤᠳᠤᠭ ᠤᠰᠤ᠎ᠪᠠᠨ ᠬᠠᠢ᠌ᠷᠠᠯᠠᠬᠤ ᠰᠡᠳᠬᠢᠯᠭᠡ ᠪᠤᠯ ᠬᠦᠮᠦᠨ ᠲᠦᠷᠦᠯᠬᠢᠲᠡᠨ᠎ᠤ ᠠᠷᠢᠭᠤᠨ ᠨᠠᠨᠳᠢᠨ ᠬᠠᠢ᠌ᠷ᠎ᠠ ᠰᠡᠳᠬᠢᠯᠭᠡ ᠶᠤᠮ᠃ ᠠᠴᠢ ᠶᠡᠭᠡᠳᠤ ᠡᠬᠡ ᠮᠢᠨᠢ ᠦᠷ᠎ᠡ ᠬᠡᠤᠭᠡᠳ ᠵᠶ᠋ᠡᠨ ᠬᠦᠬᠦᠬᠦᠯ᠎ᠦᠨ ᠲᠤᠷᠨᠢᠭᠤᠯᠵᠤ᠂ ᠨᠤᠳᠤᠭ᠎ᠤᠨ ᠠᠷᠢᠭᠤᠨ ᠰᠠᠯᠬᠢᠨ᠎ᠨᠢ ᠦᠷ᠎ᠠ ᠬᠤᠢ᠌ᠴᠢᠰ ᠵᠶ᠋ᠡᠨ ᠦᠨᠦᠰᠤᠨ ᠦᠬᠦᠭᠡᠷᠲᠡᠭᠰᠡᠨ ᠪᠢᠯᠨ᠃ ᠨᠤᠳᠤᠭ ᠭᠡᠲᠡᠭ ᠪᠤᠯ ᠮᠠᠯᠴᠢᠳ᠎ᠤᠨ ᠰᠡᠳᠬᠢᠯ᠎ᠤᠨ ᠲᠦᠰᠢᠭ᠂ ᠠᠮᠢᠳᠤᠷᠠᠯᠤᠨᠬᠢᠨᠢ ᠨᠢᠷᠤᠭᠤ ᠶᠤᠮ᠃ ᠨᠤᠳᠤᠭ ᠤᠰᠤᠨ ᠵᠶ᠋ᠡᠨ ᠠᠮᠢᠨᠴᠢᠯᠠᠨ ᠬᠠᠢ᠌ᠷᠠᠯᠠᠬᠤ᠎ᠪᠠᠨ ᠠᠵᠢᠯᠯᠠᠭ᠎ᠠ᠎ᠪᠠᠷ ᠵᠶ᠋ᠡᠨ ᠢᠯᠡᠷᠭᠡᠢ᠌ᠯᠡᠬᠦ᠎ᠨᠢ ᠵᠤᠬᠢᠰᠲᠠᠢ ᠶᠤᠮ᠃ ᠬᠦᠮᠦᠨ ᠲᠦᠷᠦᠯᠬᠢᠲᠠᠨ᠎ᠨᠢ ᠭᠠᠭᠴᠠᠬᠠᠨ ᠪᠦᠮᠪᠦᠷᠴᠡᠭ᠎ᠲᠠᠢ᠃ ᠪᠦᠮᠪᠤᠷᠴᠡᠭ ᠲᠠᠯᠠᠭᠡᠢ᠎ᠪᠠᠨ ᠬᠢᠮᠠᠭ᠋ᠠᠲᠠᠨ ᠬᠠᠢ᠌ᠷᠠᠯᠠᠨ᠎ᠠ ᠭᠡᠲᠡᠭ᠎ᠨᠢ ᠨᠤᠳᠤᠭ ᠤᠰᠤᠨ ᠵᠶ᠋ᠡᠨ ᠬᠠᠢ᠌ᠷᠠᠯᠠᠨ ᠨᠠᠨᠳᠢᠩᠨᠠᠬᠤ᠎ᠠᠴᠠ ᠯᠡ ᠡᠬᠢᠯᠡᠲᠡᠭ ᠬᠡᠮᠡᠨ ᠪᠢ ᠪᠤᠳᠤᠲᠠᠭ᠃
—— ᠰᠦᠭᠡ
1949 ᠤᠨ᠎ᠤ 1 ᠰᠠᠷ᠎ᠠ ᠵᠢᠨ 1᠎ᠤ ᠡᠳᠤᠷ᠂ ᠠᠯᠠᠱᠨ ᠨᠤᠳᠤᠭ᠎ᠤᠨ ᠮᠠᠯᠴᠢᠨ ᠠᠢ᠌ᠯ᠎ᠤᠨ ᠦᠷ᠎ᠠ ᠪᠤᠯᠤᠨ ᠵᠠᠶᠠᠭ᠋ᠠᠵᠠᠢ᠃ ᠠᠪᠤ ᠵᠢᠨ ᠬᠢᠨᠢ ᠠᠯᠲᠠᠷ᠎ᠢ ᠲᠤᠷᠵᠢ ᠭᠡᠲᠡᠭ᠂ ᠡᠵᠢ ᠵᠢᠨ ᠬᠢᠨᠢ ᠠᠯᠲᠠᠷ᠎ᠢ ᠯᠾᠮᠤ ᠭᠡᠲᠡᠭ᠃ ᠲᠡᠭᠡᠷ᠎ᠡ ᠵᠠᠭᠤᠨ᠎ᠤ ᠲᠦᠴᠢᠭᠡᠳ ᠤᠨ᠎ᠤ ᠰᠡᠬᠦᠯᠴᠢ ᠵᠢᠨ ᠨᠢᠭᠡ ᠤᠲᠠᠭ᠋ᠠᠨ᠎ᠤ ᠨᠡᠬᠦᠲᠡᠯ ᠠᠶᠠᠨ᠎ᠠᠴᠠ ᠰᠡᠬᠦᠯ᠎ᠳᠤ᠂ ᠠᠪᠤ ᠵᠢᠨ ᠵᠶ᠋ᠡᠨ ᠪᠠᠷ᠎ᠠ ᠵᠢ᠎ᠨᠢ ᠰᠦᠭᠡ ᠲᠠᠬᠢᠵᠤ ᠤᠯᠵᠤ ᠬᠠᠷᠠᠭ᠎ᠠ ᠦᠭᠡᠢ ᠭᠡᠲᠡᠭ ᠁ ᠰᠦᠭᠡ᠎ᠳᠤ ᠠᠮᠢ ᠨᠢᠭᠡᠲᠡᠢ ᠨᠢᠭᠡ ᠡᠭᠡᠴᠢ᠎ᠲᠠᠢ᠃ ᠡᠵᠢ᠎ᠨᠢ ᠠᠵᠢᠯᠴᠢ ᠬᠤᠶᠠᠷ ᠭᠠᠷ᠎ᠲᠠᠭᠠᠨ ᠲᠦᠰᠢᠵᠤ ᠬᠤᠶᠠᠷ ᠦᠷ᠎ᠡ᠎ᠪᠠᠨ ᠬᠦᠮᠦᠨ᠎ᠤ ᠲᠠᠢ᠌᠎ᠲᠠᠢ ᠦᠰᠭᠡᠭᠰᠡᠨ ᠭᠡᠲᠡᠭ᠃
ᠡᠵᠢ᠎ᠨᠢ ᠮᠤᠩᠭᠤᠯ ᠰᠢᠲᠠᠷ᠎ᠠ ᠵᠢ ᠰᠠᠢ᠌ᠬᠠᠨ ᠴᠤ᠌ ᠰᠡᠢ᠌ᠯᠲᠡᠭ᠃ ᠲᠠᠪᠤᠨ ᠬᠤᠰᠢᠭᠤ ᠮᠠᠯ ᠵᠶ᠋ᠡᠨ ᠴᠤ᠌ ᠰᠠᠢ᠌ᠬᠠᠨ ᠰᠡᠢ᠌ᠯᠲᠡᠭ᠂ ᠠᠷᠠᠰᠤ ᠤᠳᠤᠵᠤ ᠡᠯᠲᠡᠨ᠂ ᠲᠡᠪᠡᠯ ᠬᠤᠪᠴᠠᠰᠤ ᠵᠢ ᠶᠠᠩᠵᠤ᠎ᠲᠠᠢ ᠰᠠᠢ᠌ᠬᠠᠨ ᠤᠶᠤᠲᠠᠭ᠃ ᠲᠡᠷᠨ ᠭᠠᠷᠤᠨ ᠤᠷ᠎ᠠ᠎ᠳᠠᠭᠠᠨ ᠲᠦᠰᠢᠵᠤ ᠬᠤᠭᠤᠯᠨ ᠬᠤᠰᠢ᠂ ᠬᠤᠪᠴᠠᠰᠤ ᠡᠳ᠋ᠯᠡᠯ ᠵᠶ᠋ᠡᠨ ᠰᠤᠯᠢᠵᠤ ᠢᠷᠡᠲᠡᠭ ᠪᠠᠢ᠌ᠵᠠᠢ᠃
ᠲᠡᠭᠡᠷ᠎ᠡ ᠵᠠᠭᠤᠨ᠎ᠤ ᠲᠠᠪᠢᠭ᠋ᠠᠳ ᠤᠨ᠎ᠤ ᠦᠶ᠎ᠡ᠎ᠳᠤ ᠠᠯᠠᠱᠨ ᠨᠤᠳᠤᠭ᠎ᠲᠤ 《 ᠰᠤᠶᠤᠯ᠎ᠤᠨ ᠪᠠᠯᠠᠢ ᠵᠢ ᠠᠷᠢᠯᠭ᠋ᠠᠬᠤ》 ᠠᠵᠢᠯᠯᠠᠭ᠋ᠠᠨ ᠦᠷᠨᠢᠵᠤ ᠡᠬᠢᠯᠡᠭᠰᠡᠨ ᠶᠤᠮ᠃ ᠰᠦᠭᠡ ᠴᠤ᠌ ᠡᠵᠢ᠎ᠪᠠᠨ ᠲᠠᠭ᠋ᠠᠭ᠋ᠠᠳ ᠰᠤᠷᠴᠤ ᠡᠬᠢᠯᠡᠪᠠ᠃ ᠡᠬᠡ ᠬᠦᠤ ᠬᠤᠶᠠᠭᠤᠯᠨ᠎ᠪᠠᠨ ᠰᠦᠨᠢ ᠪᠤᠯᠤᠮᠠᠭᠴᠨ᠎ᠪᠠᠨ ᠲᠤᠯᠭ᠋ᠠᠨ ᠭᠠᠯ᠎ᠤᠨ ᠭᠡᠷᠡᠯ ᠪᠠᠷᠠᠭ᠋ᠠᠲᠠᠵᠤ ᠦᠰᠦᠭ ᠴᠡᠭᠡᠵᠢᠯᠡᠲᠡᠭ ᠪᠠᠢ᠌ᠯ᠎ᠠ᠃ 11 ᠨᠠᠰᠤ ᠬᠦᠷᠦᠭᠡᠳ ᠰᠦᠭᠡ ᠰᠤᠷᠭ᠋ᠠᠭᠤᠯᠢ ᠵᠢᠨ ᠪᠤᠱ᠌ᠤᠭ᠎ᠠ ᠵᠢ ᠠᠯᠬᠤᠵᠠᠢ᠃ ᠲᠡᠷᠨ ᠤᠢ ᠰᠠᠢ᠌ᠲᠠᠢ ᠬᠡᠤᠭᠡᠳ ᠪᠠᠢ᠌ᠭᠰᠠᠨ ᠪᠤᠯᠬᠤᠷ᠎ᠨᠢ᠂ ᠨᠢᠭᠡᠳᠤᠭᠡᠷ ᠠᠩᠬᠢ᠎ᠳᠤ ᠲᠦᠩᠭᠡᠵᠢ ᠭᠡᠳᠤᠨ ᠡᠳᠤᠷ ᠰᠠᠭᠤᠲᠠᠯ᠎ᠠ ᠂ ᠪᠠᠭᠰᠢ ᠨᠠᠷ᠎ᠨᠢ ᠵᠦᠪᠲᠡᠵᠤ ᠪᠠᠢ᠌ᠭ᠋ᠠᠳ ᠬᠤᠶᠠᠳᠤᠭ᠋ᠠᠷ ᠠᠩᠬᠢ᠎ᠳᠤ ᠤᠷᠤᠭᠤᠯᠴᠢᠬᠠᠪᠠ᠃ ᠪᠠᠭᠰᠢ ᠵᠢᠨ ᠵᠢᠭ᠋ᠠᠭᠰᠠᠨᠢᠨᠢ ᠪᠠᠷᠢᠨ ᠲᠤᠤᠷ᠎ᠠ᠎ᠨᠢ ᠴᠡᠭᠡᠵᠢᠯᠡᠴᠢᠭᠡᠲᠡᠭ ᠲᠤᠯᠨ᠂ ᠲᠠᠬᠢᠭ᠋ᠠᠳ ᠰᠢᠭᠤᠳ ᠯᠡ ᠭᠤᠷᠪᠠᠳᠤᠭ᠋ᠠᠷ ᠠᠩᠬᠢ᠎ᠳᠤ ᠬᠦᠷᠭᠡᠵᠡᠢ᠃ ᠲᠠᠷᠠᠭ᠎ᠠ᠎ᠨᠢ ᠲᠦᠷᠪᠡᠳᠤᠭᠡᠷ ᠠᠩᠬᠢ᠎ᠳᠤ ᠰᠤᠷᠤᠯ ᠦᠭᠡᠢ᠎ᠪᠠᠷ ᠲᠠᠪᠤᠳᠤᠭ᠋ᠠᠷ ᠠᠩᠬᠢ᠎ᠳᠤ ᠲᠠᠪᠰᠢᠵᠠᠢ᠃ ᠲᠤᠮᠲᠠᠳᠤ ᠰᠤᠷᠭ᠋ᠠᠭᠤᠯᠢ᠎ᠪᠠᠨ ᠲᠡᠬᠦᠰᠬᠦ ᠵᠢᠯ᠎ᠳᠤ᠂ ᠡᠵᠢ᠎ᠨᠢ ᠡᠪᠡᠳᠦᠭᠰᠡᠨ᠎ᠠᠴᠠ ᠪᠤᠯᠵᠤ᠂ ᠰᠦᠭᠡ ᠰᠤᠷᠭ᠋ᠠᠭᠤᠯᠢ᠎ᠪᠠᠨ ᠵᠤᠭᠰᠤᠭᠰᠠᠨ ᠶᠤᠮ᠃ ᠰᠦᠭᠡ ᠪᠠᠶ᠎ᠠ ᠲᠠᠭ᠋ᠠᠷᠤᠤᠬᠠᠨ ᠡᠵᠢ᠎ᠪᠠᠨ ᠠᠰᠠᠷᠠᠵᠤ ᠪᠠᠢ᠌ᠲᠠᠯ᠎ᠠ᠎ᠨᠢ ᠪᠠᠭᠰᠢ ᠨᠡᠷ᠎ᠨᠢ ᠲᠡᠬᠦᠨ᠎ᠢ ᠲᠠᠭᠤᠲᠠᠭᠤᠯᠵᠠᠢ᠃ ᠪᠠᠭᠰᠢ ᠨᠡᠷ᠎ᠨᠢ ᠲᠡᠬᠦᠨ᠎ᠤ ᠤᠢ ᠪᠢᠯᠢᠭ᠎ᠢ ᠬᠠᠢ᠌ᠷᠠᠯᠠᠵᠤ᠂ ᠦᠷᠬᠦᠯᠵᠢᠯᠡᠨ ᠰᠤᠷᠤᠯᠴᠠᠭᠤᠯᠬᠤ ᠬᠡᠮᠡᠨ ᠴᠢᠷᠮᠠᠢ᠌ᠭᠰᠠᠨ᠎ᠨᠢ ᠡᠨᠡ ᠪᠠᠢ᠌ᠵᠠᠢ᠃ ᠲᠡᠲᠡ ᠰᠦᠭᠡ᠎ᠳᠤ ᠰᠠᠷ᠎ᠠ ᠭᠠᠷᠤᠢ ᠬᠢᠴᠢᠶᠡᠯ ᠨᠦᠬᠦᠵᠤ ᠪᠠᠢ᠌ᠮᠠᠨ᠂ ᠠᠩᠬ᠎ᠠ ᠲᠤᠮᠲᠠᠳᠤ ᠵᠢ᠎ᠨᠢ ᠠᠮᠵᠢᠯᠲᠠ᠎ᠲᠠᠢ ᠲᠡᠬᠦᠰᠭᠡᠪᠠ᠃ ᠰᠦᠭᠡ ᠪᠠᠭᠰᠢ ᠵᠢᠨ ᠶᠡᠭᠡ ᠰᠤᠷᠭ᠋ᠠᠭᠤᠯᠢ ᠵᠢᠨ ᠬᠠᠷᠢᠶᠠᠳᠤ ᠲᠤᠮᠲᠠᠳᠤ ᠰᠤᠷᠭ᠋ᠠᠭᠤᠯᠢ᠎ᠳᠤ ᠰᠢᠯᠭ᠋ᠠᠨ ᠤᠷᠤᠯ᠎ᠠ ᠴᠤ᠌᠂ ᠠᠵᠢᠯ ᠮᠤᠳᠤᠨ᠎ᠳᠠᠭᠠᠨ ᠡᠬᠦᠷᠲᠡᠵᠤ ᠶᠠᠪᠤᠭ᠎ᠠ ᠡᠵᠢ ᠪᠠ ᠡᠭᠡᠴᠢ᠎ᠳᠡᠭᠡᠨ ᠰᠠᠨᠠᠭ᠎ᠠ ᠠᠯᠭ᠋ᠠᠰᠤᠨ ᠪᠠᠢ᠌ᠭᠰᠠᠭ᠋ᠠᠷ᠂ ᠨᠤᠳᠤᠭ᠎ᠲᠠᠭᠠᠨ ᠪᠤᠴᠠᠨ ᠢᠷᠠᠵᠤ᠂ ᠠᠢ᠌ᠯ᠎ᠤᠨ ᠰᠤᠷᠭ᠋ᠠᠭᠤᠯᠢ᠎ᠳᠠᠭᠠᠨ ᠪᠠᠭᠰᠢᠯᠠᠵᠠᠢ᠃ ᠰᠤᠮᠤ ᠵᠢᠨ ᠱᠦᠵᠢ ᠰᠸᠷᠠᠩᠵᠠᠢ ᠵᠢᠨ ᠦᠢ᠍ᠯᠨ ᠠᠵᠢᠯᠯᠠᠭ᠎ᠠ ᠵᠢ ᠰᠤᠷᠪᠤᠯᠵᠢᠯᠠᠨ ᠪᠢᠴᠢᠭᠰᠡᠨ ᠰᠦᠭᠡ ᠵᠢᠨ ᠵᠤᠬᠢᠶᠠᠯ᠎ᠢ᠎ᠨᠢ ᠤᠢ᠌ᠷ᠎ᠠ ᠬᠠᠪᠢ ᠵᠢᠨ ᠲᠠᠷᠤᠭ᠎ᠠ ᠨᠡᠷ᠎ᠨᠢ ᠪᠠᠬᠠᠷᠴᠤ ᠲᠤᠭᠤᠭ᠋ᠠᠳ᠂ ᠲᠡᠬᠦᠨ᠎ᠢ ᠵᠢᠭᠡᠯᠡᠯᠭᠡ ᠵᠢᠨ ᠺᠠᠳ᠋ᠷ ᠵᠶ᠋ᠡᠷ ᠡᠯᠰᠡᠪᠠ᠃ ᠬᠤᠵᠢᠮ᠎ᠨᠢ ᠰᠦᠭᠡ ᠭᠠᠴᠠᠭ᠋ᠠᠨ᠎ᠤ᠎ᠪᠠᠨ ᠺᠠᠳ᠋ᠷ ᠵᠶ᠋ᠡᠷ ᠠᠵᠢᠯᠯᠠᠵᠤ᠂ ᠲᠠᠷᠠᠭ᠎ᠠ᠎ᠨᠢ ᠰᠤᠪᠠᠨᠠᠭᠤᠷ ᠰᠤᠮᠤ ᠵᠢᠨ ᠨᠠᠮ᠎ᠤᠨ ᠬᠤᠷᠢᠶᠠᠨ᠎ᠤ ᠲᠡᠳ᠋ ᠱᠦᠵᠢ᠂ ᠡᠵᠡᠨ᠎ᠠ ᠬᠤᠰᠢᠭᠤᠨ᠎ᠤ ᠨᠠᠮ᠎ᠤᠨ ᠬᠤᠷᠢᠶᠠᠨ᠎ᠤ ᠲᠡᠳ᠋ ᠱᠦᠵᠢ᠂ ᠡᠵᠡᠨ᠎ᠡ ᠬᠤᠰᠢᠭᠤ ᠵᠢᠨ ᠬᠤᠰᠢᠭᠤ ᠲᠠᠷᠤᠭ᠎ᠠ᠂ ᠡᠵᠡᠨ᠎ᠡ ᠬᠤᠰᠢᠭᠤ ᠵᠢᠨ ᠨᠠᠮ᠎ᠤᠨ ᠬᠤᠷᠢᠶ᠎ᠠ ᠵᠢᠨ ᠱᠦᠵᠢ᠂ ᠠᠯᠠᠱᠨ ᠠᠢ᠌ᠮᠠᠭ᠎ᠤᠨ ᠰᠠᠬᠢᠯᠭ᠎ᠠ ᠪᠠᠳᠤ ᠵᠢ ᠪᠠᠢ᠌ᠴᠠᠭ᠋ᠠᠬᠤ ᠬᠤᠷᠢᠶᠠᠨ᠎ᠤ ᠱᠦᠵᠢ᠂ ᠠᠯᠠᠱᠨ ᠠᠢ᠌ᠮᠠᠭ᠎ᠤᠨ ᠲᠡᠳ᠋ ᠠᠢ᠌ᠮᠠᠭ᠎ᠤᠨ ᠲᠠᠷᠤᠭ᠎ᠠ᠂ ᠠᠯᠠᠱᠨ ᠠᠢ᠌ᠮᠠᠭ᠎ᠤᠨ ᠤᠯᠤᠰ ᠲᠦᠷᠦ ᠵᠢᠨ ᠵᠦᠪᠯᠡᠯᠭᠡᠨ᠎ᠤ ᠲᠡᠷᠢᠬᠦᠯᠡᠭᠴᠢ ᠵᠢᠨ ᠲᠤᠰᠢᠶᠠᠯ ᠵᠡᠷᠭᠡ ᠵᠢ ᠬᠠᠷᠢᠭᠤᠴᠠᠵᠤ ᠦᠩᠭᠡᠷᠡᠭᠰᠡᠨ ᠪᠢᠯᠨ᠃ 2004 ᠤᠨ᠎ᠳᠤ᠂ ᠰᠦᠭᠡ ᠨᠦᠬᠦᠷ ᠡᠷᠬᠦᠲᠡᠯ ᠲᠡᠪᠰᠢᠬᠦᠯᠵᠤ ᠪᠠᠢ᠌ᠮᠠᠨ ᠠᠯᠠᠱᠨ ᠠᠢ᠌ᠮᠠᠭ᠎ᠤᠨ ᠤᠯᠤᠰ ᠲᠦᠷᠦ ᠵᠢᠨ ᠵᠦᠪᠯᠡᠯᠭᠡᠨ᠎ᠤ ᠲᠡᠷᠢᠬᠦᠯᠡᠭᠴᠢ ᠵᠢᠨ ᠲᠤᠰᠢᠶᠠᠯ᠎ᠠᠴᠠ᠎ᠪᠠᠨ ᠤᠷᠢᠳᠴᠢᠯᠠᠨ ᠪᠠᠭᠤᠭ᠋ᠠᠳ᠂ ᠤᠭ ᠨᠤᠳᠤᠭ᠎ᠲᠠᠭᠠᠨ ᠪᠤᠴᠠᠭ᠋ᠠᠳ᠂ ᠮᠤᠳᠤ ᠲᠠᠷᠢᠵᠤ ᠡᠯᠡᠰᠤ᠎ᠪᠠᠨ ᠨᠤᠭᠤᠭ᠋ᠠᠷᠠᠭᠤᠯᠬᠤ ᠠᠵᠢᠯ ᠵᠶ᠋ᠡᠨ ᠡᠬᠢᠯᠡᠬᠦᠯᠦᠭᠰᠡᠨ ᠶᠤᠮ᠃
ᠤᠭ᠌ᠶᠤᠨ ᠨᠤᠭᠤᠭ᠋ᠠᠨ ᠤᠷᠢᠶ᠎ᠠ ᠲᠠᠭᠤᠲᠠᠯᠭ᠎ᠠ
ᠲᠡᠭᠡᠷ᠎ᠡ ᠵᠠᠭᠤᠨ᠎ᠤ ᠨᠠᠶᠠᠭ᠋ᠠᠳ ᠤᠨ᠎ᠤ ᠦᠶ᠎ᠡ᠎ᠳᠤ᠂ ᠡᠵᠡᠨ᠎ᠡ ᠬᠤᠰᠢᠭᠤᠨ᠎ᠠ ᠤᠰᠤ ᠶᠡᠭᠡᠪᠡᠷ ᠲᠤᠲᠠᠭᠲᠠᠵᠤ᠂ ᠤᠯᠠᠭ᠋ᠠᠨ ᠪᠤᠷᠭ᠋ᠠᠰᠤ᠂ ᠬᠤᠯᠤᠰᠤ᠎ᠨᠢ ᠬᠠᠲᠠᠵᠤ ᠬᠤᠷᠪᠤᠢ᠌ᠭ᠋ᠠᠳ᠂ ᠨᠠᠭᠤᠷ ᠪᠤᠯᠠᠭ᠎ᠨᠢ ᠴᠤ᠌ ᠰᠢᠷᠬᠢᠬᠦ ᠰᠢᠬᠠᠭᠰᠠᠨ ᠪᠠᠢ᠌ᠪᠠ᠃ ᠶᠠᠭ ᠲᠡᠷᠨ ᠦᠶ᠎ᠡ᠎ᠳᠤ ᠠᠯᠠᠱᠨ ᠠᠢ᠌ᠮᠠᠭ᠎ᠲᠤ ᠠᠵᠢᠯᠯᠠᠵᠤ ᠪᠠᠢ᠌ᠭᠰᠠᠨ ᠰᠦᠭᠡ ᠨᠦᠬᠦᠷ᠂ ᠤᠯᠤᠰ᠎ᠤᠨ ᠴᠢᠯᠠᠭᠤᠨ ᠲᠤᠰᠤᠨ᠎ᠤ ᠠᠵᠤ ᠦᠢ᠍ᠯᠡᠳᠪᠤᠷᠢ ᠵᠢᠨ ᠨᠢᠭᠡᠨ ᠤᠳᠤᠷᠢᠳᠤᠯᠭ᠎ᠠ ᠵᠢ ᠲᠠᠭ᠋ᠠᠭᠤᠯᠤᠨ᠂ ᠬᠠᠷ᠎ᠠ ᠬᠤᠲᠠ᠎ᠪᠠᠷ ᠬᠦᠷᠬᠦ ᠬᠡᠮᠡᠨ ᠲᠦᠯᠦᠪᠯᠡᠭᠰᠡᠨ ᠪᠠᠢ᠌ᠵᠠᠢ᠃ ᠵᠠᠮ᠎ᠤᠨ ᠲᠤᠮᠲᠠ ᠲᠡᠷᠭᠡ᠎ᠨᠢ ᠲᠤᠷᠴᠤ᠂ ᠲᠠᠲᠠ ᠨᠡᠷ᠎ᠤᠨ ᠠᠷᠭ᠎ᠠ ᠵᠢ ᠪᠠᠷᠠᠭᠲᠠᠭᠤᠯᠤᠭᠰᠠᠨ ᠭᠡᠲᠡᠭ᠃ ᠬᠠᠷ᠎ᠠ ᠬᠤᠲᠠ ᠵᠢᠨ ᠤᠢ᠌ᠷ᠎ᠠ ᠲᠤᠭᠤᠷᠢᠮ᠎ᠨᠢ ᠴᠤ᠌ ᠪᠠᠰᠨ ᠡᠯᠡᠰᠤᠨ᠎ᠳᠤ ᠲᠠᠷᠤᠭᠲᠠᠬᠤ ᠰᠢᠬᠠᠭᠰᠠᠨ᠎ᠨᠢ ᠰᠦᠭᠡ᠎ᠳᠤ ᠲᠤᠳᠤ᠎ᠠᠴᠠ ᠲᠤᠳᠤ ᠬᠠᠷᠠᠭᠲᠠᠵᠠᠢ᠃ ᠡᠲᠡᠭᠡᠷ ᠪᠦᠬᠦᠨ᠎ᠢ ᠰᠦᠭᠡ ᠬᠠᠷᠠᠭ᠋ᠠᠳ᠂ ᠲᠤᠳᠤᠷ᠎ᠠ᠎ᠨᠢ ᠨᠤᠳᠤᠭ ᠤᠰᠤ᠎ᠪᠠᠨ ᠵᠠᠰᠠᠬᠤ ᠰᠡᠨ ᠭᠡᠰᠡᠨ ᠨᠢᠭᠡᠨ ᠰᠠᠨᠠᠭ᠎ᠠ ᠲᠦᠷᠦᠭᠲᠡᠭᠰᠡᠨ ᠭᠡᠲᠡᠭ᠃
ᠨᠠᠷᠠ ᠠᠯᠲᠠᠷ ᠮᠠᠨᠳᠤᠭᠰᠠᠨ ᠬᠠᠷ᠎ᠠ ᠬᠤᠲᠠ᠎ᠨᠢ ᠪᠠ᠎ᠲᠠᠢ ᠵᠢᠨ ᠵᠢᠷᠠᠨ᠎ᠤ ᠡᠯᠡᠰᠤᠨ᠎ᠤ ᠵᠠᠬ᠎ᠠ ᠬᠦᠪᠡᠭᠡᠨ᠎ᠡ ᠪᠠᠢ᠌ᠷᠢᠰᠢᠵᠤ᠂ ᠡᠵᠡᠨ᠎ᠡ ᠬᠤᠰᠢᠭᠤᠨ᠎ᠤ ᠲᠡᠯᠠᠢ᠌ᠬᠦᠪ ᠪᠠᠯᠭ᠋ᠠᠰᠤᠨ᠎ᠠᠴᠠ 72 ᠭᠠᠵᠠᠷ ᠵᠠᠢ᠌ᠲᠠᠢ ᠶᠤᠮ᠃ ᠪᠠᠷᠠᠭᠤᠨ ᠰᠢᠶᠨ ᠬᠦᠷᠤᠨ᠎ᠤ ᠬᠤᠳᠠᠯᠳᠤᠭ᠋ᠠᠨ᠎ᠤ ᠲᠦᠪ᠂ ᠶᠤᠸᠠᠨ ᠬᠦᠷᠤᠨ᠎ᠤ ᠴᠡᠷᠢᠭ ᠲᠠᠢ᠌ᠨ᠎ᠤ ᠰᠠᠭᠤᠷᠢᠨ ᠭᠠᠵᠠᠷ ᠪᠠᠢ᠌ᠭᠰᠠᠨ ᠭᠡᠲᠡᠭ᠃ ᠬᠠᠷ᠎ᠠ ᠬᠤᠲᠠ᠎ᠨᠢ ᠵᠢᠤᠢ ᠶᠠᠨ᠎ᠤ ᠨᠤᠭᠤᠭ᠋ᠠᠨ ᠪᠦᠷᠢ᠎ᠳᠤ ᠬᠡᠮᠡᠨ ᠲᠡᠤᠭᠡᠨ ᠪᠢᠴᠢᠭ᠎ᠲᠤ ᠪᠢᠴᠢᠭᠡᠰᠦᠲᠡᠢ ᠪᠠᠢ᠌ᠲᠠᠭ᠃ ᠲᠡᠷᠨ ᠦᠶ᠎ᠡ᠎ᠳᠡᠭᠡᠨ ᠲᠠᠩᠰᠤᠭ ᠪᠠᠢ᠌ᠭ᠋ᠠᠯᠢ᠎ᠲᠠᠢ ᠪᠠᠢ᠌ᠵᠤ᠂ ᠲᠠᠷᠢᠶᠠᠯᠠᠩ᠎ᠤᠨ ᠦᠢ᠍ᠯᠡᠰ᠎ᠨᠢ ᠴᠤ᠌ ᠦᠷᠨᠢᠬᠦᠨ ᠬᠦᠭᠵᠢᠯᠲᠠ᠎ᠲᠠᠢ ᠪᠠᠢ᠌ᠯ᠎ᠠ ᠭᠡᠲᠡᠭ᠃ ᠬᠠᠷ᠎ᠠ ᠬᠤᠲᠠ᠎ᠨᠢ ᠶᠡᠭᠡ ᠲᠤᠷᠭ᠋ᠠᠨ᠎ᠤ ᠵᠠᠮ᠎ᠤᠨ ᠴᠢᠬᠤᠯᠨ ᠪᠤᠭᠤᠮᠲᠠ ᠪᠠᠢ᠌ᠭᠰᠠᠨ᠂ ᠬᠠᠷ᠎ᠠ ᠬᠤᠲᠠ᠎ᠨᠢ ᠯᠢᠶᠤᠤ ᠬᠦᠷᠤᠨ᠂ ᠰᠦᠩ ᠬᠦᠷᠤᠨ᠂ ᠰᠢᠶᠨ ᠬᠦᠷᠤᠨ᠂ ᠠᠯᠲᠠᠨ ᠤᠯᠤᠰ᠎ᠤᠨ ᠦᠶ᠎ᠡ ᠵᠢᠨ ᠨᠠᠨᠳᠢᠨ ᠦᠪ᠎ᠢ ᠶᠡᠭᠡᠭᠡᠨ ᠨᠢᠭᠤᠴᠠᠯᠠᠭᠰᠠᠭ᠋ᠠᠷ ᠪᠠᠢ᠌ᠭ᠎ᠠ ᠠᠵᠢ ᠃
ᠲᠡᠤᠭᠡ ᠵᠢᠨ ᠠᠯᠲᠠᠨ ᠤᠷᠤᠮ᠎ᠤᠨ ᠲᠡᠮᠲᠡᠭ ᠪᠤᠯᠤᠭᠰᠠᠨ ᠬᠠᠷ᠎ᠠ ᠬᠤᠲᠠ᠎ᠨᠢ ᠲᠠᠢ᠌ᠨ ᠲᠤᠯᠤᠯᠳᠤᠭ᠋ᠠᠨᠤ ᠲᠠᠮᠤᠷ ᠲᠤᠭᠤᠷᠠᠢ᠎ᠳᠤ ᠲᠠᠯᠬᠢᠭᠲᠠᠨ᠂ ᠴᠠᠭ ᠠᠭ᠋ᠠᠷ᠎ᠤᠨ ᠬᠡᠨᠡᠳᠲᠡ ᠵᠢᠨ ᠬᠤᠪᠢᠰᠤᠯ ᠢ ᠠᠮᠰᠠᠨ᠂ ᠬᠦᠨᠳᠤ ᠬᠡᠴᠡᠬᠦᠤ ᠭᠠᠵᠠᠷ ᠬᠠᠭ᠋ᠠᠯᠪᠤᠷᠢᠯᠠᠯᠲᠠ᠎ᠳᠤ ᠲᠠᠭ᠋ᠠᠷᠢᠭᠲᠠᠨ᠂ ᠬᠤᠲᠠ ᠰᠠᠭᠤᠷᠢᠨ᠎ᠨᠢ ᠶᠡᠭᠡᠪᠡᠷ ᠡᠯᠡᠰᠦᠷᠬᠡᠭᠵᠢᠵᠤ ᠡᠬᠢᠯᠡᠵᠡᠢ᠃ ᠬᠠᠪᠢ ᠲᠦᠰᠦᠷ᠎ᠤᠨ ᠬᠢᠨᠢ ᠮᠠᠯᠴᠢᠳ᠎ᠨᠢ᠄ 《ᠮᠡᠨ᠎ᠤ ᠬᠠᠷ᠎ᠠ ᠬᠤᠲᠠ ᠵᠢᠨ ᠬᠦᠷᠦᠰᠤ ᠰᠢᠷᠤᠢ ᠴᠢᠨᠢ ᠴᠢᠯᠠᠭᠤ ᠪᠤᠯᠬᠤ᠎ᠳᠠᠭᠠᠨ ᠲᠦᠬᠦᠴᠢᠭᠡᠯᠡ》 ᠬᠡᠮᠡᠨ ᠬᠡᠯᠡᠯᠴᠡᠲᠡᠭ ᠪᠤᠯᠵᠠᠢ᠃ ᠶᠠᠫᠤᠨᠴᠤᠳ ᠪᠠᠰᠨ ᠡᠯᠡᠰᠣ ᠵᠢ ᠨᠤᠭᠤᠭ᠋ᠠᠷᠠᠭᠤᠯᠬᠤ ᠲᠦᠰᠦᠪ ᠵᠶ᠋ᠡᠨ ᠦᠷᠬᠦᠯᠵᠢᠯᠡᠬᠦᠯᠬᠦ ᠬᠡᠮᠡᠨ ᠬᠠᠷ᠎ᠠ ᠬᠤᠲᠠᠨ᠎ᠠ ᠬᠦᠷᠦᠯᠴᠠᠨ ᠢᠷᠡᠭᠰᠡᠨ ᠶᠤᠮ᠃ ᠬᠠᠲᠠᠭᠤ ᠬᠠᠬᠢᠷ ᠴᠠᠭ ᠠᠭ᠋ᠠᠷ᠎ᠲᠤ᠎ᠨᠢ ᠲᠠᠰᠴᠤ ᠴᠢᠲᠠᠯ ᠦᠭᠡᠢ᠎ᠪᠠᠷ ᠬᠤᠶᠠᠷ ᠵᠢᠯ ᠪᠤᠯᠤᠮᠠᠭᠴᠨ ᠤᠯᠤᠰ᠎ᠲᠠᠭᠠᠨ ᠪᠤᠴᠠᠴᠢᠬᠠᠭᠰᠠᠨ ᠪᠢᠯᠨ᠃ ᠨᠢᠭᠡᠨ ᠶᠠᠫᠤᠨ ᠵᠠᠯᠠᠭᠤ᠄ 《ᠬᠠᠷ᠎ᠠ ᠬᠤᠲᠠ ᠵᠢᠨ ᠡᠯᠡᠰᠤ ᠰᠢᠭᠤᠷᠭᠠᠨ᠎ᠢ ᠲᠡᠩᠲᠡᠬᠦᠤ ᠬᠡᠴᠡᠬᠦᠤ᠂ ᠮᠤᠳᠤ ᠲᠠᠷᠢᠬᠤ ᠪᠤᠯᠤᠮᠵᠢ ᠲᠠᠩᠴᠢ ᠠᠯᠠᠭ᠎ᠠ ᠡ》 ᠬᠡᠮᠡᠨ ᠠᠷᠭ᠎ᠠ ᠪᠠᠷᠠᠭᠲᠠᠨ ᠬᠡᠯᠡᠭᠰᠡᠨ ᠭᠡᠲᠡᠭ᠃
ᠡᠢ᠌ᠮᠦᠷᠬᠦᠤ ᠬᠦᠨᠳᠤ ᠭᠡᠴᠡᠬᠦᠤ ᠪᠠᠢ᠌ᠲᠠᠯ᠎ᠢ ᠴᠢᠨᠢ ᠶᠠᠭ᠋ᠠᠬᠢᠵᠤ ᠡᠢ᠌ᠵᠤ ᠪᠠᠢ᠌ᠭ᠋ᠠᠳ ᠴᠤ᠌ ᠭᠡᠰᠡᠨ ᠬᠤᠪᠢᠷᠠᠭᠤᠯᠬᠤ ᠰᠡᠨ ᠬᠡᠮᠡᠨ ᠰᠦᠭᠡ ᠭᠤᠸᠠᠢ ᠰᠢᠳᠤ ᠵᠠᠭᠤᠵᠠᠢ᠃ ᠰᠦᠭᠡ ᠭᠤᠸᠠᠢ ᠢᠩᠬᠢᠵᠤ ᠰᠢᠢ᠍ᠳᠤᠭᠡᠳ᠂ 2004 ᠤᠨ᠎ᠤ ᠡᠬᠢ᠎ᠪᠠᠷ ᠤᠷᠢᠳᠴᠢᠯᠠᠨ ᠠᠵᠢᠯ᠎ᠠᠴᠠ᠎ᠪᠠᠨ ᠠᠮᠠᠷᠠᠬᠤ ᠭᠤᠶᠤᠲᠠᠯᠤᠨ ᠪᠢᠴᠢᠭ ᠵᠶ᠋ᠡᠨ ᠨᠠᠮ᠎ᠤᠨ ᠵᠤᠬᠢᠶᠠᠨ ᠪᠠᠢ᠌ᠭᠤᠯᠤᠯᠲᠠ᠎ᠳᠠᠭᠠᠨ ᠲᠠᠪᠰᠢᠬᠦᠯᠵᠤ᠂ 9 ᠰᠠᠷ᠎ᠠ ᠳᠤᠨᠢ ᠬᠠᠷ᠎ᠠ ᠬᠤᠲᠠᠨ᠎ᠳᠠᠭᠠᠨ ᠰᠠᠭᠤᠷᠢᠰᠢᠬᠤ᠎ᠪᠠᠷ ᠳ᠋ᠡᠯᠭᠡᠲᠠᠢᠪᠠᠨ ᠬᠠᠮᠳᠤ ᠬᠦᠷᠦᠭᠡᠳ ᠤᠴᠢᠪᠠ᠃
ᠳ᠋ᠡᠯᠭᠡ ᠨᠠᠰᠤᠲᠠᠨ᠄ 《ᠡᠪᠤᠭᠡᠨ ᠮᠢᠨᠢ ᠬᠠᠷ᠎ᠠ ᠬᠤᠲᠠ᠎ᠳᠠᠭᠠᠨ ᠶᠠᠪᠤᠨ᠎ᠠ ᠬᠡᠮᠡᠨ ᠰᠢᠭᠤᠳ ᠯᠡ ᠲᠤᠩᠬᠠᠭᠯᠠᠴᠢᠬᠠᠭᠰᠠᠨ ᠳ᠋ᠡ᠃ ᠪᠢ ᠴᠤ᠌ ᠡᠵᠡᠨᠡᠳᠤᠪᠠᠨ ᠡᠯᠢᠭᠡᠲᠠᠢ᠂ ᠶᠡᠭᠡ ᠲᠤᠷᠠᠲᠠᠢ ᠢᠷᠡᠭᠰᠡᠨ ᠡ᠃ ᠬᠠᠷᠢᠨ ᠬᠡᠤᠭᠡᠳ᠎ᠤᠳ ᠵᠶ᠋ᠡᠨ ᠢᠳᠬᠠᠬᠤ ᠬᠡᠮᠡᠨ ᠵᠢᠭ᠋ᠠᠬᠠᠨ ᠴᠠᠭ ᠠᠪᠤᠭᠰᠠᠨ ᠳ᠋ᠡ》 ᠭᠡᠵᠤ ᠪᠠᠢ᠌ᠯ᠎ᠠ᠃
ᠡᠯᠡᠰᠤᠨ ᠨᠦᠮᠦᠷᠢ ᠵᠢᠨ ᠮᠠᠯᠴᠢᠨ ᠠᠢ᠌ᠯ
ᠲᠠᠷᠨ ᠦᠶ᠎ᠡ᠎ᠳᠤ ᠬᠠᠷ᠎ᠠ ᠬᠤᠲᠠ᠎ᠨᠢ ᠪᠤᠷᠤᠭ᠋ᠠᠨ ᠬᠤᠷ᠎ᠠ ᠮᠠᠰᠢ ᠪᠠᠭ᠋ᠠᠲᠠᠢ ᠪᠠᠢ᠌ᠭᠰᠠᠨ ᠡ᠃ ᠵᠢᠯ᠎ᠤᠨ ᠲᠤᠨᠤᠳᠠᠰᠤᠨᠤ ᠬᠡᠮᠵᠢᠶ᠎ᠠ᠎ᠨᠢ ᠭᠡᠳᠤᠭᠡᠨ ᠮᠢᠯᠢᠮᠸᠲᠷ ᠪᠠᠢ᠌ᠵᠤ᠂ ᠠᠭᠤᠷᠰᠢᠯᠲᠠ ᠵᠢᠨ ᠬᠡᠮᠵᠢᠶ᠎ᠡ᠎ᠨᠢ ᠬᠠᠷᠢᠨ 4000 ᠮᠢᠯᠢᠮᠸᠲᠷᠢ ᠲᠠᠪᠠᠵᠤ ᠪᠠᠢ᠌ᠭᠰᠠᠨ ᠶᠤᠮ᠃ ᠬᠠᠷ᠎ᠠ ᠬᠤᠲᠠ ᠵᠢᠨ ᠮᠠᠯᠴᠢᠳ᠄ 《ᠮᠠᠨ᠎ᠤ ᠨᠤᠳᠤᠭ᠎ᠤᠨ ᠪᠤᠷᠤᠭ᠋ᠠᠨ ᠬᠤᠷ᠎ᠠ᠎ᠨᠢ ᠲᠤᠰ᠎ᠤᠨ᠎ᠠᠴᠠ ᠴᠤ᠌ ᠦᠨᠡᠲᠡᠢ ᠵᠦᠢ᠍ᠯ ᠰᠢᠤ᠂ ᠲᠡᠭᠡᠳᠤ ᠲᠡᠭᠷᠢ᠎ᠠᠴᠠ ᠬᠡᠳᠤᠨ ᠠᠷᠪᠠᠨ ᠲᠤᠰᠤᠯ ᠬᠤᠷ᠎ᠠ ᠬᠠᠢ᠌ᠷᠠᠯᠠᠬᠤ᠎ᠨᠢ ᠴᠤ᠌ ᠦᠭᠬᠢᠶᠡᠮᠤᠷ ᠬᠤᠷ᠎ᠠ᠎ᠳᠠᠭᠠᠨ ᠲᠤᠭ᠋ᠠᠴᠢᠭᠲᠠᠴᠢᠬᠠᠨᠠ ᠰᠢᠤ》 ᠬᠡᠮᠡᠨ ᠶᠠᠷᠢᠯᠳᠤᠲᠠᠭ ᠪᠠᠢ᠌ᠪᠠ᠃
ᠬᠠᠷ᠎ᠠ ᠬᠤᠲᠠ ᠵᠢᠨ ᠡᠯᠡᠰᠤᠨ᠎ᠤ ᠦᠩᠭᠡᠨ ᠲᠠᠪᠬᠤᠷᠭ᠎ᠠ ᠵᠢᠨ ᠲᠤᠯᠠᠭ᠋ᠠᠨ᠎ᠤ ᠬᠡᠮᠵᠢᠶ᠎ᠠ᠎ᠨᠢ 60 ᠭ᠋ᠷᠠᠳᠦᠢ᠍ᠰᠢ ᠲᠠᠪᠠᠴᠢᠬᠠᠲᠠᠭ ᠦᠶ᠎ᠡ᠎ᠨᠢ ᠵᠦᠩᠲᠡᠭᠡᠨ ᠪᠠᠢ᠌ᠲᠠᠭ᠃ ᠰᠦᠭᠡ ᠨᠠᠰᠤᠲᠠᠨ ᠬᠦᠭᠰᠢᠨᠲᠠᠢᠪᠠᠨ ᠬᠤᠶᠠᠭᠤᠯᠨ ᠮᠤᠳᠤ᠎ᠪᠠᠨ ᠲᠠᠷᠢᠴᠢᠬᠠᠭ᠋ᠠᠳ᠂ ᠰᠦᠨᠢ᠎ᠨᠢ ᠬᠤᠲᠠ᠎ᠳᠠᠭᠠᠨ ᠪᠤᠴᠠᠵᠤ ᠬᠤᠨᠤᠭᠯᠠᠨᠠ᠃ ᠦᠲᠡ ᠵᠢᠨ ᠬᠤᠭᠤᠯᠨ᠎ᠪᠠᠨ ᠭᠡᠭᠡᠷ᠎ᠡ ᠭᠠᠲᠠᠨ᠎ᠠ ᠡᠪᠯᠡᠬᠦᠯᠴᠢᠭᠡᠲᠡᠭ᠃ ᠭᠡᠬᠦ᠎ᠳᠤ ᠨᠠᠭ᠋ᠠᠰᠢ ᠴᠠᠭ᠋ᠠᠰᠢ ᠵᠠᠮᠨᠠᠬᠤ᠎ᠳᠤ ᠴᠠᠭ ᠶᠡᠭᠡ ᠠᠯᠲᠠᠭᠲᠠᠨᠠ᠃ ᠴᠠᠭ ᠵᠶ᠋ᠡᠨ ᠠᠷᠪᠢᠯᠠᠬᠤ ᠵᠢ ᠰᠠᠨᠠᠵᠤ᠂ ᠬᠤᠲᠠᠨ᠎ᠠᠴᠠ ᠲᠠᠮᠤᠷ ᠬᠢᠴᠡ᠎ᠲᠠᠢ ᠲᠦᠬᠦᠮᠭᠡᠨ ᠭᠡᠷ ᠠᠪᠴᠢᠷᠠᠨ ᠪᠤᠰᠬᠠᠭ᠋ᠠᠳ᠂ ᠵᠤᠤᠬ᠎ᠠ ᠲᠤᠯᠭ᠎ᠠ᠎ᠪᠠᠨ ᠪᠤᠰᠬᠠᠵᠤ᠂ ᠬᠠᠯᠠᠭᠤᠨ ᠴᠠᠢ᠎ᠪᠠᠨ ᠲᠠᠷᠬᠢᠯᠤᠭᠤᠯᠵᠤ ᠡᠬᠢᠯᠡᠵᠡᠢ᠃ ᠬᠦᠴᠤ ᠰᠢᠪᠬᠠᠨ ᠵᠢᠳᠬᠦᠯᠠ ᠴᠤ᠌ ᠭᠡᠰᠡᠨ᠂ ᠲᠠᠷᠠᠭ᠎ᠠ ᠡᠳᠤᠷ᠎ᠨᠢ ᠪᠤᠯᠬᠤᠯᠠᠷ᠂ ᠮᠤᠳᠤᠳ᠎ᠨᠢ ᠪᠠᠰᠠᠯᠨ ᠡᠯᠡᠰᠤᠨ᠎ᠳᠤ ᠲᠠᠷᠤᠭᠲᠠᠴᠢᠬᠠᠭ᠋ᠠᠳ᠂ ᠲᠠᠲᠠ᠎ᠨᠢ ᠰᠢᠨᠠᠯᠭ᠋ᠠᠵᠤ ᠪᠠᠢ᠌ᠯ᠎ᠠ᠃ ᠭᠡᠯᠡ ᠴᠤ᠌ ᠰᠦᠭᠡ ᠭᠤᠸᠠᠢ ᠵᠤᠷᠢᠭ ᠮᠢᠲᠠᠷᠠᠭᠠ ᠦᠭᠡᠢ ᠡ᠃ ᠬᠦᠷᠵᠨ ᠵᠡᠭᠡᠳᠤᠤᠪᠠᠨ ᠢᠷᠯᠡᠨ ᠢᠷᠯᠡᠨ᠂ ᠬᠦᠵᠢᠷᠮᠡᠭᠯᠡᠨ ᠵᠢᠳᠬᠦᠭᠰᠡᠭᠡᠷ ᠪᠠᠢ᠌ᠪᠠ᠃ ᠭᠠᠭᠴᠨ ᠬᠤᠶᠠᠷ ᠴᠢᠬᠢ ᠮᠤᠳᠤ᠎ᠨᠢ ᠡᠲᠡᠭᠡᠷᠡᠵᠤ᠂ ᠨᠢᠯᠬ᠎ᠠ ᠰᠤᠶᠤᠭ᠎ᠠ ᠴᠤᠬᠤᠢ᠌ᠬᠤ ᠵᠢ᠎ᠨᠢ ᠤᠯᠤᠭ᠋ᠠᠳ ᠬᠠᠷᠠᠴᠢᠬᠠᠪᠠᠯ ᠰᠦᠭᠡ ᠭᠤᠸᠠᠢ ᠦᠵᠦᠬᠦᠷ ᠦᠭᠡᠢ ᠪᠠᠶᠠᠷᠯᠠᠲᠠᠭ ᠪᠠᠢ᠌ᠯ᠎ᠠ᠃
ᠰᠦᠭᠡ ᠭᠤᠸᠠᠢ ᠬᠠᠷ᠎ᠠ ᠬᠤᠲᠠ ᠵᠢᠨ ᠬᠤᠢ᠌ᠳᠤ ᠭᠡᠰᠡᠭ ᠵᠶ᠋ᠡᠷ᠎ᠨᠢ ᠲᠠᠮᠤᠷ ᠲᠤᠤᠷ ᠲᠠᠲᠠᠭ᠋ᠠᠳ ᠠᠪᠤᠯ᠎ᠠ᠃ ᠬᠠᠷ᠎ᠠ ᠬᠤᠲᠠ ᠵᠢᠨ ᠡᠯᠡᠰᠤᠨ ᠮᠤᠬᠤᠷ᠎ᠲᠤ᠎ᠨᠢ ᠭᠤᠷᠪᠠᠨ ᠺᠦᠸᠠᠳ᠋ ᠺᠢᠯᠤᠮᠸᠲᠷ ᠵᠠᠭᠢᠨᠢ ᠬᠦᠷᠢᠶᠡᠯᠡᠭᠡᠳ ᠠᠪᠤᠯ᠎ᠠ᠃ ᠭᠤᠷᠪᠠᠨ ᠲᠦᠮᠡᠨ ᠲᠦᠬᠦᠷᠢᠭ ᠵᠠᠷᠤᠴᠠᠭᠤᠯᠤᠨ ᠪᠠᠢ᠌ᠵᠤ᠂ ᠡᠪᠯᠢᠭᠭᠡᠨ ᠭᠡᠷ ᠰᠠᠭᠤᠴᠨ ᠪᠤᠰᠬᠠᠭ᠋ᠠᠳ ᠠᠪᠤᠯ᠎ᠠ᠃ ᠢᠩᠬᠢᠵᠤ ᠯᠡ ᠡᠯᠡᠰᠤᠨ ᠮᠤᠬᠤᠷ᠎ᠲᠤ ᠮᠠᠯᠴᠢᠨ ᠠᠢ᠌ᠯ᠎ᠤᠨ ᠢᠨᠢᠶᠠᠳᠤ ᠲᠠᠭᠤᠨ ᠴᠤᠤᠷᠢᠶᠠᠯᠠᠵᠤ ᠡᠬᠢᠯᠡᠵᠡᠢ᠃ ᠰᠢᠨᠲᠠᠰᠤ ᠬᠠᠲᠠᠭᠤ᠎ᠲᠠᠢ ᠡᠪᠤᠭᠡᠨ ᠬᠦᠭᠰᠢᠨ ᠬᠤᠶᠠᠭᠤᠯᠨ᠎ᠪᠠᠨ᠂ ᠦᠷᠯᠦᠭᠡ ᠪᠤᠰᠤᠮᠠᠭᠴᠨᠪᠠᠨ ᠡᠬᠦᠲᠡ ᠴᠤᠩᠬᠤ ᠵᠢ᠎ᠨᠢ ᠲᠠᠷᠤᠨ ᠪᠠᠭᠤᠭᠰᠠᠨ ᠡᠯᠡᠰᠤᠨ ᠨᠤᠷ᠎ᠠ ᠵᠢ ᠲᠦᠯᠬᠢᠨ ᠵᠠᠢ᠌ᠯᠠᠭᠤᠯᠤᠨ᠎ᠠ ᠁
ᠰᠦᠭᠡ ᠭᠤᠸᠠᠢ ᠬᠦᠴᠢᠷ ᠪᠦᠬᠦᠨ᠎ᠢ ᠢᠯᠡᠨ᠂ ᠨᠦᠭᠡ ᠮᠠᠯᠲᠠᠨ ᠮᠤᠳᠤ ᠲᠠᠷᠢᠬᠤ ᠠᠵᠢᠯ ᠵᠶ᠋ᠡᠨ ᠰᠢᠭᠤᠷᠬᠠᠢ ᠦᠷᠬᠦᠯᠵᠢᠯᠡᠬᠦᠯᠦᠭᠰᠡᠭᠡᠷ ᠯᠡ ᠪᠠᠢ᠌ᠪᠠ᠃
ᠬᠠᠷ᠎ᠠ ᠬᠤᠲᠠ ᠵᠢᠨ ᠬᠠᠪᠢ᠎ᠳᠤ ᠤᠲᠠᠭ᠋ᠠᠨ ᠤᠨ ᠵᠶ᠋ᠡᠷ ᠡᠯᠡᠰᠤᠨᠠ ᠪᠤᠯᠠᠭᠤᠯᠤᠭᠰᠠᠨ ᠬᠤᠳᠳᠤᠭ ᠪᠠᠢ᠌ᠬᠤ ᠵᠢ ᠰᠦᠭᠡ ᠭᠤᠸᠠᠢ ᠮᠡᠲᠡᠵᠡᠢ᠃ ᠲᠡᠷᠨ ᠬᠠᠭ᠋ᠠᠰ ᠰᠠᠷ᠎ᠠ ᠵᠢᠳᠬᠦᠵᠤ ᠪᠠᠢ᠌ᠮᠡᠨ ᠦᠨᠦᠬᠢ ᠬᠤᠳᠳᠤᠭ᠎ᠢ᠎ᠨᠢ ᠮᠠᠯᠲᠠᠵᠤ ᠭᠠᠷᠭ᠋ᠠᠭ᠋ᠠᠳ᠂ ᠲᠤᠩᠭ᠋ᠠᠯᠠᠭ ᠤᠰᠣ᠎ᠲᠠᠢ ᠵᠤᠯᠭ᠋ᠠᠪᠠ᠃ ᠤᠰᠤ ᠰᠠᠢ᠌ᠲᠠᠢ ᠬᠤᠳᠳᠤᠭ ᠪᠠᠢ᠌ᠭᠰᠠᠨ᠎ᠳᠤ ᠡᠪᠤᠭᠡᠨ ᠬᠦᠭᠰᠢᠨ ᠬᠤᠶᠠᠭᠤᠯᠨ᠎ᠪᠠᠨ ᠮᠠᠩᠨᠠᠢ ᠲᠠᠨᠢᠢ᠍ᠲᠠᠯᠠᠪᠠᠨ ᠪᠠᠶᠠᠷᠯᠠᠯ᠎ᠠ᠃ ᠲᠠᠲᠠ ᠤᠰᠤ ᠲᠠᠮᠨᠠᠵᠤ ᠵᠠᠭ ᠵᠶ᠋ᠡᠨ ᠤᠰᠤᠯᠠᠵᠤ ᠡᠬᠢᠯᠡᠵᠡᠢ᠃ ᠰᠠᠭᠤᠯᠭ᠎ᠠ ᠪᠦᠷᠢ᠎ᠨᠢ ᠲᠦᠴᠢᠨ ᠵᠢᠩ ᠬᠦᠨᠳᠤ ᠪᠠᠢ᠌ᠪᠠ ᠰᠢᠤ᠃ ᠰᠠᠷᠨ ᠰᠢᠩᠭᠡᠨ ᠨᠠᠷᠨ ᠮᠠᠨᠳᠤᠨ᠂ ᠡᠳᠤᠷ ᠬᠤᠨᠤᠭ ᠡᠬᠡᠯᠵᠢᠯᠡᠭᠰᠡᠭᠡᠷ ᠯᠡ ᠪᠠᠢ᠌ᠯ᠎ᠠ᠃ ᠨᠢᠭᠡ ᠮᠡᠲᠡᠬᠦ᠎ᠳᠤ ᠯᠡ ᠨᠤᠮᠢᠨ ᠨᠤᠭᠤᠭ᠋ᠠᠨ ᠵᠠᠭᠤᠨ ᠤᠢ᠎ᠨᠢ ᠨᠢᠳᠤᠨ ᠪᠠᠶᠠᠰᠬᠠᠭ᠋ᠠᠳ ᠡᠬᠢᠯᠡᠵᠡᠢ᠃
ᠦᠪᠤᠷ ᠮᠤᠩᠭᠤᠯ᠎ᠤᠨ ᠤᠯᠤᠰ ᠲᠦᠷᠦ ᠵᠢᠨ ᠵᠦᠪᠯᠡᠯᠭᠡᠨ᠎ᠤ ᠰᠡᠳᠬᠦᠯ᠎ᠤᠨ ᠬᠤᠷᠢᠶᠠᠨ᠎ᠤ᠎ᠬᠢᠨ᠂ 2014 ᠤᠨ᠎ᠳᠤ ᠰᠦᠭᠡ ᠭᠤᠸᠠᠢ ᠵᠢ ᠰᠤᠷᠪᠤᠯᠵᠢᠯᠠᠬᠤ᠎ᠪᠠᠷ ᠠᠩᠬᠠᠳᠤᠭ᠋ᠠᠷ ᠤᠲᠠᠭ᠎ᠠ᠎ᠪᠠᠨ ᠬᠠᠷ᠎ᠠ ᠬᠤᠲᠠᠨ᠎ᠠ ᠬᠦᠷᠦᠭᠰᠡᠨ ᠶᠤᠮ᠃ ᠲᠡᠭᠡᠭᠡᠳ 《ᠬᠠᠷ᠎ᠠ ᠬᠤᠲᠠ ᠵᠢᠨ ᠭᠡᠭᠡᠨ ᠮᠦᠷᠦᠭᠡᠳᠤᠯ 》 ᠬᠡᠮᠡᠬᠦ ᠮᠡᠲᠡᠭᠡᠯᠡᠯ ᠵᠶ᠋ᠡᠨ ᠲᠤᠭᠤᠷᠪᠢᠭᠰᠠᠨ ᠰᠡᠨ᠃ ᠲᠡᠷᠨ ᠦᠶ᠎ᠡ᠎ᠳᠤ ᠳ᠋ᠡᠯᠭᠡ ᠨᠠᠰᠤᠲᠠᠨ᠄ 《ᠵᠢᠯ᠎ᠤᠨ ᠵᠶ᠋ᠡᠨ ᠤᠯᠠᠩᠬᠢ ᠴᠠᠭ᠎ᠢ ᠡᠨᠲᠠ ᠦᠩᠭᠡᠷᠡᠭᠡᠲᠡᠭ᠃ ᠵᠤᠨ ᠶᠡᠭᠡ ᠬᠠᠯᠠᠭᠤᠨ᠂ ᠪᠢᠲᠠ ᠮᠤᠳᠤ᠎ᠪᠠᠨ ᠡᠷᠲᠡᠯᠡᠭᠡᠳ ᠲᠠᠷᠢᠨ᠎ᠠ᠃ ᠦᠲᠡ ᠠᠶᠠᠲᠠᠮᠠᠭᠴᠨ ᠯᠡ ᠭᠡᠷ᠎ᠲᠡᠭᠡᠨ ᠰᠢᠷᠭᠤᠨ᠎ᠠ᠃ ᠬᠦᠢ᠍ᠲᠠᠨ ᠤᠰᠤ᠎ᠪᠠᠷ ᠠᠷᠴᠢᠵᠤ ᠤᠬᠢᠶᠠᠭ᠋ᠠᠳ ᠰᠡᠷᠢᠬᠦᠴᠡᠭᠡᠳ ᠠᠪᠤᠨ᠎ᠠ᠃ ᠦᠲᠡ ᠬᠤᠢ᠌ᠨᠡ ᠬᠠᠯᠠᠭᠤᠨ ᠨᠠᠮᠰᠢᠬᠤ ᠦᠶ᠎ᠡ᠎ᠪᠠᠷ ᠮᠤᠳᠤ᠎ᠪᠠᠨ ᠲᠠᠷᠢᠭ᠋ᠠᠳ ᠡᠬᠢᠯᠡᠲᠡᠭ᠃ ᠡᠯᠡᠰᠤᠨ ᠲᠠᠯᠠᠢ᠎ᠳᠤ ᠴᠢᠨᠢ ᠨᠤᠮᠢᠨ ᠦᠩᠭᠡ ᠪᠠ ᠬᠤᠷ᠎ᠠ ᠵᠢᠨ ᠲᠤᠰᠤᠯ ᠴᠢᠨᠢ ᠮᠠᠰᠢ ᠴᠤᠬᠠᠭ ᠡᠷᠲᠡᠨᠢ ᠰᠢᠤ᠃ ᠭᠠᠭᠴᠨ ᠪᠤᠲᠠ ᠵᠠᠭ ᠴᠤ᠌ ᠭᠡᠰᠡᠨ ᠰᠡᠳᠬᠢᠯ᠎ᠢ ᠪᠠᠶᠠᠰᠬᠠᠬᠤ ᠨᠠᠨᠳᠢᠨ ᠶᠠᠭᠤᠮ᠎ᠠ ᠰᠢᠤ᠃ ᠮᠠᠨᠠᠢ᠌ᠬᠢᠨ᠎ᠳᠤ ᠪᠠᠰᠨ ᠤᠯᠤᠰ ᠲᠦᠷᠦ ᠵᠢᠨ ᠵᠦᠪᠯᠡᠯᠭᠡᠨ᠎ᠤ ᠰᠢᠭᠤᠢ ᠬᠡᠮᠡᠨ ᠨᠠᠷᠡᠢ᠌ᠳᠦᠭᠲᠡᠭᠰᠡᠨ ᠵᠢᠵᠢᠭᠭᠡᠨ ᠤᠢ᠎ᠲᠠᠢ᠂ ᠡᠪᠤᠭᠡᠨ ᠮᠢᠨᠢ ᠡᠨᠡ ᠰᠢᠭᠤᠢ᠎ᠳᠠᠭᠠᠨ ᠮᠠᠰᠢ ᠬᠠᠢ᠌ᠷᠠᠲᠠᠢ᠂ ᠪᠦᠬᠦ ᠤᠯᠤᠰ᠎ᠤᠨ ᠡᠯ᠎ᠡ ᠭᠠᠵᠠᠷ᠎ᠠᠴᠠ ᠬᠦᠷᠦᠯᠴᠡᠨ ᠢᠷᠡᠭᠰᠡᠨ ᠤᠯᠤᠰ ᠲᠦᠷᠦ ᠵᠢᠨ ᠵᠦᠪᠯᠡᠯᠭᠡᠨ᠎ᠤ ᠺᠠᠳ᠋ᠷ ᠠᠵᠢᠯᠴᠢᠳ᠂ ᠤᠯᠤᠰ ᠲᠦᠷᠦ ᠵᠢᠨ ᠵᠦᠪᠯᠡᠯᠭᠡᠨ᠎ᠤ ᠭᠡᠰᠢᠬᠦᠳ᠎ᠨᠢ ᠡᠨᠡ ᠰᠢᠭᠤᠢ ᠵᠢ᠎ᠨᠢ ᠰᠤᠨᠢᠷᠬᠠᠬᠤ ᠶᠡᠭᠡ ᠲᠤᠷᠠᠲᠠᠢ ᠰᠡᠨ》 ᠬᠡᠮᠡᠨ ᠤᠴᠢᠷᠯᠠᠨ ᠪᠠᠢ᠌ᠭᠰᠠᠨ ᠪᠢᠯᠨ᠃ ᠬᠤᠶᠠᠷ ᠨᠠᠰᠤᠲᠠᠨ ᠮᠠᠨᠢ ᠠᠮᠢᠳᠤᠷᠠᠯ᠎ᠤᠨ ᠡᠯᠨ ᠬᠠᠯᠨ ᠵᠢ ᠠᠮᠰᠠᠵᠤ ᠬᠦᠢ᠍ᠴᠡᠭᠰᠡᠨ ᠳ᠋ᠡ᠃ ᠳ᠋ᠡᠯᠭᠡ ᠭᠤᠸᠠᠢ ᠵᠠᠯᠠᠭᠤ᠎ᠳᠠᠭᠠᠨ ᠦᠢ᠍ᠯᠡᠳᠪᠤᠷᠢ᠎ᠳᠤ ᠬᠦᠨᠳᠤ ᠶᠠᠭᠤᠮ᠎ᠠ ᠡᠷᠬᠦᠭᠰᠡᠨ᠎ᠠᠴᠠ ᠪᠤᠯᠵᠤ᠂ ᠨᠢᠷᠤᠭᠤᠨ᠎ᠤ ᠬᠦᠨᠳᠤ ᠠᠷᠬᠠᠭ ᠰᠠᠭᠤᠭᠰᠠᠨ ᠶᠤᠮ᠃ ᠪᠠᠰᠨ ᠬᠦᠬᠦᠨᠤ ᠦᠮᠡᠨ ᠤᠯᠵᠤ᠂ ᠮᠠᠰᠨ ᠵᠠᠰᠠᠯ ᠬᠢᠯᠭᠡᠭᠰᠡᠨ ᠶᠤᠮ᠃ ᠰᠦᠭᠡ ᠭᠤᠸᠠᠢ 2000᠎ᠤ ᠪᠠᠷᠤᠭ ᠵᠶ᠋ᠡᠷ ᠰᠢᠬᠢᠷ ᠰᠢᠵᠢᠩ ᠡᠪᠡᠳᠴᠢᠨ ᠤᠯᠵᠤ᠂ ᠡᠳᠤᠷ ᠪᠤᠯᠭ᠋ᠠᠨ ᠬᠤᠶᠠᠷ ᠤᠲᠠᠭ᠎ᠠ ᠵᠡᠬᠦᠤ ᠲᠠᠷᠢᠬᠤ ᠭᠡᠷᠡᠭᠲᠠᠢ ᠪᠤᠯᠵᠠᠢ᠃ ᠰᠦᠭᠡ ᠭᠤᠸᠠᠢ ᠲᠠᠮᠤᠷ ᠲᠤᠤᠷ ᠵᠠᠰᠠᠵᠤ ᠪᠠᠢ᠌ᠬᠤ᠎ᠳᠤ᠂ ᠳ᠋ᠡᠯᠭᠡ ᠭᠤᠸᠠᠢ ᠲᠠᠮᠤᠷ ᠭᠠᠩᠨᠠᠵᠤ ᠪᠠᠢ᠌ᠭ᠋ᠠᠳ᠂ ᠨᠢᠳᠤ᠎ᠨᠢ ᠪᠠᠯᠠᠷᠠᠵᠤ ᠡᠰᠡᠯᠨ ᠬᠠᠷᠠᠭ᠎ᠠ᠎ᠪᠠᠨ ᠠᠯᠲᠠᠴᠢᠬᠠᠬᠤ ᠰᠢᠬᠠᠭᠰᠠᠨ ᠶᠤᠮ᠃ ᠲᠡᠲᠡ ᠪᠠᠰᠨ ᠬᠦᠭᠡᠷᠦᠬᠦᠨ ᠦᠷ᠎ᠡ᠎ᠪᠠᠨ ᠠᠯᠲᠠᠬᠤ ᠵᠢᠨ ᠬᠦᠨᠳᠤ ᠭᠤᠨᠢᠭᠲᠤ ᠲᠠᠷᠤᠭᠲᠠᠵᠤ ᠦᠩᠭᠡᠷᠡᠭᠰᠡᠨ ᠶᠤᠮ ᠁ ᠬᠠᠯᠠᠭᠤᠨ ᠬᠦᠯᠦᠰᠤᠪᠠᠷᠨᠢ ᠤᠮᠲᠠᠯᠠᠭᠲᠠᠭᠰᠠᠨ ᠵᠠᠭ ᠮᠤᠳᠤ᠂ ᠤᠲᠠ ᠮᠤᠳᠤ᠂ ᠬᠠᠢ᠌ᠯᠠᠰᠤᠨ ᠮᠤᠳᠤ᠂ ᠴᠢᠪᠠᠭ᠋ᠠᠨ ᠮᠤᠳᠤᠳ᠎ᠨᠢ ᠲᠠᠲᠠ ᠬᠤᠶᠠᠷ᠎ᠤᠨ ᠰᠡᠳᠬᠢᠯ᠎ᠢ᠎ᠨᠢ ᠠᠮᠤᠭᠤᠯᠬᠤ ᠤᠢ ᠬᠦᠪᠴᠢ ᠪᠤᠯᠴᠢᠬᠠᠵᠠᠢ᠃
2006 ᠤᠨ᠎ᠳᠤ᠂ ᠰᠦᠭᠡ ᠭᠤᠸᠠᠢ ᠰᠡᠯᠬᠢᠨ ᠬᠦᠴᠦ᠎ᠪᠠᠷ ᠴᠠᠬᠢᠯᠭ᠋ᠠᠨ ᠭᠠᠷᠭ᠋ᠠᠬᠤ ᠮᠠᠰᠢᠨ ᠤᠭᠰᠠᠷᠠᠵᠤ᠂ ᠲᠤᠩᠭ᠋ᠠᠯᠠᠭ ᠭᠡᠷᠡᠯ᠎ᠲᠠᠢ ᠰᠦᠨᠢ ᠪᠠ ᠰᠡᠷᠢᠬᠦᠨ ᠵᠤᠨ᠎ᠲᠠᠢ ᠵᠤᠯᠭ᠋ᠠᠵᠠᠢ᠃ 2009 ᠤᠨ᠎ᠳᠤ ᠬᠠᠷ᠎ᠠ ᠬᠤᠲᠠ ᠬᠦᠷᠬᠦ ᠵᠠᠰᠠᠮᠠᠯ ᠵᠠᠮ ᠨᠡᠪᠲᠡᠷᠡᠵᠤ᠂ ᠶᠠᠪᠤᠵᠤ ᠰᠠᠭᠤᠬᠤ ᠳᠤᠨᠢ ᠮᠠᠰᠢ ᠲᠦᠬᠦᠮ ᠲᠦᠲᠡ ᠪᠤᠯᠪᠠ᠃ 2012 ᠤᠨ᠎ᠳᠤ᠂ ᠠᠯᠠᠱᠨ ᠠᠢ᠌ᠮᠠᠭ᠎ᠤᠨ ᠨᠠᠮ᠎ᠤᠨ ᠬᠤᠷᠢᠶᠠᠨ᠎ᠠᠴᠠ ᠰᠦᠭᠡ ᠨᠠᠰᠤᠲᠠᠨ᠎ᠳᠤ ᠰᠡᠯᠬᠢ ᠪᠠ ᠨᠠᠷᠠᠨ᠎ᠤ ᠭᠡᠷᠡᠯ ᠵᠶ᠋ᠡᠷ ᠴᠠᠬᠢᠯᠭ᠋ᠠᠨ ᠭᠠᠷᠭ᠋ᠠᠬᠤ ᠲᠦᠬᠦᠭᠡᠷᠦᠮᠵᠢ ᠲᠤᠬᠢᠷᠠᠭᠤᠯᠵᠤ ᠦᠭᠬᠦᠭᠰᠡᠨ ᠵᠶ᠋ᠡᠷ ᠡᠯᠡᠰᠤᠨ ᠮᠤᠬᠤᠷᠲᠠᠬᠢ ᠠᠮᠢᠳᠤᠷᠠᠯ᠎ᠤᠨ ᠨᠦᠬᠦᠴᠡᠯ᠎ᠨᠢ ᠮᠠᠰᠢ ᠰᠠᠢ᠌ᠵᠢᠷᠠᠭᠰᠠᠨ ᠪᠢᠯᠨ᠃
ᠰᠦᠭᠡ ᠭᠤᠸᠠᠢ ᠲᠢᠩᠬᠢᠮ᠎ᠤᠨ ᠲᠠᠰ᠎ᠤᠨ ᠺᠠᠳ᠋ᠷ ᠪᠠᠢ᠌ᠵᠤ ᠦᠩᠭᠡᠷᠡᠯ᠎ᠡ ᠴᠤ᠌᠂ ᠠᠮᠢᠳᠤᠷᠠᠯ᠎ᠨᠢ ᠲᠡᠳᠤᠢ᠌ᠯᠨ ᠲᠡᠩᠰᠦᠭ᠋ ᠪᠢᠰᠢ ᠪᠢᠯᠨ᠃
ᠲᠠᠷᠨ ᠮᠦᠩᠬᠦ᠎ᠪᠠᠨ ᠠᠷᠪᠢᠯᠠᠬᠤ ᠵᠢᠨ ᠲᠦᠯᠦᠭᠡᠨ᠎ᠡ᠂ ᠬᠠᠭᠤᠴᠢᠨ ᠮᠠᠰᠢᠨ ᠲᠤᠨᠤᠭ᠎ᠢ ᠤᠯᠠᠨ ᠵᠠᠷᠤᠵᠤ ᠦᠩᠭᠡᠷᠡᠵᠡᠢ᠃ ᠡᠭᠡᠴᠢ ᠰᠤᠳᠨᠠᠮ᠎ᠨᠢ᠄ 《ᠮᠢᠨᠤ ᠲᠡᠬᠦᠤ ᠵᠢᠨ ᠶᠠᠲᠠᠷᠠᠵᠤ ᠵᠦᠲᠡᠷᠡᠵᠤ ᠪᠠᠢ᠌ᠬᠤᠢ ᠬᠠᠷᠠᠯ ᠳ᠋ᠡ᠂ ᠬᠠᠷᠠᠯᠠᠵᠤ ᠪᠤᠷᠤᠯᠠᠭ᠋ᠠᠳ᠂ ᠲᠢᠩᠬᠢᠮ᠎ᠤᠨ ᠲᠠᠰ᠎ᠤᠨ ᠺᠠᠳ᠋ᠷ᠎ᠤᠨ ᠮᠠᠶᠢᠭ ᠪᠠᠢ᠌ᠨ᠎ᠠ ᠤᠤ? ᠮᠠᠨ᠎ᠤ ᠡᠵᠡᠨ᠎ᠡ ᠵᠢᠨ ᠮᠠᠯᠴᠢᠳ ᠴᠤ᠌ ᠭᠡᠰᠡᠨ ᠲᠡᠬᠦᠨ᠎ᠠᠴᠠ ᠴᠠᠭ᠋ᠠᠨ ᠭᠡᠭᠡᠭᠡᠨ ᠳ᠋ᠡ》 ᠬᠡᠮᠡᠨ ᠬᠡᠯᠡᠵᠤ ᠦᠩᠭᠡᠷᠡᠭᠰᠡᠨ ᠭᠡᠲᠡᠭ᠃ ᠰᠦᠭᠡ ᠭᠤᠸᠠᠢ ᠵᠢᠨ ᠵᠢᠳᠬᠦᠯ ᠴᠢᠷᠮᠠᠢ᠌ᠯᠭ᠎ᠠ᠎ᠨᠢ ᠮᠠᠰᠢ ᠤᠯᠠᠨ ᠰᠠᠢ᠌ᠨ ᠲᠤᠷᠠᠴᠤᠳ᠎ᠤᠨ ᠰᠡᠳᠬᠢᠯ᠎ᠢ ᠬᠦᠲᠡᠯᠭᠡᠵᠡᠢ᠃ ᠲᠠᠲᠠ ᠪᠠᠢ᠌ᠨ ᠲᠡᠬᠢᠨ ᠢᠷᠠᠵᠤ ᠮᠤᠳᠤ ᠲᠠᠷᠢᠬᠤ᠎ᠳᠤᠨᠢ ᠬᠠᠪᠰᠤᠷᠴᠤ ᠪᠠᠢ᠌ᠪᠠ᠃ ᠰᠦᠭᠡ ᠭᠤᠸᠠᠢ᠄ 《ᠪᠢ ᠵᠢᠯ ᠪᠤᠯᠭ᠋ᠠᠨ ᠮᠤᠳᠤ ᠲᠠᠷᠢᠬᠤ᠎ᠳᠠᠭᠠᠨ ᠭᠤᠷᠪᠠᠨ ᠲᠦᠮᠡᠨ ᠲᠦᠬᠦᠷᠢᠭ ᠵᠠᠷᠤᠨ᠎ᠠ᠃ ᠡᠵᠡᠨ᠎ᠡ ᠬᠤᠰᠢᠭᠤᠨ᠎ᠠᠴᠠ ᠵᠢᠷᠭᠤᠭ᠋ᠠᠨ ᠲᠦᠮᠡᠨ ᠲᠦᠬᠦᠷᠢᠭ ᠦᠭᠬᠦᠭᠰᠡᠨ ᠪᠢᠯᠨ᠃ ᠶᠠᠫᠤᠨ ᠬᠦᠷᠦᠨ᠎ᠠᠴᠠ ᠭᠤᠷᠪᠠᠨ ᠲᠦᠮᠡᠨ ᠲᠦᠬᠦᠷᠢᠭ ᠦᠭᠬᠦᠭᠰᠡᠨ ᠶᠤᠮ᠃ ᠪᠢᠲᠠ ᠦᠷᠬᠦᠯᠵᠢᠯᠠᠨ ᠴᠢᠷᠮᠠᠢ᠌ᠬᠤ ᠴᠢᠬᠤᠯᠠᠲᠠᠢ᠃ ᠨᠠᠮ ᠵᠠᠰᠠᠭ᠎ᠤᠨ ᠵᠶ᠋ᠡᠨ ᠢᠲᠡᠭᠡᠯ ᠨᠠᠢ᠌ᠲᠠᠯᠭᠠ ᠵᠢ᠎ᠨᠢ ᠬᠦᠰᠡᠷᠲᠡᠬᠦᠯᠵᠤ ᠪᠤᠯᠬᠤ ᠦᠭᠡᠢ ᠶᠤᠮ᠃ ᠨᠠᠮ᠎ᠤᠨ ᠭᠡᠰᠢᠬᠦᠨ᠎ᠤ ᠰᠦᠷ ᠵᠢᠪᠬᠤᠭ᠎ᠠ ᠪᠠ ᠢᠲᠡᠭᠡᠯ ᠬᠦᠴᠦ ᠵᠢ ᠬᠦᠢ᠍ᠴᠡᠳ ᠪᠠᠲᠠᠷᠠᠭ᠋ᠠᠬᠤ ᠶᠤᠰᠤᠲᠠᠢ ᠶᠤᠮ》 ᠭᠡᠰᠡᠨ ᠪᠢᠯᠨ᠃
ᠨᠤᠮᠢᠨ ᠨᠤᠭᠤᠭ᠋ᠠᠨ ᠵᠠᠭᠤᠨ ᠤᠢ ᠵᠢᠨ ᠲᠦᠯᠦᠭᠡᠨ᠎ᠡ
ᠲᠡᠭᠡᠷ᠎ᠡ ᠵᠠᠭᠤᠨ᠎ᠤ ᠵᠢᠷᠠᠭ᠋ᠠᠳ ᠤᠨ᠎ᠤ ᠦᠶ᠎ᠡ᠎ᠳᠤ᠂ ᠬᠠᠷ᠎ᠠ ᠬᠤᠲᠠᠨ᠎ᠠ ᠦᠷᠭᠡᠨ ᠶᠡᠭᠡ ᠵᠠᠭᠤᠨ ᠤᠢ ᠲᠠᠢ ᠪᠠᠢ᠌ᠭᠰᠠᠨ ᠶᠤᠮ᠃ ᠲᠡᠷᠨ ᠦᠶ᠎ᠡ᠎ᠳᠤ ᠮᠠᠯᠴᠢᠳ᠎ᠨᠢ ᠵᠠᠭᠢ ᠲᠦᠯᠡᠰᠢ ᠪᠤᠯᠭ᠋ᠠᠨ ᠲᠠᠲᠠᠲᠠᠭ ᠪᠠᠢ᠌ᠵᠠᠢ᠃ ᠦᠢ᠍ᠯᠡᠳᠪᠤᠷᠢᠯᠠᠯ᠎ᠤᠨ ᠪᠠᠷᠢᠭ᠋ᠠᠲᠠ ᠵᠢᠨ ᠵᠶ᠋ᠡᠨ ᠤᠷᠤᠯᠭ᠎ᠠ ᠵᠢ ᠨᠡᠮᠡᠭᠲᠡᠬᠦᠯᠬᠦ ᠵᠢᠨ ᠲᠦᠯᠦᠬᠡᠨᠡ᠂ ᠰᠦᠭᠡ ᠮᠠᠯᠴᠢᠳ ᠵᠶ᠋ᠡᠨ ᠲᠠᠭ᠋ᠠᠭᠤᠯᠤᠨ᠂ ᠵᠠᠭᠤᠨ ᠲᠦᠯᠡᠰᠢ ᠲᠠᠲᠠᠵᠤ᠂ ᠬᠤᠲᠠ ᠤᠷᠤᠵᠤ ᠵᠤᠭᠤᠰ ᠬᠤᠪᠢᠯᠭ᠋ᠠᠲᠠᠭ ᠪᠠᠢ᠌ᠪᠠ᠃ ᠦᠭᠡᠷ᠎ᠡ ᠬᠦᠮᠦᠨ᠎ᠤ ᠲᠠᠮᠡᠭᠡᠨ ᠠᠴᠢᠶ᠎ᠠ᠎ᠨᠢ 400 ᠵᠢᠩ ᠵᠠᠭ ᠠᠴᠢᠲᠠᠭ ᠪᠤᠯ᠂ ᠰᠦᠭᠡ ᠵᠢᠨ ᠲᠡᠮᠡᠭᠡᠨ ᠠᠴᠢᠶ᠎ᠠ᠎ᠨᠢ 500 ᠵᠢᠩ ᠠᠴᠢᠲᠠᠭ ᠪᠠᠢ᠌ᠪᠠ᠃ 1965 ᠤᠨ᠎ᠳᠤ᠂ ᠰᠦᠭᠡ ᠵᠢᠨ ᠭᠠᠴᠠᠭ᠎ᠠ᠎ᠨᠢ 60 ᠲᠦᠮᠡᠨ ᠵᠢᠩ ᠪᠤᠲᠠᠭ᠎ᠠ ᠬᠤᠷᠢᠶᠠᠵᠤ᠂ ᠮᠠᠯᠴᠢᠳ᠎ᠤᠨ ᠡᠳᠤᠷ᠎ᠤᠨ ᠤᠷᠤᠯᠭ᠎ᠠ᠎ᠨᠢ ᠲᠦᠴᠢᠨ ᠮᠦᠩᠬᠦ ᠪᠠᠢ᠌ᠭᠰᠠᠨ᠎ᠠᠴᠠ᠎ᠪᠠᠨ ᠨᠢᠭᠡ ᠲᠦᠬᠦᠷᠢᠭ ᠪᠤᠯᠤᠨ ᠨᠡᠮᠡᠭᠲᠡᠭᠰᠡᠨ ᠪᠢᠯᠨ᠃ ᠲᠡᠷᠨ ᠦᠶ᠎ᠡ᠎ᠳᠤ ᠭᠠᠴᠠᠭ᠋ᠠᠨ ᠵᠢᠨ ᠮᠠᠯᠴᠢᠳ᠎ᠤᠨ ᠰᠠᠷ᠎ᠠ ᠵᠢᠨ ᠬᠦᠨᠡᠰᠤ᠎ᠨᠢ 28 ᠵᠢᠩ ᠲᠡᠳᠤᠢ ᠪᠠᠢ᠌ᠵᠠᠢ᠃ ᠰᠦᠭᠡ ᠮᠠᠯᠴᠢᠳ ᠵᠶ᠋ᠡᠨ ᠲᠠᠭ᠋ᠠᠭᠤᠯᠤᠨ 3000 ᠮᠤ᠌ ᠠᠲᠠᠷ ᠬᠠᠭ᠋ᠠᠯᠪᠤᠷᠢᠯᠠᠵᠤ᠂ ᠵᠠᠭᠤᠨ ᠲᠦᠯᠡᠭᠡ ᠬᠤᠲᠠᠯᠳᠤᠨ᠂ ᠤᠷᠤᠯᠭ᠎ᠠ᠎ᠪᠠᠨ ᠨᠡᠮᠡᠭᠲᠡᠬᠦᠯᠵᠤ ᠪᠠᠢ᠌ᠯ᠎ᠠ᠃
ᠰᠦᠭᠡ ᠭᠤᠸᠠᠢ᠄ 《ᠲᠡᠷᠨ ᠦᠶ᠎ᠡ᠎ᠳᠤ᠂ ᠮᠠᠯᠴᠢᠳ ᠮᠢᠨᠢ ᠰᠠᠷ᠎ᠠ ᠪᠤᠯᠭ᠋ᠠᠨ ᠵᠠᠭᠤᠨ ᠵᠢᠩ ᠪᠤᠲᠠᠭ᠎ᠠ ᠢᠲᠡᠯᠡ ᠴᠤ᠌ ᠭᠡᠰᠡᠨ ᠮᠠᠨ᠎ᠤ ᠠᠮᠤ ᠬᠦᠨᠡᠰᠤ᠎ᠨᠢ ᠬᠦᠢ᠍ᠴᠡᠯᠳᠤᠬᠦ ᠪᠠᠢ᠌ᠭᠰᠠᠨ》 ᠭᠡᠵᠤ ᠪᠢᠯᠨ᠃ ᠢᠩᠬᠢᠭᠡᠳ ᠠᠯᠠᠱᠨ ᠵᠢᠨ ᠰᠤᠪᠠᠨᠠᠭᠤᠷ ᠰᠤᠮᠤ ᠵᠢᠨ ᠠᠯᠲᠠᠷ ᠨᠠᠷᠠᠨᠢ ᠤᠯᠤᠰ ᠲᠠᠶᠠᠭ᠋ᠠᠷ ᠲᠠᠭᠤᠷᠢᠰᠴᠤ ᠡᠬᠢᠯᠡᠵᠡᠢ᠃ 《ᠠᠷᠠᠳ᠎ᠤᠨ ᠡᠳᠤᠷ᠎ᠤᠨ ᠰᠤᠨᠢᠨ》᠂ 《ᠭᠠᠨᠰᠤ ᠵᠢᠨ ᠡᠳᠤᠷ᠎ᠤᠨ ᠰᠤᠨᠢᠨ》 ᠵᠡᠷᠭᠡ ᠰᠤᠨᠢᠨ ᠰᠡᠳᠬᠦᠯ᠎ᠨᠢ 《ᠮᠠᠯᠴᠢᠳ ᠲᠠᠸᠠᠷ᠎ᠤᠨ ᠠᠮᠤ ᠪᠤᠲᠠᠭ᠎ᠠ ᠢᠲᠡᠬᠦ᠎ᠪᠠᠨ ᠪᠠᠢ᠌ᠵᠠᠢ᠃ ᠰᠤᠪᠠᠨᠠᠭᠤᠷ ᠰᠤᠮᠤ ᠵᠢᠨ ᠮᠠᠯᠴᠢᠳ᠎ᠨᠢ ᠮᠠᠯ ᠠᠵᠤ ᠠᠬᠤᠢ᠎ᠪᠠᠨ ᠶᠡᠭᠡᠪᠡᠷ ᠬᠦᠭᠵᠢᠬᠦᠯᠬᠦ ᠵᠢᠨ ᠵᠡᠷᠭᠡᠲᠡ᠂ ᠵᠤᠬᠢᠰᠲᠡᠢ᠎ᠪᠠᠷ ᠲᠠᠷᠢᠶᠠᠯᠠᠵᠤ ᠡᠬᠢᠯᠡᠭᠡᠳ᠂ ᠲᠠᠷᠢᠶᠠᠯᠠᠩ ᠪᠠ ᠮᠠᠯ ᠠᠵᠤ ᠠᠬᠤᠢ᠎ᠨᠢ ᠵᠡᠷᠭᠡ᠎ᠪᠡᠷ ᠡᠯᠪᠡᠭ ᠬᠤᠷᠢᠶᠠᠯᠲᠠ ᠤᠯᠤᠯ᠎ᠠ》 ᠬᠡᠮᠡᠨ ᠵᠠᠯᠭ᠎ᠠ ᠵᠠᠯᠭ᠋ᠠᠪᠠᠷ ᠮᠡᠲᠡᠭᠡᠯᠡᠵᠤ ᠡᠬᠢᠯᠡᠵᠡᠢ᠃
ᠰᠦᠭᠡ ᠭᠤᠸᠠᠢ᠄ 《ᠲᠡᠷᠨ ᠦᠶ᠎ᠡ᠎ᠳᠤ ᠤᠷᠴᠢᠨ ᠠᠬᠤᠢ ᠵᠢ ᠬᠠᠮᠠᠭ᠋ᠠᠯᠠᠬᠤ ᠵᠢ ᠲᠡᠳᠤᠢ᠌ᠯᠨ ᠠᠩᠬᠠᠷᠴᠤ ᠪᠠᠢ᠌ᠭ᠎ᠠ ᠦᠭᠡᠢ᠃ ᠮᠠᠯᠴᠢᠳ ᠵᠶ᠋ᠡᠨ ᠢᠲᠠᠵᠤ ᠡᠮᠦᠰᠬᠦ᠎ᠳᠤᠨᠢ ᠵᠦᠪ ᠪᠤᠯᠭ᠋ᠠᠬᠤ ᠰᠡᠨ ᠭᠡᠵᠤ ᠵᠢᠳᠬᠦᠵᠤ ᠪᠠᠢ᠌ᠪᠠ᠃ ᠤᠳᠤ ᠪᠢ ᠴᠢᠨᠢ ᠠᠷᠪᠠᠨ ᠬᠡᠳᠤᠨ ᠵᠢᠯ ᠵᠢᠳᠬᠦᠵᠤ ᠪᠠᠢ᠌ᠮᠠᠨᠵᠢᠨ ᠰᠠᠶᠢ 3000 ᠢᠯᠡᠬᠦᠤ ᠮᠤ᠌ ᠵᠠᠭᠤᠨ ᠤᠢ᠎ᠲᠠᠢ ᠪᠤᠯᠵᠤ᠂ ᠡᠯᠡᠰᠤ ᠮᠠᠩᠬ᠎ᠠ᠎ᠪᠠᠨ ᠨᠤᠭᠤᠭ᠋ᠠᠷᠠᠭᠤᠯᠬᠤ ᠭᠡᠰᠡᠨ ᠵᠤᠷᠢᠯᠭ᠎ᠠ᠎ᠳᠠᠭᠠᠨ ᠬᠦᠷᠴᠤ ᠡᠬᠢᠯᠡᠯ᠎ᠡ》 ᠭᠡᠮᠡᠨ ᠰᠡᠳᠬᠢᠯ ᠠᠭᠤᠵᠢᠷᠠᠨ ᠬᠡᠯᠡᠭᠰᠡᠨ ᠶᠤᠮ᠃
ᠰᠦᠭᠡ ᠭᠤᠸᠠᠢ ᠮᠠᠰᠢ ᠪᠤᠷᠤᠭᠵᠢᠭᠤᠨ ᠵᠠᠩ᠎ᠲᠠᠢ᠂ ᠬᠤᠪᠴᠠᠰᠤ ᠬᠤᠨᠠᠷ᠎ᠨᠢ ᠴᠡᠪᠡᠷ ᠲᠡᠭᠰᠢᠭᠡᠨ᠂ ᠬᠤᠭᠤᠯᠨ ᠬᠤᠰᠢ᠎ᠨᠢ ᠲᠦᠬᠦᠮ ᠲᠦᠲᠡ ᠪᠠᠢ᠌ᠭᠰᠠᠨ ᠴᠤ᠌ ᠰᠡᠳᠬᠢᠯ᠎ᠨᠢ ᠬᠠᠨᠤᠴᠢᠬᠠᠲᠠᠭ᠃ ᠲᠠᠭ᠋ᠠᠨ᠎ᠠ᠎ᠪᠠᠷ ᠠᠮᠲᠠᠯᠠᠭᠰᠠᠨ ᠭᠤᠯᠢᠷ ᠬᠤᠭᠤᠯᠨ᠎ᠪᠠᠷ ᠨᠢᠭᠡ ᠡᠷᠡᠨ᠎ᠤ ᠬᠤᠭᠤᠯᠨ᠎ᠪᠠᠨ ᠡᠪᠯᠡᠬᠦᠯᠴᠢᠭᠡᠲᠡᠭ᠃ ᠭᠡᠲᠡᠯ᠎ᠡ ᠮᠠᠯᠴᠢᠳ᠎ᠢ ᠲᠤᠰᠠᠯᠠᠬᠤ ᠭᠡᠪᠡᠯ ᠰᠦᠭᠡ ᠭᠤᠸᠠᠢ ᠮᠠᠰᠢ ᠨᠡᠷᠢᠨ ᠨᠢᠮᠪᠠᠢ ᠪᠠᠢ᠌ᠲᠠᠭ ᠰᠢᠤ᠃ ᠡᠵᠡᠨ᠎ᠡ᠎ᠨᠢ ᠲᠠᠪᠤᠨ ᠰᠤᠮᠤ᠂ ᠭᠤᠷᠪᠠᠨ ᠪᠠᠯᠭ᠋ᠠᠰᠤ᠎ᠲᠠᠢ᠃ ᠬᠠᠷ᠎ᠠ ᠬᠤᠲᠠ᠎ᠠᠴᠠ ᠤᠢ᠌ᠷᠠᠬᠠᠨ ᠪᠠᠢ᠌ᠭ᠎ᠠ᠎ᠨᠢ ᠪᠦᠷ ᠯᠡ ᠰᠦᠭᠡ ᠭᠤᠸᠠᠢ ᠵᠢᠨ᠎ᠬᠢᠨ᠎ᠠᠴᠠ ᠦᠷ᠎ᠡ ᠮᠤᠳᠤ᠎ᠪᠠᠨ ᠠᠪᠲᠠᠭ᠃ ᠮᠠᠯᠴᠢᠳ᠎ᠨᠢ ᠲᠡᠷᠭᠡ ᠤᠨᠤᠭ᠎ᠠ᠎ᠪᠠᠷ ᠵᠶ᠋ᠡᠨ ᠲᠠᠪᠬᠢᠵᠤ ᠢᠷᠡᠭᠡᠳ ᠯᠡ᠂ ᠦᠷ᠎ᠡ ᠮᠤᠳᠤ᠎ᠪᠠᠨ ᠲᠡᠭᠡᠭᠡᠭᠡᠳ ᠶᠠᠪᠤᠴᠢᠬᠠᠲᠠᠭ᠃ ᠰᠦᠭᠡ ᠭᠤᠸᠠᠢ ᠮᠦᠩᠬᠦ ᠲᠦᠬᠦᠷᠢᠭ ᠠᠪᠬᠤ ᠦᠭᠡᠢ ᠮᠦᠷᠲᠡᠭᠡᠨ ᠲᠠᠷᠢᠵᠤ ᠡᠳ᠋ᠯᠡᠬᠦ ᠠᠷᠭ᠎ᠠ᠎ᠪᠠᠨ ᠵᠢᠭ᠋ᠠᠵᠤ ᠦᠭᠬᠦᠭᠡᠳ ᠶᠠᠪᠤᠭᠤᠯᠲᠠᠭ᠃
2011 ᠤᠨ᠎ᠳᠤ ᠪᠤᠷᠤ — ᠠᠭᠤᠯᠨ ᠭᠠᠴᠠᠭ᠋ᠠᠨ᠎ᠤ ᠱᠦᠵᠢ᠎ᠨᠢ ᠦᠷ᠎ᠠ ᠮᠤᠳᠤ ᠬᠤᠳᠠᠯᠳᠤᠨ ᠠᠪᠬᠤ᠎ᠳᠤᠨᠢ᠂ ᠰᠦᠭᠡ ᠭᠤᠸᠠᠢ ᠪᠠᠰᠨ ᠨᠡᠯᠢᠶᠠᠳ ᠤᠯᠠᠨ᠎ᠢ ᠨᠡᠮᠡᠵᠤ ᠦᠭᠬᠦᠭᠡᠳ ᠶᠠᠪᠤᠭᠤᠯᠤᠭᠰᠠᠨ ᠶᠤᠮ᠃
ᠰᠦᠭᠡ ᠭᠤᠸᠠᠢ ᠵᠢᠨ ᠵᠢᠭ᠋ᠠᠨ ᠵᠢᠯᠤᠭᠤᠳᠤᠯᠭ᠎ᠠ᠎ᠪᠠᠷ ᠮᠠᠯᠴᠢᠨ ᠰᠡᠷᠬᠦᠯᠠᠩ ᠭᠡᠳᠤᠨ ᠲᠦᠮᠡᠨ ᠵᠠᠭᠤᠨ ᠮᠤᠳᠤ᠎ᠲᠠᠢ ᠪᠤᠯᠴᠢᠬᠠᠭ᠋ᠠᠳ᠂ ᠪᠠᠶᠠᠨ ᠲᠠᠩᠰᠤᠭ ᠠᠮᠢᠳᠤᠷᠠᠯ ᠵᠶ᠋ᠡᠨ ᠴᠤᠭᠴᠠᠯᠠᠭᠰᠠᠨ ᠶᠤᠮ᠂ ᠰᠦᠭᠡ ᠭᠤᠸᠠᠢ ᠵᠢᠨ ᠠᠴᠢ ᠲᠤᠰᠨ ᠵᠢ ᠰᠡᠷᠬᠦᠯᠡᠩ ᠦᠷᠬᠦᠯᠵᠢ ᠲᠤᠷᠠᠰᠴᠤ ᠶᠠᠪᠤᠲᠠᠭ ᠪᠢᠯᠨ᠃
ᠠᠷᠢᠭᠤᠨ ᠦᠢ᠍ᠯᠡᠰ᠎ᠤᠨ ᠨᠠᠨᠳᠢᠨ ᠦᠪ
ᠵᠠᠭᠤᠨ ᠤᠢ᠎ᠨᠢ ᠬᠠᠷ᠎ᠠ ᠬᠤᠲᠠ᠎ᠳᠠᠭᠠᠨ ᠦᠩᠭᠡ ᠬᠢᠯᠪᠠᠭ᠎ᠠ ᠨᠡᠮᠡᠷᠢᠯᠠᠵᠤ᠂ ᠵᠠᠯᠠᠭᠤᠬᠠᠨ ᠤᠢ᠎ᠨᠢ ᠬᠠᠭᠤᠴᠢᠨ ᠬᠤᠲᠠ ᠵᠢᠨ ᠵᠶ᠋ᠡᠨ ᠭᠡᠭᠡᠨ ᠵᠢᠮᠰᠡᠭ ᠪᠤᠯᠵᠠᠢ᠃ ᠰᠦᠭᠡ ᠭᠤᠸᠠᠢ ᠠᠷᠪᠠᠨ ᠬᠡᠳᠤᠨ ᠵᠢᠯ ᠬᠠᠯᠠᠭᠤᠨ ᠬᠦᠯᠦᠰᠤ᠎ᠪᠠᠨ ᠤᠷᠤᠰᠬᠠᠵᠤ ᠪᠠᠢ᠌ᠮᠡᠨ᠂ ᠡᠯᠡᠰᠤᠨ ᠨᠤᠳᠤᠭ ᠵᠶ᠋ᠡᠨ ᠨᠤᠮᠢᠨ ᠲᠠᠯᠠᠢ ᠪᠤᠯᠭ᠋ᠠᠭᠰᠠᠨ ᠶᠤᠮ᠃ ᠤᠢ᠌ᠷ᠎ᠠ ᠲᠤᠭᠤᠷᠢᠨ᠎ᠤ ᠬᠢᠨᠢ ᠮᠠᠯᠴᠢᠳ᠎ᠨᠢ ᠰᠦᠭᠡ ᠭᠤᠸᠠᠢ ᠵᠢᠨ ᠠᠵᠢᠯ ᠦᠢ᠍ᠯᠡᠰ᠎ᠢ᠎ᠨᠢ ᠮᠠᠰᠢ ᠶᠡᠭᠡᠪᠡᠷ ᠤᠢ᠌ᠯᠠᠭ᠋ᠠᠵᠤ᠂ ᠴᠢᠩ ᠰᠡᠳᠬᠢᠯ᠎ᠠᠴᠠ᠎ᠪᠠᠨ ᠲᠠᠮᠵᠢᠲᠡᠭ ᠪᠤᠯᠵᠠᠢ᠃ ᠲᠦᠷᠪᠠᠨ ᠵᠦᠭ ᠨᠠᠢ᠍ᠮᠠᠨ ᠵᠤᠪᠬᠢᠰ᠎ᠤᠨ ᠰᠠᠢ᠌ᠨ ᠲᠤᠷᠠᠴᠤᠳ ᠴᠤ᠌ ᠬᠦᠷᠦᠯᠴᠠᠨ ᠢᠷᠠᠵᠤ᠂ ᠬᠦᠴᠦᠨ ᠴᠢᠲᠠᠯ ᠵᠶ᠋ᠡᠨ ᠬᠠᠷᠠᠮ ᠦᠭᠡᠢ ᠡᠷᠬᠦᠲᠡᠭ ᠪᠤᠯᠵᠠᠢ᠃ ᠡᠯ᠎ᠡ ᠱᠠᠳᠤᠨ᠎ᠤ ᠨᠠᠮ ᠵᠠᠰᠠᠭ᠎ᠨᠢ ᠴᠤ᠌ ᠰᠦᠭᠡ ᠭᠤᠸᠠᠢ ᠵᠢ ᠮᠠᠰᠢ ᠶᠡᠭᠡᠪᠡᠷ ᠠᠩᠬᠠᠷᠤᠨ ᠬᠠᠯᠠᠮᠵᠢᠯᠠᠵᠤ ᠪᠠᠢ᠌ᠯ᠎ᠠ᠃ ᠰᠦᠭᠡ ᠭᠤᠸᠠᠢ ᠲᠦᠷᠦ ᠬᠦᠷᠦᠨ ᠤ᠎ᠪᠠᠨ ᠱᠠᠩᠨᠠᠯ ᠬᠦᠬᠢᠬᠦᠯᠦᠯ᠎ᠢ ᠴᠤ᠌ ᠤᠯᠠᠨ ᠬᠦᠷᠲᠡᠵᠡᠢ᠃ 《ᠪᠦᠬᠦ ᠤᠯᠤᠰ᠎ᠤᠨ ᠴᠠᠭ ᠦᠶ᠎ᠡ ᠵᠢᠨ ᠬᠤᠰᠢᠭᠤᠴᠢ》᠂ 《ᠪᠦᠬᠦ ᠤᠯᠤᠰ᠎ᠤᠨ ᠰᠢᠯᠢᠲᠡᠭ ᠠᠬᠠᠮᠠᠳ ᠺᠠᠳ᠋ᠷ》 ᠵᠡᠷᠭᠡ ᠤᠯᠤᠰ᠎ᠤᠨ ᠲᠠᠰ᠎ᠤᠨ ᠱᠠᠩᠨᠠᠯ ᠡᠷᠬᠦᠮᠵᠢᠯᠠᠯᠢ ᠴᠤ᠌ ᠬᠦᠷᠲᠡᠵᠡᠢ᠃
ᠰᠦᠭᠡ ᠭᠤᠸᠠᠢ ᠄ 《ᠠᠯᠲᠠᠷ ᠴᠤᠯᠨ ᠭᠡᠲᠡᠭ ᠴᠢᠨᠢ ᠬᠢᠵᠤ ᠪᠦᠲᠦᠭᠡᠭᠰᠡᠨ ᠵᠦᠢ᠍ᠯ᠎ᠳᠤ ᠴᠢᠨᠢ ᠵᠤᠷᠢᠭᠤᠯᠤᠭᠰᠠᠨ ᠮᠠᠭᠲᠠᠭ᠋ᠠᠯ ᠶᠤᠮ᠃ ᠪᠢ ᠬᠠᠷᠢᠨ ᠬᠤᠵᠢᠮ᠎ᠤᠨ ᠲᠤᠬᠠᠢ ᠶᠡᠭᠡ ᠰᠠᠨᠠᠭ᠋ᠠᠰᠢᠷᠠᠵᠤ ᠪᠠᠢ᠌ᠨ᠎ᠠ᠃ ᠵᠠᠭ ᠤᠨ ᠤᠢ᠎ᠪᠠᠨ ᠬᠡᠷᠬᠢᠨ ᠬᠠᠮᠠᠭ᠋ᠠᠯᠠᠨ᠎ᠠ ᠭᠡᠲᠡᠭ ᠪᠤᠯ ᠮᠠᠰᠢ ᠴᠢᠬᠤᠯᠨ ᠤᠴᠢᠷ ᠶᠤᠮ᠃ ᠪᠢ ᠠᠷᠪᠠᠨ ᠬᠡᠳᠤᠨ ᠵᠢᠯ ᠵᠢᠳᠬᠦᠵᠤ ᠪᠠᠢ᠌ᠮᠠᠨ 3000 ᠢᠯᠡᠬᠦᠤ ᠮᠤ᠌ ᠵᠠᠭᠤᠨ ᠤᠢ᠎ᠲᠠᠢ ᠪᠤᠯᠵᠠᠢ᠃ ᠬᠠᠷ᠎ᠠ ᠬᠤᠲᠠ ᠵᠢᠨ ᠤᠷᠴᠢᠨ ᠠᠬᠤᠢ ᠴᠤ᠌ ᠦᠭᠡᠷᠡᠲᠡᠭᠡᠳ ᠡᠬᠢᠯᠡᠵᠡᠢ᠃ ᠪᠢ ᠭᠤᠤᠯ᠎ᠨᠢ ᠡᠲᠡᠭᠡᠷ ᠵᠶ᠋ᠡᠨ ᠭᠡᠷᠬᠢᠨ ᠬᠠᠮᠠᠭ᠋ᠠᠯᠠᠨ᠎ᠠ ᠭᠡᠲᠡᠭ᠎ᠢ ᠡᠳᠤᠷ ᠪᠤᠯᠭ᠋ᠠᠨ ᠪᠤᠳᠤᠵᠤ ᠲᠤᠩᠭ᠋ᠠᠵᠤ ᠯᠡ ᠪᠠᠢ᠌ᠨ᠎ᠠ᠃ ᠬᠠᠷ᠎ᠠ ᠬᠤᠲᠠ ᠭᠡᠲᠡᠭ ᠴᠢᠨᠢ ᠬᠡᠮᠵᠢᠶ᠎ᠠ᠎ᠲᠠᠢ ᠭᠠᠵᠠᠷ᠂ ᠵᠠᠭᠤᠨ ᠤᠢ ᠭᠡᠲᠡᠭ ᠴᠢᠨᠢ ᠲᠤᠭ᠎ᠠ᠎ᠲᠠᠢ ᠮᠤᠳᠤ᠎ᠲᠠᠢ᠃ ᠵᠠᠭ᠂ ᠤᠲᠠ ᠂ ᠴᠢᠪᠠᠭ᠋ᠠᠨ ᠮᠤᠳᠤ᠂ ᠬᠠᠢ᠌ᠯᠠᠰᠤᠨ ᠮᠤᠳᠤ ᠴᠢᠨᠢ ᠪᠦᠷ ᠠᠲᠠᠯᠢ ᠪᠤᠰᠤ ᠵᠢᠨ ᠠᠷᠠᠴᠢᠯᠠᠭ᠎ᠠ ᠱᠠᠭ᠋ᠠᠷᠲᠠᠭᠲᠠᠨᠠ᠃ ᠬᠤᠯᠤᠭ᠋ᠠᠨ᠎ᠠ ᠭᠡᠲᠡᠭ ᠠᠮᠢᠲᠠᠨ ᠴᠢᠨᠢ ᠵᠠᠭᠤᠨ ᠬᠠᠯᠢᠰᠤ ᠵᠢ᠎ᠨᠢ ᠮᠡᠷᠡᠨᠡ᠂ ᠲᠠᠤᠯᠠᠢ᠎ᠨᠢ ᠦᠨᠳᠤᠰᠤ ᠵᠢ᠎ᠨᠢ ᠬᠡᠮᠡᠯᠢᠲᠡᠭ᠃ ᠪᠠᠰᠨ ᠭᠠᠩ ᠬᠠᠭᠰᠠᠷᠭ᠋ᠠᠨ ᠪᠠ ᠰᠠᠯᠬᠢ ᠰᠢᠭᠤᠷᠭᠠᠨ᠎ᠢ ᠵᠠᠭ ᠵᠢᠨ ᠤᠢ ᠵᠢ ᠲᠠᠭ᠋ᠠᠷᠢᠵᠤ ᠯᠡ ᠪᠠᠢ᠌ᠲᠠᠭ᠃ ᠪᠢ ᠠᠩᠬ᠎ᠠ ᠡᠬᠢᠯᠠᠵᠤ ᠤᠢ᠌ᠵᠢᠭᠤᠯᠬᠤ᠎ᠳᠠᠭᠠᠨ ᠦᠷᠭᠡᠳᠭᠡᠬᠦ ᠵᠢ ᠶᠡᠭᠡ ᠬᠦᠰᠡᠲᠡᠭ ᠪᠠᠢ᠌ᠭᠰᠠᠨ᠂ ᠤᠳᠤ ᠪᠤᠯ ᠬᠠᠷᠢᠨ ᠬᠠᠮᠠᠭ᠋ᠠᠯᠠᠬᠤ ᠭᠡᠲᠡᠭ᠎ᠢ᠎ᠨᠢ ᠲᠡᠷᠢᠬᠦᠨ ᠪᠠᠢ᠌ᠷᠢᠨ᠎ᠳᠤ ᠲᠠᠯᠪᠢᠲᠠᠭ ᠪᠤᠯᠵᠠᠢ᠃ ᠮᠤᠳᠤᠳ᠎ᠤᠨ ᠬᠤᠭᠤᠷᠤᠨᠳᠤᠬᠢ ᠵᠠᠢ᠂ ᠤᠰᠤᠯᠠᠯᠲᠠ ᠵᠢᠨ ᠬᠡᠮᠵᠢᠶ᠎ᠡ᠂ ᠰᠠᠯᠬᠢᠨ᠎ᠤᠨ ᠡᠷᠴᠢ ᠵᠡᠷᠭᠡ ᠵᠢ ᠨᠠᠷᠢᠨ ᠬᠢᠨᠠᠨ ᠦᠵᠡᠵᠤ᠂ ᠠᠩᠬᠠᠷᠤᠨ ᠰᠢᠨᠵᠢᠲᠡᠭ ᠪᠤᠯᠤᠭᠰᠠᠨ ᠰᠢᠤ》 ᠬᠡᠮᠡᠨ ᠲᠠᠢ᠌ᠯᠪᠤᠷᠢᠯᠠᠵᠤ ᠪᠢᠯᠨ᠃
ᠰᠦᠭᠡ ᠭᠤᠸᠠᠢ ᠵᠢᠨ ᠠᠷᠢᠭᠤᠨ ᠬᠦᠯᠦᠰᠤ᠎ᠪᠠᠷ ᠤᠮᠲᠠᠯᠠᠭᠲᠠᠭᠰᠠᠨ ᠵᠠᠭᠤᠨ ᠤᠢ ᠮᠢᠨᠢ ᠵᠢᠯ᠎ᠤᠨ ᠵᠢᠯ᠎ᠳᠤ ᠴᠡᠯᠭᠡᠷᠡᠨ ᠪᠠᠢ᠌ᠬᠤ ᠪᠤᠯᠳᠤᠭ᠋ᠠᠢ!
ᠡᠭᠡ ᠪᠢᠴᠢᠭ᠎ᠤᠨ ᠵᠠᠯᠭ᠋ᠠᠮᠵᠢ ᠤᠴᠢᠷᠯᠠᠯ
ᠨᠠᠮ ᠪᠠᠢ᠌ᠭᠤᠯᠤᠭᠲᠠᠭᠰᠠᠨ 100᠎ᠤᠨ ᠤᠢ᠎ᠳᠤ ᠵᠤᠷᠢᠭᠤᠯᠤᠭᠰᠠᠨ ᠡᠨᠡ ᠬᠦ᠌ ᠰᠤᠷᠪᠤᠯᠵᠢᠯᠠᠭ᠎ᠠ᠎ᠪᠠᠨ ᠡᠮᠬᠢᠳᠭᠡᠵᠤ ᠲᠠᠭᠤᠰᠲᠡᠯᠡ᠂ ᠰᠦᠭᠡ ᠭᠤᠸᠠᠢ ᠵᠢᠨ ᠲᠠᠭ᠋ᠠᠯᠠᠯ ᠪᠤᠯᠤᠭᠰᠠᠨ ᠴᠢᠮᠡᠭᠡ ᠵᠢ ᠲᠤᠭᠤᠯᠤᠯ᠎ᠠ᠃ ᠰᠦᠭᠡ ᠭᠤᠸᠠᠢ 74 ᠨᠠᠰᠤᠨ ᠰᠡᠬᠦᠲᠡᠷᠢ ᠵᠤᠭᠤᠭᠯᠠᠭ᠋ᠠᠳ᠂ ᠬᠠᠷ᠎ᠠ ᠬᠤᠲᠠ ᠵᠢᠨ ᠵᠶ᠋ᠡᠨ ᠪᠠᠷ᠎ᠠ ᠵᠢ ᠰᠠᠬᠢᠨ ᠮᠦᠩᠭᠡᠲᠡ ᠨᠤᠢ᠌ᠷᠰᠤᠬᠤ ᠪᠤᠯᠵᠠᠢ᠃ 2021 ᠤᠨ᠎ᠤ 6 ᠰᠠᠷ᠎ᠠ ᠵᠢᠨ 23᠎ᠤ ᠦᠲᠡ ᠵᠢᠨ ᠡᠮᠦᠨ᠎ᠡ ᠰᠦᠭᠡ ᠨᠦᠬᠦᠷ᠎ᠤᠨ ᠴᠢᠨᠲᠡᠷᠠᠴᠠ ᠰᠠᠯᠬᠤ ᠶᠤᠰᠤᠯᠠᠯ ᠡᠵᠡᠨ᠎ᠡ ᠬᠤᠰᠢᠭᠤᠨᠡ ᠶᠠᠪᠤᠭᠲᠠᠵᠤ ᠠᠬᠤ᠎ᠳᠤ ᠦᠪᠡᠷᠲᠡᠭᠡᠨ ᠵᠠᠰᠠᠬᠤ ᠤᠷᠤᠨ᠎ᠤ ᠲᠦᠪ ᠬᠦᠬᠡᠬᠤᠲᠠ᠎ᠳᠤ ᠡᠬᠦᠯᠨ ᠨᠡᠳᠦᠢ᠌ᠵᠤ᠂ ᠦᠲᠡ ᠬᠤᠢ᠌ᠨᠡᠨᠢ ᠪᠤᠷᠤᠭ᠋ᠠᠨ ᠠᠰᠬᠠᠷᠠᠵᠤ ᠪᠠᠢ᠌ᠭᠰᠠᠨ ᠰᠡᠨ᠃
2019 ᠤᠨ᠎ᠳᠤ ᠰᠤᠷᠪᠤᠯᠵᠢᠯᠠᠵᠤ ᠪᠠᠢ᠌ᠬᠤ᠎ᠳᠤ᠂ 《ᠮᠠᠨ᠎ᠤ ᠮᠡᠷᠭᠡᠨ ᠴᠢᠨᠢ ᠬᠤᠷᠳᠤᠨ ᠴᠤ᠌ ᠪᠢᠴᠢᠲᠡᠭ ᠬᠡᠤᠭᠡᠳ ᠰᠢᠤ᠂ ᠮᠥᠨ ᠴᠦ᠍ ᠰᠠᠢ᠌ᠬᠠᠨ ᠲᠠᠲᠠᠯᠠᠭ᠋ᠠᠨ ᠲᠢᠭ᠎ᠲᠠᠢ ᠰᠢᠤ》 ᠬᠡᠮᠡᠨ ᠨᠠᠮ᠎ᠠ ᠵᠢ ᠦᠬᠦᠭᠡᠷᠲᠡᠵᠤ᠂ ᠮᠠᠭᠲᠠᠵᠤ ᠪᠠᠢ᠌ᠭᠰᠠᠨ ᠲᠨ ᠮᠢᠨᠢ ᠤᠳᠤ ᠨᠢᠬᠡᠨᠲᠡ 《ᠦᠵᠡᠬᠦᠢ ᠵᠢᠨ ᠬᠢᠵᠠᠭ᠋ᠠᠷ》᠎ᠲᠤ ᠠᠯᠤᠰᠷᠠᠵᠠᠢ᠃ ᠪᠢ ᠡᠬᠦᠯᠡᠨ ᠲᠤᠯᠤᠭ᠋ᠠᠢ ᠵᠢ ᠰᠢᠷᠲᠡᠨ ᠤᠲᠠᠭ᠋ᠠᠨ ᠰᠠᠭᠤᠯ᠎ᠠ᠃ ᠰᠦᠷᠯᠢᠭ ᠰᠠᠢ᠌ᠬᠠᠨ ᠲᠡᠯᠡᠨ ᠬᠠᠷ᠎ᠠ ᠮᠢᠨᠢ ᠪᠤᠷᠤᠭ᠋ᠠᠨ᠎ᠤ ᠴᠢᠳᠬᠤᠯᠠᠭ᠋ᠠᠨᠳᠤ ᠪᠦᠤᠲᠡᠢ᠌ᠨ ᠬᠠᠷᠠᠭᠲᠠᠨ᠎ᠠ᠃ ᠪᠢ ᠵᠤᠷᠢᠭᠯᠠᠵᠤ ᠪᠠᠢ᠌ᠮᠡᠨ ᠡᠭᠡ ᠪᠢᠴᠢᠭ ᠵᠶ᠋ᠡᠨ ᠲᠠᠲᠠᠯᠠᠪᠠ᠃ ᠲᠡᠨᠤ ᠵᠤᠷᠢᠭ᠎ᠢ ᠪᠢᠲᠡ ᠪᠡᠶ᠎ᠡ᠎ᠳᠤ᠎ᠪᠠᠨ ᠰᠢᠩᠭᠡᠭᠡᠬᠦ ᠶᠤᠰᠤᠲᠠᠢ᠃
ᠨᠢᠯᠬ᠎ᠠ ᠪᠠᠭ᠎ᠠ ᠵᠢᠨ ᠦᠶ᠎ᠡ ᠵᠢᠨ ᠦᠨᠦᠴᠢᠷᠡᠯ᠂ ᠵᠠᠯᠠᠭᠤ ᠬᠠᠯᠠᠭᠤᠨ ᠨᠠᠰᠤᠨ᠎ᠤ ᠦᠶ᠎ᠡ ᠵᠢᠨ ᠬᠠᠲᠠᠭᠤ ᠬᠦᠲᠡᠯᠮᠦᠷᠢ᠂ ᠡᠪᠡᠳᠴᠢᠨ ᠵᠤᠪᠠᠯᠠᠩ᠎ᠤᠨ ᠬᠦᠨᠳᠤ ᠲᠡᠷᠴᠢᠯᠠᠭ᠋ᠠᠯᠢ ᠮᠤᠩᠭᠤᠯ ᠡᠷ᠎ᠡ ᠵᠢᠨ ᠬᠠᠲᠠᠨ ᠵᠤᠷᠢᠭ ᠵᠶ᠋ᠡᠷ ᠲᠠᠪᠠᠨ ᠲᠤᠭᠤᠯᠵᠤ᠂ ᠡᠭᠡᠯ ᠪᠤᠷᠤᠬᠠᠨ ᠠᠮᠢᠳᠤᠷᠠᠯ᠎ᠤᠨ ᠡᠩ ᠦᠷᠭᠡᠨ ᠵᠠᠢ ᠵᠢ ᠠᠭᠤᠲᠠᠮᠬᠠᠨ ᠴᠡᠭᠡᠵᠢᠨ᠎ᠳᠤ᠎ᠪᠠᠨ ᠪᠠᠭᠲᠠᠭ᠋ᠠᠵᠤ᠂ ᠤᠬᠠᠭ᠋ᠠᠯᠢᠭ ᠰᠠᠮᠪᠠᠭ᠎ᠠ᠎ᠪᠠᠷ ᠦᠢ᠍ᠯᠨ ᠭᠡᠷᠡᠭ ᠪᠦᠬᠦᠨ᠎ᠢ ᠲᠤᠩᠭ᠋ᠠᠵᠤ᠂ ᠦᠷᠦᠪᠴᠢᠭᠡᠨ ᠰᠡᠳᠬᠢᠯ᠎ᠳᠡᠭᠡᠨ ᠨᠤᠳᠤᠭ ᠪᠠᠢ᠌ᠭ᠋ᠠᠯᠢ ᠬᠦᠮᠦᠨ ᠠᠷᠠᠳ ᠵᠶ᠋ᠡᠨ ᠡᠩᠬᠦᠷᠡᠢ᠌ᠯᠡᠨ᠂ ᠦᠨᠡᠨᠴᠢ ᠵᠢᠷᠤᠮ ᠵᠶ᠋ᠡᠷ ᠲᠦᠮᠡᠨ ᠤᠯᠠᠨ᠎ᠤ ᠬᠠᠢ᠌ᠷ᠎ᠠ ᠬᠦᠨᠳᠤᠳᠭᠡᠯ᠎ᠢ ᠤᠯᠵᠤ ᠶᠠᠪᠤᠭᠰᠠᠨ ᠲᠨ ᠮᠢᠨᠢ ᠤᠳᠤ ᠬᠤᠯᠨ ᠵᠢᠨ ᠬᠤᠯᠨ᠎ᠳᠤ ᠶᠠᠪᠤᠴᠢᠬᠠᠵᠠᠢ᠃
ᠦᠪᠤᠷ ᠮᠤᠩᠭᠤᠯ᠎ᠤᠨ ᠤᠯᠤᠰ ᠲᠦᠷᠦ ᠵᠢᠨ ᠵᠦᠪᠯᠡᠯᠭᠡᠨ᠎ᠤ ᠠᠵᠢᠯ ᠵᠶ᠋ᠡᠷ ᠬᠦᠷᠬᠦ᠎ᠳᠤ᠂ ᠰᠤᠷᠪᠤᠯᠵᠢᠯᠠᠭ᠎ᠠ ᠠᠪᠬᠤ ᠦᠶ᠎ᠡ᠎ᠳᠤ᠂ ᠨᠠᠲᠡᠳᠤ ᠬᠠᠮᠤᠭ ᠤᠯᠠᠨ ᠶᠠᠷᠢᠵᠤ ᠪᠠᠢ᠌ᠭᠰᠠᠨ᠎ᠨᠢ 《ᠤᠯᠤᠰ ᠲᠦᠷᠦ ᠵᠢᠨ ᠵᠦᠪᠯᠡᠯᠭᠡᠨ᠎ᠤ ᠰᠢᠭᠤᠢ》 ᠰᠢᠤ᠃ ᠲᠨ ᠠᠯᠠᠱᠨ ᠠᠢ᠌ᠮᠠᠭ᠎ᠤᠨ ᠤᠯᠤᠰ ᠲᠦᠷᠦ ᠵᠢᠨ ᠵᠦᠪᠯᠡᠯᠭᠡᠨ᠎ᠤ ᠲᠡᠷᠢᠬᠦᠯᠡᠭᠴᠢ ᠵᠢᠨ ᠲᠤᠰᠢᠶᠡᠯᠢ ᠬᠠᠷᠢᠭᠤᠴᠠᠵᠤ᠂ ᠶᠡᠭᠡ ᠵᠢ ᠪᠦᠲᠦᠭᠡᠵᠤ ᠶᠠᠪᠤᠯ᠎ᠠ᠃ ᠮᠦᠨ ᠴᠤ᠌ ᠡᠯᠡᠰᠤ ᠵᠢ ᠲᠤᠭᠲᠠᠭ᠋ᠠᠨ ᠤᠢ᠌ᠵᠢᠭᠤᠯᠬᠤ᠎ᠨᠢ ᠶᠠᠭᠤ ᠪᠦᠬᠦᠨ᠎ᠠᠴᠠ ᠴᠤ᠌ ᠴᠢᠬᠤᠯᠨ ᠭᠡᠲᠡᠭ᠎ᠢ ᠡᠷᠲᠡ ᠰᠡᠷᠡᠭᠰᠡᠨ ᠲᠨ ᠮᠢᠨᠢ ᠤᠯᠤᠰ ᠲᠦᠷᠦ ᠵᠢᠨ ᠵᠦᠪᠯᠡᠯᠭᠡᠨ᠎ᠤ ᠲᠡᠷᠢᠬᠦᠯᠡᠭᠴᠢ ᠵᠢᠨ ᠰᠠᠨᠲᠡᠢᠪᠠᠨ ᠠᠷᠤ᠎ᠳᠠᠭᠠᠨ ᠤᠷᠬᠢᠵᠤ᠂ ᠬᠦᠷᠵᠨ ᠠᠳᠬᠤᠨ᠂ ᠴᠢᠬᠢ ᠮᠤᠳᠤ ᠡᠬᠦᠷᠦᠭᠰᠡᠭᠡᠷ᠂ ᠡᠯᠡᠰᠤᠨ ᠮᠤᠬᠤᠷ᠎ᠲᠤ ᠬᠦᠯᠦᠰᠤ ᠤᠷᠤᠰᠬᠠᠨ ᠶᠠᠪᠤᠲᠠᠭ ᠪᠤᠯᠤᠭᠰᠠᠨ ᠰᠡᠨ᠃
ᠲᠠᠨ᠎ᠤ ᠮᠢᠨᠢ ᠪᠤᠷᠤ ᠪᠤᠷᠤᠭᠵᠢᠭᠤᠨ ᠡᠮᠦᠰᠭᠡᠯ ᠵᠡᠬᠦᠲᠡᠯ᠂ ᠴᠢᠩ ᠦᠨᠡᠨ ᠰᠢᠭᠤᠳ ᠰᠢᠯᠤᠭᠤᠬᠠᠨ ᠦᠭᠡ ᠶᠡᠷᠢᠶ᠎ᠠ ᠴᠢᠨᠢ ᠦᠰᠦᠭ ᠰᠢᠪᠠᠵᠤ ᠪᠦᠬᠦᠢ ᠡᠨᠡ ᠡᠷᠡᠨ᠎ᠳᠤ ᠰᠡᠳᠬᠢᠯ᠎ᠳᠤ ᠮᠢᠨᠢ ᠲᠤᠪ ᠲᠤᠳᠤᠬᠠᠨ ᠡ᠃
ᠡᠩᠬᠦᠷᠡᠢ ᠦᠷ᠎ᠡ᠎ᠪᠠᠨ ᠠᠯᠲᠠᠬᠤ ᠵᠢᠨ ᠶᠡᠭᠡ ᠬᠠᠷᠠᠭᠤᠰᠤᠯ᠂ ᠡᠪᠡᠳᠴᠤ ᠵᠤᠪᠠᠬᠤ ᠵᠢᠨ ᠬᠦᠨᠳᠤ ᠡᠪᠡᠷᠰᠢᠶᠡᠯ ᠁ ᠡᠩ ᠬᠤᠷᠸ᠎ᠠ ᠵᠢᠨ ᠵᠢᠮ᠎ᠡ᠎ᠪᠠᠷ ᠲᠨ ᠮᠢᠨᠢ ᠤᠯᠠᠨ᠎ᠢ ᠦᠵᠡᠯ᠎ᠡ᠃ ᠶᠡᠭᠡ ᠡᠷ᠎ᠡ ᠵᠢᠨ ᠰᠢᠨᠲᠡᠰᠤᠪᠠᠷ ᠡᠩ ᠬᠤᠷᠸ᠎ᠠ ᠵᠢᠨ ᠡᠯᠴᠢᠯ ᠦᠭᠡᠢ ᠵᠠᠢ ᠵᠢ ᠠᠵᠢᠭ ᠦᠬᠡᠢ᠌ᠭᠡᠨ ᠲᠤᠭᠤᠯᠵᠤ᠂ ᠴᠢᠬᠢᠭ᠎ᠤᠨ ᠦᠨᠦᠷ ᠠᠩᠬᠢᠯᠤᠭᠰᠠᠨ ᠵᠠᠭᠤᠨ ᠤᠢ᠎ᠪᠠᠨ ᠦᠯᠡᠲᠡᠭᠡᠭᠡᠳ᠂ ᠴᠢᠩ ᠵᠢᠷᠤᠮᠳᠤ ᠮᠤᠩᠭᠤᠯ ᠶᠡᠭᠡ ᠡᠷ᠎ᠡ ᠲᠨ ᠮᠢᠨᠢ ᠦᠩ ᠦᠷᠭᠡᠨ ᠠᠯᠠᠱᠨ᠎ᠳᠠᠭᠠᠨ ᠠᠯᠲᠠᠨ ᠨᠠᠷᠠ᠎ᠪᠠᠨ ᠲᠠᠭᠤᠷᠢᠰᠬᠠᠭ᠋ᠠᠳ᠂ ᠦᠯᠡᠮᠵᠢ ᠵᠢᠨ ᠠᠭᠤᠲᠠᠮ ᠬᠤᠷᠸ᠎ᠠ᠎ᠳᠤ ᠮᠦᠩᠭᠡ ᠵᠢᠨ ᠠᠯᠲᠡᠷ ᠵᠶ᠋ᠡᠨ ᠦᠢ᠍ᠯᠡᠰ᠎ᠤᠨ ᠠᠭᠤᠤ᠎ᠪᠠᠷ ᠵᠶ᠋ᠡᠨ ᠪᠢᠴᠢᠭᠯᠡᠭᠡᠳ᠂ 《ᠡᠪᠤᠭᠡᠨ ᠰᠢᠪᠠᠭᠤ》 ᠲᠨ ᠮᠢᠨᠢ ᠡᠬᠦᠯᠡᠨᠤ ᠡᠴᠢᠨ᠎ᠡ᠎ᠳᠤ ᠠᠯᠤᠰᠷᠡᠨ ᠤᠳᠴᠡᠢ᠃
ᠬᠡᠯᠡ ᠴᠤ᠌ ᠤᠯᠠᠨ ᠵᠢᠯ ᠲᠠᠨ᠎ᠤ ᠲᠤᠬᠠᠢ ᠪᠢᠴᠢᠵᠤ ᠲᠤᠭᠤᠷᠪᠢᠵᠤ ᠶᠠᠪᠤᠬᠤ᠎ᠳᠤ ᠲᠨ ᠮᠢᠨᠢ 《ᠵᠤᠪᠠᠯᠠᠩ》 ᠭᠡᠲᠡᠭ ᠦᠭᠡ ᠵᠢ ᠭᠠᠭᠴᠨ ᠴᠤ᠌ ᠤᠲᠠᠭ᠎ᠠ ᠴᠤᠬᠤᠢ᠌ᠯᠭ᠋ᠠᠵᠤ ᠦᠵᠡᠭᠡ ᠦᠭᠡᠢ ᠰᠢᠤ᠃
ᠤᠯᠤᠰ ᠲᠦᠷᠦ ᠵᠢᠨ ᠵᠦᠪᠯᠡᠯᠭᠡᠨ᠎ᠤᠨ ᠤᠢ᠎ᠳᠤ ᠰᠦᠭᠡ ᠭᠤᠸᠠᠢ᠎ᠲᠠᠢ ᠴᠤᠭ ᠠᠯᠬᠤᠯᠠᠵᠤ ᠪᠠᠢ᠌ᠭᠰᠠᠨ ᠰᠡᠨ᠃ ᠰᠦᠭᠡ ᠡᠨᠡᠷᠢᠩᠬᠦᠢ ᠢᠨᠢᠶᠡᠮᠰᠦᠭᠯᠡᠵᠤ᠄ ᠵᠨ ᠳ᠋ᠡ᠂ ᠮᠡᠷᠭᠡᠨ ᠡ᠂ ᠤᠯᠠᠨ ᠴᠤ᠌ ᠰᠤᠷᠪᠤᠯᠵᠢᠯᠠᠭᠴᠢ ᠢᠷᠡᠵᠤ ᠶᠠᠪᠤᠵᠤ ᠯᠡ ᠪᠠᠢ᠌ᠲᠠᠭ᠃ ᠪᠢ ᠴᠢᠮ᠎ᠡ᠎ᠳᠤ ᠨᠢᠭᠡ ᠦᠯᠢᠭᠡᠷ ᠬᠡᠯᠡᠵᠤ ᠦᠭᠬᠦᠶ᠎ᠡ᠃ ᠨᠢᠭᠡ ᠵᠠᠯᠠᠭᠤ᠄ ᠰᠦᠭᠡ ᠭᠤᠸᠠᠢ ᠡ᠂ ᠲᠨ ᠬᠦᠷᠵᠨᠪᠠᠨ ᠲᠡᠭᠡᠷ᠎ᠡ ᠡᠷᠬᠦ᠂ ᠪᠢ ᠵᠢᠷᠤᠭ ᠲᠡᠲᠡᠶᠡ ᠭᠡᠭᠰᠡᠨ ᠰᠢᠤ ᠬᠡᠮᠡᠨ ᠬᠦᠭᠡᠷᠦᠬᠦᠨ ᠨᠢᠭᠡᠨ ᠱᠤᠭ ᠬᠡᠯᠡᠵᠤ ᠨᠡᠲᠡ ᠵᠢ ᠡᠯᠢᠭᠡ ᠬᠦᠰᠢᠭᠡᠵᠤ ᠪᠠᠢ᠌ᠭᠰᠠᠨ ᠰᠡᠨ᠃ ᠤᠳᠤ ᠪᠤᠳᠤᠪᠠᠯ ᠤᠯᠤᠰ ᠲᠦᠷᠦ ᠵᠢᠨ ᠵᠦᠪᠯᠡᠯᠭᠡᠨ᠎ᠤ ᠠᠵᠢᠯ᠎ᠢ ᠬᠢᠬᠦ᠎ᠳᠤ ᠬᠢᠨᠠᠮᠠᠭ᠋ᠠᠢ ᠬᠠᠨᠳᠤᠵᠤ᠂ ᠤᠴᠢᠷ ᠪᠤᠯᠭ᠋ᠠᠨ᠎ᠳᠤ ᠴᠢᠩ ᠦᠨᠡᠨ᠎ᠢ ᠪᠡᠷᠢᠬᠤ ᠭᠡᠷᠡᠭᠲᠡᠢ ᠭᠡᠲᠡᠭ᠎ᠢ ᠨᠡᠲᠡ᠎ᠳᠤ ᠵᠢᠱ᠌ᠢᠶ᠎ᠡ ᠪᠤᠯᠭ᠋ᠠᠨ ᠶᠠᠷᠢᠵᠤ ᠪᠠᠢ᠌ᠭᠰᠠᠨ ᠪᠠᠢ᠌ᠬ᠎ᠠ ᠳ᠋ᠡ᠃ ᠡᠵᠡᠨ᠎ᠡ ᠵᠢᠨ ᠮᠢᠨᠢ ᠡᠩᠬᠦᠷᠡᠢ ᠡᠯᠢᠭᠡᠨ᠎ᠳᠤ ᠵᠠᠭᠤᠨ ᠤᠢ ᠪᠤᠢ᠃ ᠮᠢᠨᠤ ᠦᠷᠬᠦᠯᠵᠢ ᠤᠴᠢᠲᠠᠭ 《ᠤᠯᠤᠰ ᠲᠦᠷᠦ ᠵᠢᠨ ᠵᠦᠪᠯᠡᠯᠭᠡᠨ᠎ᠤ ᠰᠢᠭᠤᠢ》 ᠪᠤᠢ᠃ 《ᠡᠯᠢᠭᠡ ᠨᠢᠭᠡᠲᠡᠨ》 ᠰᠡᠳᠬᠦᠯ᠎ᠤᠨ ᠨᠤᠮ᠎ᠤᠨ ᠬᠠᠭᠤᠲᠠᠰᠤ ᠵᠢ ᠠᠭᠤᠤ ᠦᠢ᠍ᠯᠡᠰ᠎ᠤᠨ ᠡᠷᠬᠢᠮ ᠠᠯᠲᠡᠷ ᠵᠶ᠋ᠡᠷ ᠵᠶ᠋ᠡᠨ ᠴᠢᠮᠡᠵᠤ ᠶᠠᠪᠤᠭᠰᠠᠨ 《ᠴᠠᠭ ᠦᠶ᠎ᠡ ᠵᠢᠨ ᠬᠤᠰᠢᠭᠤᠴᠢ》 ᠰᠦᠭᠡ ᠭᠤᠸᠠᠢ ᠵᠢᠨ ᠬᠤᠷᠸ᠎ᠠ ᠵᠢᠨ ᠡᠯᠢᠭᠡᠨᠡ ᠮᠦᠩᠭᠡᠯᠡᠵᠤ ᠦᠯᠡᠲᠡᠭᠡᠭᠰᠡᠨ ᠵᠠᠭᠤᠨ ᠤᠢ᠎ᠨᠢ ᠪᠤᠢ᠃
ᠡᠰ ᠪᠦᠬᠦᠨ᠎ᠢ ᠡᠷᠴᠢᠯᠡᠬᠦ ᠡᠷᠴᠢ ᠵᠤᠷᠢᠭ ᠵᠶ᠋ᠡᠨ ᠤᠯᠠᠮ ᠴᠢᠩᠭ᠋ᠠᠯᠠᠶᠠ᠂ ᠡᠪᠤᠭᠡᠨ ᠪᠤᠭᠤᠷᠤᠯ ᠲᠠᠨ᠎ᠤ᠎ᠪᠠᠨ ᠠᠭᠤᠤ ᠤᠬᠠᠭ᠋ᠠᠨ᠎ᠠᠴᠠ ᠬᠦᠴᠤ ᠠᠪᠤᠶ᠎ᠠ᠃
《ᠰᠦᠭᠡ ᠠᠪᠤ ᠡ!》 ᠭᠡᠵᠤ ᠰᠡᠳᠬᠢᠯ᠎ᠳᠤ᠎ᠪᠠᠨ ᠰᠡᠮᠭᠡᠨ ᠲᠠᠭᠤᠲᠠᠶᠠ! ᠵᠠᠭᠤᠨ ᠤᠢ ᠵᠢᠨ ᠴᠢᠨᠢ ᠰᠡᠷᠢᠬᠦᠨ ᠰᠡᠪᠡᠯᠵᠡᠭᠡᠨᠳᠤ ᠴᠢᠨᠢ ᠵᠤᠭᠰᠤᠵᠤ᠂ ᠲᠠᠨ᠎ᠢ᠎ᠪᠠᠨ ᠲᠤᠷᠠᠰᠤᠭᠰᠠᠨ ᠡᠭᠡ ᠪᠢᠴᠢᠭ᠎ᠪᠠᠨ ᠲᠡᠲᠡᠯᠡᠶᠡ!
ᠤᠨ ᠵᠢᠯ᠎ᠤᠨ ᠤᠷᠴᠢᠯ᠎ᠳᠤ᠂ ᠵᠠᠭᠤᠨ ᠤᠢ ᠮᠢᠨᠢ ᠲᠠᠨᠢᠬᠦᠨ ᠨᠤᠳᠤᠭ ᠵᠶ᠋ᠡᠨ ᠴᠢᠮᠡᠭᠰᠡᠭᠡᠷ ᠂ ᠲᠠᠷᠬᠠᠨ ᠪᠠᠢ᠌ᠭ᠋ᠠᠯᠢ ᠤᠯᠠᠮ ᠦᠩᠰᠢᠵᠤ᠂ ᠲᠡᠤᠭᠡ ᠵᠢᠨ ᠤᠷᠳᠤ ᠠᠶᠠᠨ᠎ᠳᠤ᠂ 《ᠴᠠᠭ ᠦᠶ᠎ᠡ ᠵᠢᠨ ᠬᠤᠰᠢᠭᠤᠴᠢ》 ᠵᠢᠨ ᠡᠷᠬᠢᠮ ᠠᠯᠲᠡᠷ ᠬᠦᠮᠦᠨ ᠠᠷᠠᠳ᠎ᠲᠠᠭᠠᠨ ᠵᠤᠷᠢᠭ ᠢᠲᠡᠭᠡᠯ ᠨᠡᠮᠡᠷᠢᠯᠡᠭᠰᠡᠭᠡᠷ᠂ ᠠᠷᠢᠭᠤᠨ ᠰᠠᠢ᠌ᠬᠠᠨ᠎ᠤ ᠲᠤᠩᠬᠠᠭ ᠪᠤᠯᠵᠤ ᠮᠦᠩᠭᠡᠷᠡᠨ᠎ᠡ᠃
2021 ᠤᠨ᠎ᠤ 6 ᠰᠠᠷ᠎ᠠ ᠵᠢᠨ 23᠎ᠤ ᠰᠦᠨᠢ
ᠵᠤᠬᠢᠶᠠᠭᠴᠢ ᠵᠢᠨ ᠬᠠᠶᠢᠭ᠄ ᠦᠪᠤᠷ ᠮᠤᠩᠭᠤᠯ᠎ᠤᠨ ᠤᠯᠤᠰ ᠲᠦᠷᠦ ᠵᠢᠨ ᠵᠦᠪᠯᠡᠯᠭᠡᠨ