ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠪᠦᠬᠦ ᠤᠯᠤᠰ᠎ᠤᠨ ᠨᠢᠭᠡᠳᠦᠭᠡᠷ ᠳᠡᠰ᠎ᠤᠨ ᠪᠠᠢ᠌ᠯᠳᠤᠭ᠋ᠠᠨ᠎ᠤ ᠪᠠᠭ᠋ᠠᠳᠤᠷ ᠬᠤᠳᠠᠯᠠ
ᠨᠡᠶᠢᠲᠡᠯᠡᠭᠰᠡᠨ ᠴᠠᠭ᠄ 2021-12-15


       —  ᠲᠤᠮᠳᠠᠳᠤ ᠤᠯᠤᠰ᠎ᠤᠨ ᠡᠪ ᠬᠠᠮᠳᠤ ᠨᠠᠮ ᠪᠠᠢ᠌ᠭᠤᠯᠤᠭᠳᠠᠭᠰᠠᠨ100 ᠵᠢᠯ᠎ᠤᠨ ᠤᠢ᠎ᠳᠤ ᠵᠤᠷᠢᠭᠤᠯᠪᠠ
                     ᠸ᠊ · ᠠᠭᠤᠯᠠ ᠰᠤᠷᠪᠤᠯᠵᠢᠯᠠᠪᠠ
    
    ᠪᠦᠬᠦ ᠤᠯᠤᠰ᠎ᠤᠨ ᠨᠢᠭᠡᠳᠦᠭᠡᠷ ᠳᠡᠰ᠎ᠤᠨ ᠪᠠᠢ᠌ᠯᠳᠤᠭ᠋ᠠᠨ᠎ᠤ ᠪᠠᠭ᠋ᠠᠳᠤᠷ ᠬᠤᠲᠠᠯᠠ ᠨᠦᠬᠦᠷ 1923 ᠤᠨ᠎ᠤ 10  ᠳ᠋ᠤᠭ᠋ᠠᠷ ᠰᠠᠷ᠎ᠠ᠎ᠳᠤ ᠦᠪᠦᠷ ᠮᠤᠩᠭᠤᠯ᠎ᠤᠨ ᠵᠢᠷᠢᠮ ᠠᠢ᠌ᠮᠠᠭ᠎ᠤᠨ ᠬᠤᠷᠴᠢᠨ ᠵᠡᠭᠦᠨ ᠭᠠᠷᠤᠨ ᠬᠤᠢ᠌ᠲᠦ ᠬᠤᠰᠢᠭᠤᠨ᠎ᠤ ᠴᠢᠯᠠᠭᠤᠲᠦ ᠪᠠᠯᠭ᠋ᠠᠰᠤᠨ᠎ᠤ ᠠᠯᠠᠭ ᠮᠤᠷᠢ ᠭᠠᠴᠠᠭ᠋ᠠᠨ᠎ᠤ ᠬᠤᠢ᠌ᠲᠦ ᠠᠯᠠᠭ ᠮᠤᠷᠢᠨ ᠠᠢ᠌ᠯ (1949 ᠤᠨ᠎ᠠᠴᠠ ᠬᠦᠷᠢᠶ᠎ᠡ ᠬᠤᠰᠢᠭᠤᠨ᠎ᠳᠤ ᠬᠤᠪᠢᠶᠠᠭᠳᠠᠵᠦ᠂ ᠵᠢᠷᠭᠤᠳᠤᠭ᠋ᠠᠷ ᠨᠤᠲᠤᠭ ᠭᠡᠵᠠᠢ᠃1955 ᠤᠨ᠎ᠤ 7  ᠳ᠋ᠤᠭ᠋ᠠᠷ ᠰᠠᠷ᠎ᠠ᠎ᠠᠴᠠ ᠬᠤᠷᠴᠢᠨ ᠵᠡᠭᠦᠨ ᠭᠠᠷᠤᠨ ᠬᠤᠢ᠌ᠲᠦ ᠬᠤᠰᠢᠭᠤᠨ᠎ᠳᠤ ᠰᠢᠯᠵᠢᠭᠦᠯᠪᠡ᠃ ᠬᠤᠲᠠᠯᠠ ᠪᠠᠭ᠋ᠠᠲᠤᠷ ᠦᠪᠡᠷ᠎ᠤᠨ ᠨᠠᠮᠲᠡᠷ ᠵᠶ᠋ᠠᠨ ᠵᠢᠷᠢᠮ ᠠᠢ᠌ᠮᠠᠭ᠎ᠤᠨ ᠬᠦᠷᠢᠶ᠎ᠡ ᠬᠤᠰᠢᠭᠤ ᠭᠡᠵᠦ  ᠪᠢᠴᠢᠭᠰᠡᠨ ᠶᠤᠮ)᠎ᠤᠨ ᠨᠢᠭᠡᠨ ᠮᠤᠩᠭᠤᠯ ᠦᠨᠲᠦᠰᠦᠲᠠᠨ᠎ᠤ ᠲᠠᠷᠢᠶᠠᠴᠢᠨ᠎ᠤ ᠭᠡᠷ᠎ᠲᠤ ᠲᠦᠷᠦᠵᠡᠢ᠃ ᠴᠢᠯᠦᠭᠡᠯᠡᠭᠲᠡᠬᠦ᠎ᠠᠴᠠ ᠡᠮᠦᠨ᠎ᠠ ᠲᠡᠲᠠᠠ᠎ᠤ ᠠᠮᠢᠲᠦᠷᠠᠯ᠎ᠨᠢ ᠲᠦᠢ᠍ᠯ᠎ᠤᠨ  ᠬᠦᠴᠢᠷᠲᠡᠢ ᠪᠠᠢ᠌ᠪᠠ᠃ ᠲᠠᠷᠠ ᠠᠷᠪᠠᠨ ᠲᠦᠷᠪᠡᠨ ᠨᠠᠰᠤᠨ᠎ᠠᠴᠠ᠎ᠪᠠᠨ ᠭᠠᠵᠠᠷ᠎ᠤᠨ ᠡᠵᠡᠨ᠎ᠤ᠎ᠳᠤ ᠠᠵᠢᠯ ᠬᠢᠵᠦ᠂  ᠮᠠᠯ ᠬᠤᠨᠢ ᠬᠠᠷᠢᠭᠤᠯᠬᠤ ᠬᠦᠴᠢᠷ ᠵᠤᠪᠠᠯᠠᠩᠲᠠᠢ ᠠᠮᠢᠲᠤᠷᠡᠯ᠎ᠢ ᠦᠩᠭᠡᠷᠡᠭᠡᠵᠦ ᠠᠮᠢ  ᠵᠢᠭᠤᠵᠤ ᠪᠠᠢ᠌ᠵᠠᠢ᠃ ᠠᠷᠪᠠᠨ ᠶᠢᠰᠦᠲᠠᠢ᠎ᠳᠤ᠎ᠪᠠᠨ ᠶᠠᠫᠤᠨ ᠴᠡᠷᠢᠭ᠎ᠲᠤ ᠪᠠᠷᠢᠭᠲᠠᠵᠦ ᠬᠠᠷ᠎ᠠ ᠠᠯᠪᠠᠨ᠎ᠳᠤ ᠶᠠᠪᠤᠵᠦ᠂ ᠡᠵᠡᠷᠭᠡᠭ ᠲᠦᠷᠢᠮᠡᠭᠡᠢ᠌ᠲᠡᠨ᠂ ᠹᠸᠤᠲᠡᠯ᠎ᠤᠨ ᠭᠠᠵᠠᠷ᠎ᠤᠨ ᠡᠵᠡᠨ ᠪᠠ ᠸᠠᠩ ᠬᠦᠭ ᠢᠵᠠᠭᠤᠷᠲᠠᠨ᠎ᠤ ᠬᠠᠯᠠ ᠲᠠᠮᠦ᠂ ᠬᠠᠷᠬᠢᠰ ᠲᠤᠷᠤᠮᠵᠢᠯᠡᠯ᠎ᠢ  ᠬᠠᠨᠲᠠᠯ᠎ᠠ᠎ᠪᠠᠨ ᠠᠮᠰᠠᠵᠦ᠂   ᠡᠵᠡᠷᠭᠡᠭ ᠲᠦᠷᠢᠮᠡᠭᠡᠢ᠌ᠲᠡᠨ᠎ᠤ ᠲᠠᠷᠤᠯᠠᠯ ᠮᠦᠯᠵᠢᠯ᠎ᠢ ᠡᠰᠡᠷᠭᠦᠴᠡᠬᠦ  ᠤᠬᠠᠮᠰᠠᠷ᠎ᠲᠠᠢ ᠪᠤᠯᠵᠦ ᠪᠢᠯᠠ᠃ ᠡᠭᠡ ᠤᠯᠤᠰ ᠎ᠤᠨ ᠵᠶ᠋ᠠᠨ ᠴᠢᠯᠦᠭᠡᠯᠡᠯᠲᠠ  ᠵᠢᠨ ᠲᠦᠯᠦᠭᠡ ᠲᠡᠷᠡ  1947 ᠤᠨ᠎ᠤ 2  ᠳ᠋ᠤᠭ᠋ᠠᠷ ᠰᠠᠷ᠎ᠠ᠎ᠳᠤ  ᠰᠠᠢ᠌ᠨ ᠳᠤᠷ᠎ᠠ᠎ᠠᠴᠠ᠎ᠪᠠᠨ ᠲᠤᠮᠲᠡᠲᠦ ᠤᠯᠤᠰ᠎ᠤᠨ ᠴᠢᠯᠦᠭᠡᠯᠡᠬᠦ ᠴᠡᠷᠢᠭ᠎ᠲᠤ ᠤᠷᠤᠪᠠ᠃ ᠲᠡᠭᠡᠭᠡᠳ ᠲᠠᠰᠤᠭ᠎ᠤᠨ ᠲᠠᠷᠤᠭ᠎ᠠ᠂ ᠰᠠᠯᠠᠭ᠋ᠠᠨ ᠳᠠᠷᠤᠭ᠎ᠠ᠂ ᠰᠤᠮᠤᠨ ᠲᠠᠷᠤᠭ᠎ᠠ᠂ ᠰᠠᠯᠠᠭ᠋ᠠᠨ ᠲᠠᠷᠤᠭ᠎ᠠ᠂ ᠳᠡᠳ᠋ ᠪᠠᠲᠯᠢᠶᠦᠨ ᠎ᠤ ᠲᠠᠷᠤᠭ᠎ᠠ᠂ ᠬᠤᠷᠢᠶ᠎ᠠ ᠵᠢᠨ ᠵᠶ᠋ᠠᠨ ᠳᠡᠳ᠋ ᠽᠠᠨᠮᠦᠢ᠍ᠵᠠᠡᠭ᠂ ᠳᠡᠳ᠋ ᠬᠤᠷᠢᠶᠠᠨ ᠲᠠᠷᠤᠭ᠎ᠠ ᠵᠡᠷᠭᠡ ᠲᠤᠰᠢᠶᠡᠯ᠎ᠢ ᠡᠭᠦᠷᠭᠡᠯᠡᠵᠦ᠂ 1948 ᠤᠨ᠎ᠤ 10 ᠳ᠋ᠤᠭ᠋ᠠᠷ ᠰᠠᠷ᠎ᠠ᠎ᠳᠤ ᠦᠩᠭᠡ ᠭᠡᠷᠡᠯᠲᠢ ᠎ᠲᠠᠢ᠎ᠪᠠᠷ ᠲᠤᠮᠲᠡᠲᠦ ᠤᠯᠤᠰ᠎ᠤᠨ ᠡᠪ ᠬᠠᠮᠲᠦ ᠨᠠᠮ᠎ᠳᠤ ᠡᠯᠰᠡᠭᠲᠡᠪᠠ᠃ 1982 ᠤᠨ᠎ᠤ 12 ᠳ᠋ᠤᠭ᠋ᠠᠷ ᠰᠠᠷ᠎ᠠ᠎ᠳᠤ ᠵᠢᠩᠬᠢᠨᠢ ᠬᠤᠷᠢᠶᠡᠨ᠎ᠤ ᠲᠡᠰ᠎ᠤᠨ ᠺᠠᠳ᠋ᠷ ᠵᠶ᠋ᠠᠷ ᠨᠠᠰᠤᠨ᠎ᠤ ᠠᠮᠠᠷᠠᠯᠲᠠ᠎ᠪᠠᠨ ᠠᠪᠤᠭᠰᠡᠨ ᠪᠠᠢ᠌ᠨ᠎ᠠ᠃ 
     ᠬᠤᠲᠠᠯᠠ ᠨᠦᠭᠦᠷ ᠬᠤᠪᠢᠰᠬᠠᠯ᠎ᠳᠤ ᠤᠷᠤᠯᠴᠠᠭᠰᠠᠨ᠎ᠠᠴᠠ ᠎ᠪᠠᠨ  ᠨᠠᠭ᠋ᠠᠰᠢ᠂ ᠬᠡᠵᠢᠶᠡᠲᠠ ᠨᠠᠮ ᠪᠠ ᠠᠷᠠᠳ ᠲᠦᠮᠡᠨ᠎ᠳᠤ ᠦᠨᠡᠨᠴᠢ ᠰᠢᠲᠦᠷᠭᠤ ᠵᠢᠳᠬᠦᠵᠦ ᠢᠷᠡᠭᠰᠡᠨ ᠶᠤᠮ᠃  ᠲᠡᠷᠠ ᠠ᠊  ᠪᠡᠶ᠎ᠠ᠎ᠪᠠᠷ ᠵᠶ᠋ᠡᠨ ᠬᠡᠪ ᠲᠦᠷᠢᠮ ᠪᠤᠯᠵᠦ ᠪᠠᠢ᠌ᠯᠲᠤᠭᠴᠢᠳ ᠵᠶ᠋ᠠᠨ ᠲᠠᠭ᠋ᠠᠭᠤᠯᠤᠨ《ᠨᠢᠭᠡ᠎ᠳᠤ᠂ ᠬᠦᠴᠢᠷ᠎ᠠᠴᠠ ᠠᠶᠤᠬᠤ ᠦᠭᠡᠢ᠂ ᠬᠤᠶᠡᠷ᠎ᠲᠤ᠂ ᠦᠭᠦᠭᠦ᠎ᠠᠴᠠ ᠠᠶᠤᠬᠤ ᠦᠭᠡᠢ》ᠬᠤᠪᠢᠰᠬᠠᠯᠲᠦ ᠵᠤᠷᠢᠭ ᠰᠠᠨᠠᠭ᠎ᠠ ᠵᠢ ᠪᠠᠲᠠᠷᠠᠭᠤᠯᠤᠨ᠂ ᠦᠷᠯᠦᠭᠡ ᠦᠲᠡᠰᠢ ᠵᠢ ᠲᠠᠮᠡᠴᠠᠨ᠂ ᠬᠦᠴᠢᠷ ᠵᠤᠪᠠᠯᠠᠩ ᠎ᠢ  ᠬᠠᠮᠲᠤ᠎ᠪᠠᠷ ᠡᠳ᠋ᠯᠡᠵᠦ ᠲᠠᠰᠪᠦᠷᠢ ᠬᠠᠲᠠᠭᠤᠵᠢᠯᠲᠠᠢ᠎ᠪᠠᠷ ᠪᠤᠯᠪᠠᠰᠤᠷᠠᠨ᠂ ᠦᠨᠠᠨ ᠴᠢᠲᠠᠪᠦᠷᠢ ᠵᠢ ᠡᠵᠡᠮᠰᠢᠨ᠂ ᠪᠠᠢ᠌ᠯᠲᠤᠬᠤ ᠬᠦᠴᠦᠨ ᠵᠶ᠋ᠠᠨ ᠲᠡᠭᠡᠭᠰᠢᠯᠡᠭᠦᠯᠦᠭᠰᠡᠨ ᠪᠠᠢ᠌ᠨ᠎ᠠ᠃ ᠲᠠᠷᠡ ᠦᠷᠬᠦᠯᠵᠢ ᠰᠠᠢ᠌ᠨ ᠬᠦᠮᠦᠨ᠎ᠤ ᠰᠠᠢ᠌ᠨ ᠶᠠᠪᠤᠲᠠᠯ ᠬᠢᠵᠦ᠂ ᠠᠷᠠᠳ ᠢᠷᠭᠡᠳ᠎ᠲᠤ ᠲᠤᠰᠠᠯᠠᠨ᠂ ᠤᠰᠤ ᠲᠦᠯᠡᠭᠡ ᠵᠢ᠎ᠨᠢ ᠤᠢ᠌ᠷᠡᠲᠤᠭᠤᠯᠵᠦ᠂ ᠭᠡᠷ ᠲᠡᠷᠭᠡ ᠵᠢ᠎ᠨᠢ ᠴᠡᠪᠡᠷᠯᠡᠵᠦ᠂ ᠬᠡᠷᠡᠮ ᠬᠠᠰᠢᠶ᠎ᠠ ᠵᠢ᠎ᠨᠢ ᠰᠡᠯᠪᠢᠨ ᠵᠠᠰᠠᠵᠦ ᠦᠭᠲᠡᠭ᠃ ᠲᠠᠷᠡ  ᠶᠡᠷᠦ ᠲᠤᠭᠰᠢᠨ ᠰᠠᠯᠬᠢ ᠰᠢᠷᠦᠭᠦᠨ ᠪᠤᠷᠤᠭ᠋ᠠᠨ᠂ ᠲᠠᠰᠬᠢᠮ᠎ᠠ ᠬᠦᠢ᠍ᠲᠡᠨ ᠴᠠᠰᠦ ᠰᠢᠭᠤᠷᠭ᠋ᠠᠨ᠎ᠳᠤ  ᠪᠠᠢ᠌ᠯᠲᠤᠭᠴᠢ ᠎ᠪᠠᠨ ᠤᠷᠤᠯᠠᠨ ᠬᠠᠷᠠᠭᠤᠯ ᠵᠤᠭᠰᠤᠲᠠᠭ ᠪᠢᠯᠡ᠃ ᠤᠨᠴᠠᠭ᠋ᠠᠢ᠌ᠯᠠᠨ ᠰᠢᠷᠬ᠎ᠠ ᠰᠤᠷᠪᠢ᠎ᠲᠠᠢ ᠂ ᠡᠪᠠᠳᠴᠢᠨ᠎ᠲᠠᠢ ᠪᠠᠢ᠌ᠯᠲᠤᠭᠴᠢ᠎ᠳᠤ᠎ᠪᠠᠨ ᠶᠠᠭ ᠯᠠ ᠠᠬ᠎ᠠ ᠲᠡᠭᠦᠤ ᠰᠠᠲᠤᠨ ᠵᠶ᠋ᠠᠨ ᠰᠢᠭ᠋ ᠬᠠᠨᠲᠤᠵᠦ᠂ ᠡᠲᠦᠷ ᠰᠦᠨᠢ ᠢᠯᠭ᠋ᠠᠯ ᠦᠭᠡᠢ ᠬᠤᠭᠤᠯᠡ ᠤᠮᠲᠠ ᠵᠢ᠎ᠨᠢ ᠵᠦᠭᠡᠭᠡᠵᠦ᠂ ᠠᠯᠵᠢᠶᠡᠯ ᠵᠦᠲᠡᠷᠡᠯ ᠵᠶ᠋ᠡᠨ ᠬᠠᠢ᠌ᠬᠤᠷᠣᠯ ᠦᠭᠡᠢ ᠠᠰᠠᠷᠠᠵᠦ ᠬᠠᠷᠠᠭ᠋ᠠᠯᠵᠠᠲᠠᠭ ᠪᠦᠭᠡᠳ ᠡᠮ ᠲᠠᠩ᠎ᠢ᠎ᠨᠢ ᠴᠢᠨᠠᠵᠦ᠂ ᠬᠦᠯ ᠭᠠᠷ ᠎ᠢ᠎ᠨᠢ ᠤᠬᠢᠶᠡᠨ ᠴᠠᠪᠡᠷᠯᠡᠵᠦ ᠦᠭᠲᠡᠭ ᠶᠤᠮ᠃  ᠲᠡᠭᠡᠬᠦᠯᠡᠷ ᠰᠤᠮᠤᠨ᠎ᠤ᠎ᠬᠢᠨ᠎ᠨᠢ 《ᠮᠠᠨ᠎ᠤ ᠰᠠᠢ᠌ᠨ ᠰᠤᠮᠤᠨ ᠲᠠᠷᠤᠭ᠎ᠠ》 ᠬᠡᠵᠦ ᠲᠤᠲᠦᠨᠤᠴᠢᠯᠠᠨ ᠲᠠᠭᠤᠲᠠᠲᠠᠭ᠃ 1949 ᠤᠨ᠎ᠤ 2 ᠳ᠋ᠤᠭ᠋ᠠᠷ ᠰᠠᠷ᠎ᠠ᠎ᠳᠤ ᠠᠷᠠᠳ᠎ᠤᠨ ᠴᠢᠯᠦᠭᠡᠯᠡᠭᠦ ᠴᠡᠷᠢᠭ᠎ᠤᠨ ᠲᠤᠯᠤᠯᠲᠤᠭ᠋ᠠᠨ᠎ᠤ ᠬᠡᠲᠡᠷᠭᠦ ᠲᠠᠭ᠋ᠠᠷᠢᠯᠲᠠ ᠡᠬᠢᠯᠡᠭᠦ᠎ᠳᠤ ᠬᠢᠩᠭ᠋ᠠᠨ ᠴᠡᠷᠢᠭ᠎ᠤᠨ ᠲᠤᠭᠤᠷᠢᠭ᠎ᠤᠨ ᠰᠸᠯᠢᠩ ᠠᠰᠬᠠᠨ᠂ ᠨᠢᠭᠡᠲᠦᠭᠡᠷ ᠳ᠋ᠢᠸᠢᠽᠢ ᠵᠢᠨ ᠲᠠᠷᠤᠭ᠎ᠠ ᠸᠠᠩ ᠬᠠᠢ ᠱᠠᠨ᠂ ᠵᠢᠭ᠋ᠠᠨ ᠵᠢᠯᠤᠭᠤᠲᠦᠭ᠍ᠴᠢ ᠬᠤ᠌ ᠪᠢᠩ ᠴᠢᠣᠸᠠᠨ ᠨᠠᠷ ᠸᠠᠩ᠎ᠤᠨ  ᠰᠦᠮ᠎ᠡ (ᠤᠯᠠᠭ᠋ᠠᠨᠬᠤᠲᠠ)᠎ᠠᠴᠠ ᠴᠡᠷᠢᠭ ᠲᠠᠢ᠌ᠴᠢᠯᠠᠨ ᠮᠤᠷᠲᠠᠪᠠ᠃ ᠪᠢᠲᠡᠭᠦᠨ᠎ᠳᠤ ᠬᠤᠷᠴᠢᠨ ᠵᠡᠭᠦᠨ ᠭᠠᠷᠤᠨ ᠲᠤᠮᠲᠡᠲᠦ ᠬᠤᠰᠢᠭᠤ ᠵᠢᠨ ᠱᠸᠪᠡᠷᠲᠦ ᠵᠢ  ᠴᠢᠯᠦᠭᠡᠯᠡᠭᠡᠳ᠂ ᠨᠠᠢ᠍ᠮᠠᠨ  ᠬᠤᠰᠢᠭᠤ ᠤᠷᠤᠭᠤ ᠰᠢᠯᠵᠢᠨ ᠂ ᠠᠰᠬᠠᠨ ᠵᠠᠩᠵᠤᠨ ᠪᠤᠯᠤᠨ ᠲᠠᠪᠤᠲᠦᠭ᠋ᠠᠷ ᠬᠤᠪᠢᠶᠡᠷᠢ ᠲᠤᠭᠤᠷᠢᠭ᠎ᠤᠨ ᠲᠡᠳ᠋ ᠰᠸᠯᠢᠩ ᠬᠤᠸᠠᠩ ᠶᠦᠩ ᠭᠦᠢ ᠴᠡᠷᠢᠭ ᠰᠠᠯᠭ᠋ᠠᠨ ᠡᠮᠦᠨᠠᠰᠢ ᠪᠠᠭᠤᠪᠠ᠃ 2 ᠳ᠋ᠤᠭ᠋ᠠᠷ ᠰᠠᠷ᠎ᠠ ᠵᠢᠨ14᠎ᠤ  ᠦᠦᠷ ᠵᠶ᠋ᠠᠷ ᠠᠰᠬᠠᠨ ᠵᠠᠩᠵᠤᠨ ᠦᠪᠡᠷ᠎ᠤᠨ ᠪᠡᠶ᠎ᠠ᠎ᠪᠠᠷ ᠵᠶ᠋ᠠᠨ ᠨᠢᠭᠡᠲᠦᠭᠡᠷ ᠳ᠋ᠢᠸᠢᠽᠢ ᠵᠢᠨ ᠲᠠᠪᠤᠲᠦᠭ᠋ᠠᠷ ᠬᠤᠷᠢᠶ᠎ᠠ ᠪᠤᠯᠤᠨ ᠶᠠᠭᠡ ᠫᠤᠤᠲᠦ ᠴᠡᠷᠢᠭ᠎ᠤᠨ ᠰᠤᠮᠦ ᠵᠢ ᠵᠢᠯᠤᠭᠤᠲᠦᠨ ᠠᠶᠤᠩᠭ᠎ᠠ ᠴᠠᠬᠢᠯᠭ᠋ᠠᠨ ᠮᠡᠲᠦ᠎ᠪᠠᠷ ᠪᠦᠸᠸ ᠸᠠᠩ᠎ᠤᠨ ᠤᠷᠲᠤᠨ (ᠵᠢᠷᠭ᠋ᠠᠯᠠᠩ ᠪᠠᠯᠭ᠋ᠠᠰᠦ) ᠵᠢ  ᠪᠦᠰᠡᠯᠡᠵᠦ ᠠᠪᠴᠠᠢ᠃ ᠬᠤᠶᠡᠷ ᠴᠠᠭ ᠢᠯᠡᠭᠦᠤ ᠵᠢᠨ ᠰᠢᠷᠦᠭᠦᠨ ᠲᠤᠯᠤᠯᠲᠤᠭ᠋ᠠᠨ᠎ᠢ ᠲᠠᠮᠵᠢᠵᠦ ᠭᠤᠮᠢᠨᠲᠠᠩ᠎ᠤᠨ ᠬᠤᠷᠴᠢᠨ ᠵᠡᠭᠦᠨ ᠭᠠᠷᠣᠨ ᠬᠤᠢ᠌ᠲᠦ ᠬᠤᠰᠢᠭᠤᠨ ᠎ᠳᠤ᠎ᠬᠢ  ᠠᠮᠦᠷ᠎ᠢ ᠬᠠᠮᠠᠭ᠋ᠠᠯᠠᠬᠤ ᠶᠡᠭᠡ ᠠᠩᠬᠢ ᠵᠢ ᠪᠦᠭᠦᠨ ᠵᠶ᠋ᠠᠷ᠎ᠨᠢ ᠤᠰᠠᠳᠬᠠᠵᠦ ᠵᠢᠷᠭ᠋ᠠᠯᠠᠩ ᠪᠠᠯᠭ᠋ᠠᠰᠦ ᠵᠢ ᠴᠢᠯᠦᠭᠡᠯᠡᠪᠠ᠃ ᠡᠨᠠ᠎ᠨᠢ ᠪᠦᠭᠦ ᠲᠠᠯ᠎ᠠ ᠵᠢᠨ ᠲᠠᠭ᠋ᠠᠷᠢᠯᠲᠠ᠎ᠳᠤ ᠠᠰᠢᠭᠲᠠᠢ ᠨᠦᠬᠦᠴᠠᠯ᠎ᠢ ᠤᠯᠭᠤᠵᠦ ᠵᠢᠷᠢᠮ ᠠᠢ᠌ᠮᠠᠭ᠎ᠤᠨ ᠴᠢᠯᠦᠭᠡᠯᠡᠯᠲᠠ᠎ᠳᠤ ᠰᠢᠢ᠍ᠳᠪᠦᠷᠢᠯᠡᠬᠦ ᠴᠢᠨᠠᠷᠲᠠᠢ ᠦᠢ᠍ᠯᠡᠲᠦᠯ ᠦᠵᠡᠭᠦᠯᠦᠭᠰᠡᠨ ᠪᠠᠢ᠌ᠨ᠎ᠠ᠃ 1947 ᠤᠨ᠎ᠤ 3  ᠳ᠋ᠤᠭ᠋ᠠᠷ ᠰᠠᠷ᠎ᠠ ᠵᠢᠨ 21᠎ᠤ ᠡᠲᠦᠷ ᠠᠰᠬᠠᠨ ᠵᠠᠩᠵᠤᠨ ᠲᠤᠢ᠍ᠩᠯᠢᠶᠤᠤ ᠵᠢ ᠴᠢᠯᠦᠭᠡᠯᠡᠬᠦ ᠵᠠᠷᠯᠢᠭ ᠪᠠᠭᠤᠯᠭ᠋ᠠᠬᠤ᠎ᠳᠤ ᠵᠠᠷᠯᠢᠭ ᠬᠦᠯᠢᠶᠡᠭᠰᠡᠨ ᠮᠤᠷᠢᠲᠦ ᠴᠡᠷᠢᠭ᠎ᠤᠨ ᠬᠤᠶᠡᠲᠦᠭ᠋ᠠᠷ ᠳ᠋ᠢᠸᠢᠽᠢ᠎ᠤᠨ 11—12 ᠳ᠋ᠤᠭ᠋ᠠᠷ ᠬᠤᠷᠢᠶ᠎ᠠ ᠪᠠᠴᠢᠮ ᠬᠤᠷᠠᠯ  ᠬᠤᠷᠠᠯᠳᠤᠭᠤᠯᠵᠤ᠂ ᠲᠤᠢ᠍ᠩᠯᠢᠶᠤᠤ ᠵᠢ ᠡᠵᠡᠯᠡᠬᠦ ᠠᠷᠭ᠎ᠠ ᠪᠤᠲᠤᠯᠭ᠎ᠠ ᠵᠢ ᠶᠠᠷᠢᠯᠴᠠᠨ ᠬᠠᠮᠤᠭ ᠡᠴᠦᠰ᠎ᠲᠤ 《ᠲᠤᠩᠰᠢᠭᠤᠯ  ᠮᠤᠲᠦ ᠲᠤᠩᠰᠢᠬᠤ ᠠᠷᠭ᠎ᠠ》᠎ᠪᠠᠷ ᠲᠤᠢ᠍ᠩᠯᠢᠶᠤᠤ ᠵᠢ ᠡᠵᠡᠯᠡᠬᠦ᠎ᠪᠠᠷ ᠲᠤᠭᠲᠠᠪᠠ᠃ ᠡᠭᠦᠨ᠎ᠳᠤ ᠬᠤᠷᠢᠶᠡᠨ᠎ᠤ ᠽᠠᠨᠮᠤᠢ᠍ᠵᠠᠩ ᠲᠡᠭᠦᠰᠪᠠᠶᠠᠷ (ᠠᠷᠡᠳ᠎ᠤᠨ ᠲᠠᠭᠤᠤ ᠎ᠳᠤ  ᠭᠠᠷᠳᠠᠭ ᠲᠡᠭᠦᠰᠪᠠᠶᠠᠷ) ᠪᠠᠢ᠌ᠯᠲᠤᠭ᠋ᠠᠨ᠎ᠤ ᠨᠠᠷᠢᠨ ᠲᠦᠯᠦᠪᠯᠡᠯᠭᠡ ᠵᠢ ᠪᠠᠢ᠌ᠷᠢᠰᠢᠭᠤᠯᠤᠭᠰᠡᠨ ᠪᠠᠢ᠌ᠨ᠎ᠠ᠃ ᠪᠦᠬᠦ ᠴᠡᠷᠢᠭ (11—12 ᠳ᠋ᠤᠭ᠋ᠠᠷ ᠬᠤᠷᠢᠶ᠎ᠠ) ᠵᠶ᠋ᠠᠨ ᠭᠤᠷᠪᠠᠨ ᠵᠠᠮ (ᠵᠡᠭᠦᠨ᠂ ᠪᠠᠷᠠᠭᠤᠨ᠂ ᠲᠤᠮᠲᠠ) ᠬᠤᠪᠢᠶᠠᠵᠦ᠂ ᠲᠤᠮᠲᠠ ᠵᠠᠮ᠎ᠨᠢ ᠭᠤᠤᠯ ᠬᠦᠴᠦᠨ ᠴᠡᠷᠢᠭ ᠪᠤᠯᠵᠦ  ᠵᠡᠭᠦᠨ ᠪᠠᠷᠠᠭᠤᠨ ᠬᠤᠶᠡᠷ ᠵᠠᠮ ᠎ᠨᠢ ᠬᠠᠪᠴᠢᠨ ᠲᠠᠭ᠋ᠠᠷᠢᠪᠠ᠃ 3  ᠳ᠋ᠤᠭ᠋ᠠᠷ ᠰᠠᠷ᠎ᠠ ᠵᠢᠨ 22 ᠎ᠤ ᠡᠳᠦᠷ᠎ᠤᠨ ᠦᠷᠯᠦᠭᠡ  ᠪᠠᠢ᠌ᠯᠲᠤᠭ᠋ᠠᠨ ᠡᠬᠢᠯᠡᠬᠦ᠎ᠳᠤ ᠲᠤᠬᠠᠢ ᠵᠢᠨ ᠦᠶ᠎ᠠ ᠵᠢᠨ ᠵᠢᠷᠢᠮ ᠠᠢ᠌ᠮᠠᠭ᠎ᠤᠨ ᠠᠬᠠᠯᠠᠭᠴᠢ ᠲᠠᠷᠪᠠ ᠵᠢᠨ ᠬᠠᠷᠢᠶᠡᠲᠦ ᠡᠰᠡᠷᠭᠦᠯᠡᠭᠴᠢᠳ ᠪᠠ ᠭᠤᠮᠢᠨᠲᠠᠩ᠎ᠤᠨ ᠠᠮᠤᠷ᠎ᠢ ᠬᠠᠮᠠᠭ᠋ᠠᠯᠠᠬᠤ ᠬᠤᠷᠢᠶ᠎ᠠ ᠵᠢᠨ᠎ᠬᠢᠨ ᠲᠦᠩᠯᠢᠶᠤᠤ ᠵᠢᠨ ᠬᠤᠢ᠌ᠲᠦ ᠵᠠᠬ᠎ᠠ ᠲᠡᠯᠭᠡᠭᠦᠷ᠎ᠤᠨ ᠤᠷᠴᠢᠮ ᠣᠷᠣᠩᠨᠠᠨ ᠪᠠᠢ᠌ᠪᠠ᠃ 2 ᠴᠠᠭ  ᠢᠯᠡᠭᠦᠤ ᠵᠢᠨ ᠰᠢᠷᠦᠭᠦᠨ ᠪᠠᠢ᠌ᠯᠲᠤᠭ᠋ᠠᠨ ᠵᠶ᠋ᠠᠷ ᠲᠠᠮᠵᠢᠭ᠋ᠠᠳ ᠵᠠᠭᠤ ᠭᠠᠷᠤᠢ ᠲᠠᠢ᠌ᠰᠦᠨ᠎ᠢ ᠤᠰᠠᠳᠬᠠᠵᠦ ᠮᠠᠨ᠎ᠤ ᠴᠡᠷᠢᠭ ᠲᠤᠢ᠍ᠩᠯᠢᠶᠤᠤ ᠵᠢ ᠡᠵᠡᠯᠡᠨ ᠪᠦᠬᠦ ᠵᠢᠷᠢᠮ ᠠᠢ᠌ᠮᠠᠭ᠎ᠢ ᠴᠢᠯᠦᠭᠡᠯᠡᠪᠠ᠃ ᠡᠭᠦᠨ᠎ᠳᠤ ᠲᠤᠢ᠍ᠩᠯᠢᠶᠤᠤ ᠵᠢᠨ ᠦᠯᠡᠲᠡᠭᠲᠡᠯ ᠴᠡᠷᠢᠭ ᠵᠡᠭᠦᠨ ᠡᠮᠦᠨ᠎ᠠ ᠵᠦᠭ ᠲᠤᠲᠠᠭ᠋ᠠᠪᠠ᠃ 1947 ᠤᠨ᠎ᠤ 5 ᠰᠠᠷ᠎ᠠ᠎ᠳᠤ ᠮᠤᠷᠢᠲᠦ ᠴᠡᠷᠢᠭ᠎ᠤᠨ ᠬᠤᠶᠡᠷ ᠳ᠋ᠣᠭ᠋ᠠᠷ ᠳ᠋ᠢᠸᠸᠽᠢ᠎ᠤᠨ11—12 ᠳ᠋ᠤᠭ᠋ᠠᠷ ᠬᠤᠷᠢᠶ᠎ᠠ ᠲᠤᠢ᠍ᠩᠯᠢᠶᠤᠤ ᠵᠢ ᠴᠢᠯᠦᠭᠡᠯᠡᠭᠰᠡᠨ᠎ᠤ ᠲᠠᠷᠠᠭ᠎ᠠ᠂ 12——13 ᠳ᠋ᠣᠭ᠋ᠠᠷ ᠬᠤᠷᠢᠶ᠎ᠠ ᠳ᠋ᠢᠸᠢᠽᠢ᠎ᠤᠨ ᠬᠡᠯᠲᠡᠰ᠎ᠤᠨ ᠲᠤᠬᠢᠷᠠᠭᠤᠯᠤᠯᠭ᠎ᠠ᠎ᠪᠠᠷ ᠲᠠᠷᠦᠢ ᠲᠦᠷᠭᠡᠨ ᠲᠦᠩᠯᠢᠶᠤᠤ᠎ᠠᠴᠠ ᠲᠤᠲᠠᠭ᠋ᠠᠭᠰᠠᠨ ᠲᠠᠢ᠌ᠰᠤᠨ᠎ᠤ ᠴᠡᠷᠢᠭ᠎ᠤᠨ18 ᠳ᠋ᠢᠸᠢᠽᠢ᠎ᠤᠨ ᠦᠯᠡᠲᠡᠭᠲᠡᠯ ᠴᠡᠷᠢᠭ᠎ᠢ ᠨᠡᠬᠡᠮᠵᠢᠯᠡᠵᠦ᠂ ᠡᠴᠦᠰ᠎ᠲᠤ᠎ᠪᠠᠨ ᠤᠯᠠᠭ᠋ᠠᠨ ᠤᠲᠦ ᠰᠤᠮᠦ ᠵᠢᠨ ᠬᠠᠷ᠎ᠠ ᠤᠰᠤ ᠰᠦᠮ᠎ᠠ ᠵᠢᠨ ᠡᠮᠦᠨ᠎ᠠ ᠲᠤᠪᠤᠴᠠᠭ᠎ᠲᠤ ᠲᠠᠢ᠌ᠰᠤᠨ᠎ᠤ ᠴᠡᠷᠢᠭ᠎ᠲᠠᠢ ᠬᠠᠷᠭᠤᠵᠦ᠂ 12—13 ᠳ᠋ᠣᠭ᠋ᠠᠷ ᠬᠤᠷᠢᠶ᠎ᠠ ᠵᠢᠨ  ᠬᠠᠮᠵᠢᠯᠭ᠎ᠠ᠎ᠪᠠᠷ  ᠬᠤᠶᠠᠷᠬᠠᠨ ᠴᠠᠭ᠎ᠤᠨ ᠪᠠᠢ᠌ᠯᠲᠤᠭ᠋ᠠᠨ ᠵᠶ᠋ᠠᠷ ᠲᠦᠩᠯᠢᠶᠤᠤ ᠵᠢᠨ ᠠᠮᠦᠷ᠎ᠢ ᠬᠠᠮᠠᠭ᠋ᠠᠯᠠᠬᠤ ᠦᠯᠡᠲᠡᠭᠲᠡᠯ ᠴᠡᠷᠢᠭ᠎ᠢ ᠪᠦᠬᠦᠨ᠎ᠢ ᠤᠰᠠᠳᠬᠠᠵᠦ ᠂ ᠭᠤᠮᠢᠨᠲᠠᠩ᠎ᠤᠨ ᠠᠷᠪᠠᠨ  ᠨᠠᠢ᠍ᠮᠠᠳᠤᠭ᠋ᠠᠷ ᠳ᠋ᠢᠸᠢᠽᠢ᠎ᠤᠨ ᠲᠠᠷᠤᠭ᠎ᠠ ᠲᠢᠶᠡᠨ ᠶᠦᠩ ᠵᠢᠣ ᠪᠠ ᠲᠡᠭᠦᠨ᠎ᠤ ᠬᠠᠷᠢᠶᠠᠲᠦ ᠭᠤᠷᠪᠠᠨ ᠵᠠᠭᠤ ᠵᠢᠷᠡᠨ ᠬᠦᠮᠦᠨ᠎ᠢ ᠤᠯᠵᠠᠯᠠᠬᠤ ᠵᠢᠨ ᠬᠠᠮᠲᠦ ᠨᠢᠭᠡ ᠪᠦᠯᠦᠭ ᠴᠡᠷᠢᠭ᠎ᠤᠨ ᠵᠡᠪᠰᠡᠭ ᠲᠤᠨᠤᠭᠯᠠᠯ᠎ᠢ ᠬᠤᠷᠢᠶᠠᠨ ᠤᠯᠪᠠ᠃  ᠡᠨᠡ ᠬᠦ᠌ ᠰᠢᠷᠦᠭᠦᠨ ᠪᠠᠢ᠌ᠯᠲᠤᠭ᠋ᠠᠨ᠎ᠤ ᠲᠤᠮᠲᠠ ᠳᠡᠳ᠋ ᠰᠤᠮᠦᠨ ᠲᠠᠷᠤᠭ᠎ᠠ ᠬᠤᠲᠠᠯᠠ ᠠᠮᠢ ᠪᠠᠶ᠎ᠠ᠎ᠪᠠᠨ ᠬᠠᠢ᠌ᠬᠤᠷᠤᠯ ᠦᠭᠡᠢ ᠡᠷᠡᠯᠭᠡᠭᠯᠡᠨ ᠪᠠᠢ᠌ᠯᠲᠦᠵᠦ ᠭᠤᠷᠪᠠᠨ ᠲᠠᠢ᠌ᠰᠦᠨ᠎ᠢ ᠤᠰᠠᠳᠬᠠᠵᠦ ᠠᠷᠪᠠᠨ ᠭᠤᠷᠪᠠᠨ ᠲᠠᠢ᠌ᠰᠤᠨ᠎ᠢ ᠪᠠᠷᠢᠪᠴᠢᠯᠠᠭ᠋ᠠᠳ ᠶᠡᠭᠡ ᠭᠠᠪᠢᠶ᠎ᠠ ᠪᠠᠢ᠌ᠭᠤᠯᠪᠠ᠃ ᠨᠡᠩ ᠴᠦ᠍  ᠲᠡᠦᠬᠡᠨ᠎ᠳᠤ ᠠᠯᠲᠠᠷᠲᠠᠢ  ᠰᠸᠫᠢᠩ᠎ᠤᠨ ᠲᠠᠢ᠌ᠨ᠎ᠳᠤ ᠬᠤᠶᠠᠷ ᠤᠲᠠᠭ᠎ᠠ ᠭᠠᠪᠢᠶ᠎ᠠ ᠪᠠᠢ᠌ᠭᠤᠯᠵᠠᠢ᠃ ᠨᠢᠭᠡ᠂ ᠰᠢᠷᠦᠭᠦᠨ ᠪᠠᠢ᠌ᠯᠲᠦᠭ᠋ᠠᠨ᠎ᠳᠤ ᠮᠠᠨ᠎ᠤ ᠴᠡᠷᠢᠭ ᠭᠤᠷᠪᠠᠲᠤᠭ᠋ᠠᠷ ᠪᠡᠬᠢᠯᠡᠯᠲᠠ ᠵᠢ ᠰᠢᠪᠲᠤᠯᠬᠤ ᠦᠶ᠎ᠠ᠎ᠳᠤ ᠲᠠᠢ᠌ᠰᠤᠨ᠎ᠤ ᠪᠡᠬᠢᠯᠡᠯᠲᠠ ᠵᠢᠨ ᠭᠠᠯ᠎ᠤᠨ ᠬᠦᠴᠦᠨ ᠬᠡᠴᠡᠭᠦᠲᠡᠵᠦ᠂ ᠠᠯᠬᠠᠤᠮ ᠲᠡᠲᠦᠢ ᠴᠦ᠍ ᠤᠷᠤᠭᠰᠢᠯᠡᠵᠦ  ᠳᠡᠢ᠌ᠯᠬᠦ ᠦᠭᠡᠢ ᠪᠠᠢ᠌ᠬᠤ ᠵᠠᠩᠬᠢᠯᠭ᠎ᠠ ᠵᠢᠨ ᠦᠶ᠎ᠠ᠎ᠳᠤ ᠳᠡᠳ᠋ ᠰᠤᠮᠦᠨ ᠲᠠᠷᠤᠭ᠎ᠠ ᠬᠤᠲᠠᠯᠠ ᠭᠠᠷ ᠡᠷᠭᠦᠨ ᠡᠭᠦᠷᠭᠡ  ᠬᠦᠯᠢᠶᠡᠭᠡᠳ᠂ ᠰᠤᠮᠦᠨ ᠮᠦᠨᠲᠦᠷ᠎ᠤᠨ ᠲᠤᠮᠲᠠᠭᠤᠷ ᠠᠮᠢ ᠪᠠᠶ᠎ᠠ᠎ᠪᠠᠨ ᠬᠠᠢ᠌ᠬᠤᠷᠤᠯ ᠦᠭᠡᠢ ᠡᠷᠡᠯᠭᠡᠭᠯᠡᠨ ᠤᠷᠤᠭᠰᠢᠯᠠᠪᠠ᠃ ᠡᠴᠦᠰ᠎ᠲᠤ᠎ᠪᠠᠨ ᠲᠠᠢ᠌ᠰᠤᠨ᠎ᠤ ᠪᠡᠬᠢᠯᠡᠯᠲᠠ ᠵᠢ ᠲᠡᠯᠪᠡᠴᠢᠵᠦ ᠮᠠᠨ᠎ᠤ ᠴᠡᠷᠢᠭ᠎ᠤᠨ ᠤᠷᠤᠭᠰᠢᠯᠠᠯᠲᠠ᠎ᠳᠤ ᠵᠠᠮ ᠨᠡᠬᠡᠬᠡᠵᠦ ᠦᠭᠪᠠ᠃ ᠬᠤᠶᠡᠷ᠂ ᠴᠢᠰᠦᠨ ᠪᠠᠢ᠌ᠯᠲᠦᠭ᠋ᠠᠨ᠎ᠤ ᠲᠤᠮᠲᠠ ᠲᠠᠷᠠ ᠲᠠᠭ᠋ᠠᠷᠢᠨ ᠢᠷᠡᠬᠦ ᠲᠠᠢ᠌ᠰᠦᠨ᠎ᠤ ᠴᠡᠷᠢᠭ᠎ᠤᠨ ᠨᠢᠭᠡ  ᠲᠠᠩᠺ ᠎ᠢ ᠲᠡᠯᠪᠡᠴᠢᠪᠡ᠃  ᠡᠢ᠌ᠨ ᠬᠦ᠌᠂  ᠬᠣᠲᠠᠯᠠ ᠴᠢᠯᠦᠭᠡᠯᠡᠬᠦ ᠲᠠᠢ᠌ᠨ᠎ᠤ ᠦᠶ᠎ᠡ᠎ᠳᠤ ᠣᠲᠷᠢᠶᠡᠲ ᠵᠶ᠋ᠠᠨ ᠲᠠᠭ᠋ᠠᠵᠦ ᠵᠢᠷᠢᠮ ᠠᠢ᠌ᠮᠠᠭ᠎ᠤᠨ ᠭᠠᠵᠠᠷ ᠤᠷᠤᠨ᠎ᠤ ᠴᠢᠯᠦᠭᠡᠯᠡᠯᠲᠠ ᠪᠠ ᠬᠠᠮᠠᠭ᠋ᠠᠯᠠᠯᠲᠠ ᠵᠢᠨ ᠲᠤᠭ᠎ᠠ ᠦᠭᠡᠢ ᠤᠯᠠᠨ ᠪᠠᠢ᠌ᠯᠲᠤᠭ᠋ᠠᠨ᠎ᠳᠤ ᠤᠷᠤᠯᠴᠠᠭᠰᠠᠨ ᠶᠤᠮ᠃
     ᠠᠯᠲᠠᠷᠲᠦ ᠯᠢᠶᠤᠤ — ᠱᠸᠨ᠎ᠤ ᠪᠠᠢ᠌ᠯᠲᠤᠭ᠋ᠠᠨ᠎ᠤ ᠱ᠌ᠢ ᠭᠦ᠋ ᠴᠸᠩ᠎ᠤᠨ ᠲᠤᠯᠤᠯᠲᠤᠭ᠋ᠠᠨ᠎ᠳᠤ ᠬᠣᠲᠠᠯᠠ ᠲᠠᠢ᠌ᠰᠤᠨ᠎ᠤ ᠴᠡᠷᠢᠭ᠎ᠤᠨ ᠬᠦᠴᠦᠲᠡᠢ  ᠭᠠᠯᠯᠠᠯᠲᠠ ᠵᠢ ᠬᠠᠢ᠌ᠬᠤᠷᠤᠯ ᠦᠭᠡᠢ ᠎ᠪᠠᠷ ᠡᠷᠡᠯᠭᠡᠭ ᠵᠶ᠋ᠠᠷ ᠲᠠᠭ᠋ᠠᠷᠢᠨ ᠲᠠᠢ᠌ᠰᠤᠨ᠎ᠢ ᠤᠰᠠᠳᠬᠠᠵᠦ᠂  ᠦᠬᠦᠵᠦ ᠰᠡᠬᠡᠬᠦ ᠵᠢᠨ ᠰᠢᠯᠭ᠋ᠠᠯᠲᠠ  ᠲᠤᠮᠲᠠ  ᠶᠡᠷᠦ ᠬᠠᠮᠤᠭ᠎ᠤᠨ ᠡᠮᠦᠨ᠎ᠠ ᠎ᠨᠢ ᠭᠠᠪᠰᠢᠭ᠋ᠠᠢ᠌ᠯᠠᠨ᠂   ᠶᠡᠬᠡ ᠭᠠᠪᠢᠶ᠎ᠠ ᠵᠢ  ᠲᠠᠪᠤ ᠤᠲᠠᠭ᠎ᠠ ᠪᠠᠢ᠌ᠭᠤᠯᠵᠦ ᠂  ᠭᠠᠪᠢᠶᠠᠨ ᠲᠡᠮᠳᠡᠭ᠎ᠢ ᠳᠦᠷᠪᠡ  ᠤᠲᠠᠭ᠎ᠠ  ᠬᠦᠷᠲᠡᠨ᠂ ᠴᠢᠯᠦᠭᠡᠯᠡᠬᠦ ᠲᠠᠢ᠌ᠨ᠎ᠤ ᠢᠯᠡᠯᠲᠠ᠎ᠳᠤ ᠦᠪᠡᠷ᠎ᠤᠨ ᠬᠡᠰᠡᠨ ᠬᠤᠪᠢ ᠨᠡᠮᠡᠷᠢ᠎ᠪᠠᠨ  ᠦᠵᠡᠭᠦᠯᠦᠭᠰᠡᠨ ᠎ᠠᠴᠠ  ᠬᠤᠸᠠᠪᠸᠢ ᠵᠢᠨ ᠴᠡᠷᠢᠭ᠎ᠤᠨ ᠲᠤᠭᠤᠷᠢᠭ᠎ᠠᠴᠠ ᠲᠡᠭᠦᠨ᠎ᠳᠤ 《ᠨᠢᠭᠡᠲᠦᠭᠡᠷ ᠲᠡᠰ᠎ᠤᠨ ᠪᠠᠢ᠌ᠯᠲᠤᠭ᠋ᠠᠨ᠎ᠤ ᠪᠠᠭ᠋ᠠᠲᠦᠷ》 ᠬᠡᠬᠦ ᠢᠷᠠᠭᠤ ᠠᠯᠲᠠᠷ᠎ᠢ ᠬᠦᠷᠲᠡᠭᠡᠪᠠ᠃  ᠡᠭᠦᠨ᠎ᠤ ᠬᠠᠮᠲᠤ᠂ 1948 ᠤᠨ᠎ᠤ 7 ᠳ᠋ᠤᠭ᠋ᠠᠷ ᠰᠠᠷ᠎ᠠ᠎ᠳᠤ ᠯᠢᠶᠤᠤᠲᠤᠢ᠍ᠩ ᠴᠡᠷᠢᠭ᠎ᠤᠨ ᠲᠤᠭᠤᠷᠢᠭ᠎ᠤᠨ ᠪᠠᠭ᠋ᠠᠲᠤᠷ ᠵᠢᠱ᠌ᠢᠶᠡᠴᠢ ᠵᠢᠨ ᠬᠤᠷᠡᠯ᠎ᠳᠤ ᠣᠷᠣᠯᠴᠠᠭᠰᠠᠨ ᠪᠠᠢ᠌ᠨ᠎ᠠ᠃  ᠪᠦᠭᠦᠲᠠ ᠨᠠᠢ᠌ᠷᠠᠮᠲᠠᠭᠤ ᠲᠤᠮᠲᠡᠲᠦ ᠠᠷᠠᠳ ᠤᠯᠤᠰ ᠪᠠᠢ᠌ᠭᠤᠯᠤᠭᠲᠠᠭᠰᠠᠨ᠎ᠤ ᠰᠡᠭᠦᠯᠠᠷ ᠳᠡᠳ᠋ ᠰᠤᠮᠤᠨ ᠲᠠᠷᠤᠭ᠎ᠠ ᠬᠤᠲᠠᠯᠠ ᠨᠦᠭᠦᠷ《ᠪᠦᠭᠦ ᠤᠯᠤᠰ᠎ᠤᠨ ᠨᠢᠭᠡᠲᠦᠭᠡᠷ ᠲᠡᠰ᠎ᠤᠨ ᠪᠠᠢ᠌ᠯᠲᠤᠭ᠋ᠠᠨ᠎ᠤ ᠪᠠᠭ᠋ᠠᠲᠤᠷ》 ᠵᠶ᠋ᠠᠷ ᠰᠤᠩᠭᠤᠭᠲᠠᠨ ᠤᠷᠢᠳ ᠬᠤᠵᠢᠳ ᠮᠠᠤ ᠲᠡᠷᠢᠭᠦᠯᠡᠭᠴᠢ᠎ᠲᠠᠢ ᠠᠷᠪᠠᠨ ᠭᠤᠷᠪᠠᠨ ᠤᠲᠠᠭ᠎ᠠ ᠪᠠᠷᠠᠲᠠᠪᠠ᠃ 1950 ᠤᠨ᠎ᠤ 9  ᠳ᠋ᠦ᠍ᠭᠡᠷ ᠰᠠᠷ᠎ᠠ᠎ᠳᠤ ᠬᠤᠲᠠᠯᠠ ᠨᠦᠭᠦᠷ ᠪᠦᠬᠦ ᠤᠯᠤᠰ᠎ᠤᠨ ᠪᠠᠢ᠌ᠯᠲᠤᠭ᠋ᠠᠨ᠎ᠤ ᠪᠠᠭ᠋ᠠᠲᠤᠷ ᠎ᠤᠨ ᠲᠦᠯᠦᠭᠡᠯᠡᠭᠴᠢᠳ᠎ᠤᠨ ᠶᠡᠭᠡ ᠬᠤᠷᠡᠯ᠎ᠳᠤ ᠣᠷᠣᠯᠴᠠᠵᠦ ᠮᠠᠤ ᠲᠠᠷᠢᠭᠦᠯᠡᠭᠴᠢ᠂ ᠵᠸᠤ ᠶᠡᠷᠦᠩᠬᠡᠢ ᠰᠠᠢ᠌ᠳ ᠂ ᠵᠤ᠌ ᠶᠡᠷᠦᠩᠬᠡᠢ ᠰᠸᠯᠢᠭ ᠵᠡᠷᠭᠡ ᠨᠠᠮ ᠪᠠ ᠲᠦᠷᠦ ᠵᠢᠨ ᠤᠲᠤᠷᠢᠲᠤᠯᠭ᠎ᠠ᠎ᠲᠠᠢ  ᠪᠠᠷᠠᠳᠠᠵᠠᠢ᠃  ᠡᠭᠦᠨ᠎ᠤ ᠬᠠᠮᠲᠦ᠂ ᠲᠦᠪ ᠎ᠠᠴᠠ ᠲᠡᠭᠦᠨ᠎ᠳᠤ《ᠨᠢᠭᠡᠲᠦᠭᠡᠷ ᠲᠡᠰ᠎ᠤᠨ ᠪᠠᠢ᠌ᠯᠲᠤᠭ᠋ᠠᠨ᠎ᠤ ᠪᠠᠭ᠋ᠠᠲᠦᠷ》 ᠬᠡᠬᠦ ᠢᠷᠠᠭᠤ ᠠᠯᠲᠠᠷ᠎ᠢ ᠬᠦᠷᠲᠡᠭᠡᠪᠠ  ᠃ ᠡᠭᠡ ᠤᠯᠤᠰ᠎ᠤᠨ ᠨᠠᠢ᠌ᠭᠡᠮ ᠵᠢᠷᠦᠮᠲᠦ ᠪᠦᠲᠦᠭᠡᠨ ᠪᠠᠢ᠌ᠭᠤᠯᠤᠯᠲᠠ ᠵᠢᠨ ᠴᠠᠭ ᠦᠶ᠎ᠡ᠎ᠳᠤ ᠬᠤᠲᠠᠯᠠ ᠨᠦᠭᠦᠷ ᠰᠤᠶᠤᠯ ᠮᠡᠲᠡᠯᠭᠡ ᠵᠢ ᠴᠢᠷᠮᠠᠢ᠌ᠨ ᠰᠤᠷᠤᠯᠴᠠᠵᠦ ᠂ ᠤᠯᠤᠰ ᠲᠦᠷᠦ ᠵᠢᠨ ᠤᠨᠤᠯ ᠪᠠ ᠴᠡᠷᠢᠭ᠎ᠤᠨ ᠶᠡᠪᠣᠲᠡᠯ᠎ᠤᠨ ᠰᠤᠷᠤᠯᠴᠠᠯᠭ᠎ᠠ᠎ᠳᠤ ᠢᠲᠡᠪᠬᠢᠯᠡᠨ ᠤᠷᠤᠯᠴᠠᠵᠦ ᠪᠠᠢ᠌ᠯᠲᠤᠭᠴᠢ ᠪᠠᠢ᠌ᠭᠰᠡᠨ᠎ᠠᠴᠠ᠎ᠪᠠᠨ ᠦᠨᠲᠦᠰᠦᠨ ᠱᠠᠲᠤᠨ᠎ᠤ ᠵᠢᠯᠤᠭᠤᠲᠦᠭ᠍ᠴᠢ ᠪᠤᠯᠤᠨ ᠦᠰᠦᠨ ᠪᠤᠢ᠌ᠵᠢᠵᠦ ᠂ ᠠᠵᠢᠯ᠎ᠤᠨ ᠲᠤᠮᠲᠠ᠎ᠪᠠᠨ ᠬᠡᠵᠢᠶᠡᠲᠠ ᠨᠠᠷᠢᠨ ᠬᠢᠨᠡᠮᠡᠭ᠋ᠠᠢ ᠢᠲᠡᠪᠬᠢᠲᠠᠢ ᠪᠠᠢ᠌ᠵᠦ  ᠪᠡᠶ᠎ᠠ᠎ᠪᠠᠷ ᠵᠶ᠋ᠠᠨ ᠲᠠᠭᠤᠷᠢᠶᠡᠯ ᠪᠤᠯᠤᠨ ᠬᠦᠴᠢᠷ᠎ᠠᠴᠠ ᠠᠶᠤᠬᠤ ᠦᠭᠡᠢ᠂ ᠵᠢᠷᠭ᠋ᠠᠯ ᠵᠤᠪᠠᠯᠠᠩ᠎ᠢ ᠪᠤᠰᠤᠳ᠎ᠲᠠᠢ ᠬᠠᠮᠲᠤᠤᠬᠠᠵᠦ ᠠᠵᠢᠯ ᠪᠦᠬᠦᠨ ᠵᠶ᠋ᠠᠨ ᠠᠮᠵᠢᠯᠲᠠ᠎ᠲᠠᠢ ᠪᠡᠶᠡᠯᠡᠭᠦᠯᠲᠠᠭ᠌᠃ ᠲᠡᠷᠡ ᠡᠷᠡᠰ ᠪᠠᠲᠦ ᠨᠠᠮᠴᠢ ᠴᠢᠨᠠᠷ᠎ᠲᠠᠢ ᠪᠦᠭᠡᠳ ᠰᠠᠬᠢᠯᠭ᠎ᠠ ᠪᠠᠲᠤᠴᠢ ᠴᠢᠨᠠᠷ ᠵᠶ᠋ᠠᠷ ᠴᠢᠩᠭ᠎ᠠ ᠪᠠᠢ᠌ᠵᠦ᠂ ᠴᠠᠭ ᠢᠮᠠᠭᠲᠠ ᠡᠪ ᠬᠠᠮᠲᠦ ᠨᠠᠮ᠎ᠤᠨ ᠭᠡᠰᠢᠭᠦᠨ᠎ᠤ ᠡᠭᠦᠷᠭᠡ ᠬᠠᠷᠢᠭᠤᠴᠠᠯᠭ᠎ᠠ᠎ᠪᠠᠨ  ᠴᠡᠭᠡᠵᠢᠯᠡᠨ᠂ ᠨᠠᠮ᠎ᠤᠨ ᠴᠢᠭᠯᠡᠯᠡᠲᠠ᠂ ᠲᠦᠷᠦ ᠵᠢᠨ ᠪᠤᠲᠤᠯᠭ᠎ᠠ ᠪᠠ ᠤᠯᠤᠰ᠎ᠤᠨ ᠬᠠᠤᠯᠢ ᠲᠦᠷᠢᠮ᠎ᠠᠴᠠ ᠠᠪᠬᠠᠭᠤᠯᠤᠭ᠋ᠠᠳ ᠴᠡᠷᠢᠭ ᠠᠩᠬᠢ ᠵᠢᠨ ᠡᠯ᠎ᠡ ᠵᠦᠢ᠍ᠯ᠎ᠤᠨ ᠲᠦᠷᠢᠮ ᠲᠤᠭᠲᠠᠭ᠋ᠠᠯ᠎ᠢ ᠤᠬᠠᠮᠰᠠᠷ᠎ᠠᠴᠠ᠎ᠪᠠᠨ ᠰᠠᠬᠢᠲᠠᠭ ᠶᠤᠮ᠃ ᠲᠡᠷᠡᠴᠢᠯᠡᠨ ᠴᠡᠷᠢᠭ ᠠᠩᠬᠢ ᠵᠢᠨ ᠪᠤᠯᠪᠠᠰᠤᠷᠡᠯ  ᠪᠠ ᠬᠠᠮᠢᠶᠠᠷᠤᠯᠲᠠ ᠵᠢᠨ ᠲᠠᠯ᠎ᠠ᠎ᠪᠠᠷ ᠲᠤᠪᠤᠢ᠌ᠮ᠎ᠠ ᠠᠮᠵᠢᠯᠲᠠ ᠤᠯᠤᠭᠰᠠᠨ᠎ᠠᠴᠠ ᠶᠡᠭᠡ ᠭᠠᠪᠢᠶ᠎ᠠ  ᠪᠠᠢ᠌ᠭᠤᠯᠵᠦ᠂ ᠤᠯᠠᠨᠲᠠ ᠨᠠᠮ᠎ᠤᠨ ᠰᠢᠯᠢᠲᠠᠭ᠌ ᠬᠡᠰᠢᠭᠦᠨ᠂ ᠤᠷᠤᠭᠰᠢᠯᠠᠭᠰᠡᠨ ᠠᠵᠢᠯᠲᠠᠨ ᠵᠶ᠋ᠠᠷ ᠬᠦᠬᠢᠭᠦᠯᠦᠭᠲᠡᠵᠦ ᠲᠡᠭᠡᠷ᠎ᠡ ᠱᠠᠲᠤᠨ᠎ᠤ ᠪᠠᠢ᠌ᠭᠤᠯᠭ᠎ᠠ ᠨᠢᠭᠡᠴᠢ ᠪᠠ ᠬᠠᠮᠢᠶ᠎ᠠ ᠪᠦᠬᠦᠢ ᠤᠲᠤᠷᠢᠲᠤᠯᠭ᠎ᠠ ᠨᠠᠷ᠎ᠤᠨ ᠮᠠᠭᠲᠠᠭ᠋ᠠᠯ ᠰᠠᠢ᠌ᠰᠢᠶᠡᠯ᠎ᠢ ᠬᠦᠷᠲᠡᠵᠡᠢ᠃ ᠲᠡᠭᠦᠨ᠎ᠤ ᠦᠢ᠍ᠯᠡ ᠠᠵᠢᠯᠯᠡᠭ᠎ᠠ᠎ᠨᠢ 《ᠲᠤᠮᠲᠡᠲᠦ ᠤᠯᠤᠰ᠎ᠤᠨ ᠴᠡᠷᠢᠭ᠎ᠤᠨ ᠶᠠᠪᠤᠲᠠᠯ᠎ᠤᠨ ᠪᠦᠷᠢᠨ ᠪᠢᠴᠢᠭ》 ᠪᠤᠯᠤᠨ 《ᠲᠤᠮᠲᠡᠲᠦ ᠤᠯᠤᠰ᠎ᠤᠨ ᠨᠡᠷᠡᠲᠦ ᠬᠦᠮᠦᠰ》᠎ᠤᠨ ᠲᠤᠯᠢ ᠪᠢᠴᠢᠭ᠎ᠲᠤ ᠰᠤᠩᠭᠤᠭᠲᠠᠨ ᠤᠷᠤᠵᠠᠢ᠃   
     ᠬᠤᠲᠠᠯᠠ ᠨᠦᠭᠦᠷ ᠠᠵᠢᠯ᠎ᠠᠴᠠ᠎ᠪᠠᠨ ᠨᠠᠰᠤᠨ᠎ᠤ ᠠᠮᠠᠷᠠᠯᠲᠠ ᠠᠪᠤᠭᠰᠠᠨ᠎ᠤ ᠰᠡᠭᠦᠯᠡᠷ ᠬᠤᠪᠢᠰᠬᠠᠯᠲᠦ  ᠪᠠᠭ᠋ᠠᠲᠤᠷᠯᠢᠭ ᠦᠵᠡᠯ ᠰᠠᠨᠠᠭ᠎ᠠ᠎ᠪᠠᠨ ᠦᠷᠬᠦᠯᠵᠢᠯᠠᠨ ᠪᠠᠲᠠᠷᠠᠭᠤᠯᠵᠦ ᠦᠭᠡᠷᠡᠴᠢᠯᠡᠯᠲᠠ ᠬᠢᠵᠦ ᠴᠢᠯᠦᠭᠡᠲᠠᠢ ᠶᠠᠪᠤᠯᠴᠠᠬᠤ ᠪᠠ ᠠᠵᠦ ᠠᠬᠤᠢ ᠵᠢᠨ ᠪᠦᠲᠦᠭᠡᠨ ᠪᠠᠢ᠌ᠭᠤᠯᠤᠯᠲᠠ ᠵᠢᠨ ᠦᠢ᠍ᠯᠡᠰ᠎ᠲᠤ ᠴᠢᠩ ᠦᠨᠡᠨᠴᠢ᠎ᠪᠠᠷ ᠵᠢᠳᠭᠦᠨ ᠴᠢᠷᠮᠠᠢ᠌ᠵᠦ ᠶᠠᠪᠤᠭᠰᠠᠨ ᠶᠤᠮ᠃  ᠲᠡᠷᠡ ᠰᠠᠨᠠᠭ᠋ᠠᠴᠢᠯᠭ᠎ᠠ᠎ᠠᠴᠠ᠎ᠪᠠᠨ ᠤᠯᠠᠨ ᠤᠲᠠᠭ᠎ᠠ  ᠴᠢᠩᠱ᠌ᠠᠨ ᠪᠠᠭ᠎ᠠ ᠰᠤᠷᠭ᠋ᠠᠭᠤᠯᠢ ᠪᠤᠯᠤᠨ ᠲ᠋ᠦᠮᠡᠳ ᠲᠤᠮᠲᠡᠲᠦ ᠰᠤᠷᠭ᠋ᠠᠭᠤᠯᠢ᠎ᠳᠤ ᠬᠦᠷᠴᠦ ᠮᠠᠲᠡᠭᠦᠯᠦᠯᠲᠠ ᠬᠢᠵᠦ  ᠬᠤᠢ᠌ᠴᠢ ᠦᠶ᠎ᠡ ᠵᠢᠨ᠎ᠬᠢᠨ᠎ᠤ ᠎ᠪᠠᠨ ᠦᠰᠦᠨ ᠪᠤᠢ᠌ᠵᠢᠯᠲᠠ ᠵᠢ ᠬᠠᠯᠠᠮᠵᠢᠯᠠᠭᠰᠠᠭ᠋ᠠᠷ ᠢᠷᠡᠵᠡᠢ᠃  ᠲᠡᠷᠡ ᠨᠦᠭᠦᠳ᠎ᠲᠠᠢ᠎ᠪᠠᠨ ᠪᠦᠯᠬᠦᠮᠲᠡᠨ ᠪᠤᠰᠣᠳ᠎ᠲᠤ ᠲᠠᠷᠤᠤ ᠨᠤᠮᠤᠬᠠᠨ ᠵᠶ᠋ᠠᠷ ᠬᠠᠨᠲᠤᠵᠦ ᠂ ᠭᠠᠪᠢᠶ᠎ᠠ ᠵᠢᠳᠭᠦᠯ᠎ᠳᠤ᠎ᠪᠠᠨ ᠤᠮᠤᠷᠬᠠᠭᠯᠠᠬᠤ ᠦᠭᠡᠢ ᠪᠠᠢ᠌ᠲᠠᠭ᠃   ᠡᠪᠡᠳᠴᠢᠯᠡᠭᠡᠳ ᠡᠮᠨᠡᠯᠭᠡ᠎ᠳᠤ ᠰᠠᠭᠤᠭᠰᠠᠨ ᠴᠦ᠍ ᠵᠤᠬᠢᠶᠠᠨ ᠪᠠᠢ᠌ᠭᠤᠯᠤᠯᠲᠠ ᠪᠠ ᠤᠲᠤᠷᠢᠲᠤᠯᠭ᠎ᠠ᠎ᠳᠤ ᠶᠠᠷᠰᠢᠭ ᠲᠦᠪᠡᠭ ᠠᠪᠴᠢᠷᠠᠬᠤ᠎ᠠᠴᠠ  ᠬᠢᠴᠢᠶᠡᠨ ᠠᠵᠢᠯ᠎ᠠᠴᠠ᠎ᠪᠠᠨ ᠠᠮᠠᠷᠠᠭᠰᠠᠨ ᠺᠠᠳ᠋ᠷ ᠤᠯᠠᠨ ᠎ᠳᠤ ᠲᠠᠭᠤᠷᠢᠶᠡᠯ ᠦᠵᠡᠭᠦᠯᠪᠡ᠃ ᠮᠦᠨ ᠮᠤᠩᠭᠤᠯ᠂ ᠮᠠᠨᠵᠦ᠂ ᠬᠢᠲᠡᠳ᠂ ᠬᠤᠲᠤᠩ ᠦᠨᠳᠦᠰᠦᠲᠡᠨ ᠵᠶ᠋ᠠᠷ ᠪᠦᠷᠢᠯᠲᠦᠭᠰᠡᠨ ᠤᠢ᠌ᠷ᠎ᠡ ᠰᠠᠲᠤᠨ᠎ᠳᠤ᠎ᠪᠠᠨ ᠬᠡᠪ ᠲᠦᠷᠢᠮ ᠪᠤᠯᠵᠦ᠂ ᠬᠠᠷᠢᠯᠴᠠᠨ ᠪᠦᠯᠬᠦᠮᠲᠡᠨ ᠡᠶ᠎ᠠ ᠡᠪᠲᠠᠢ ᠬᠠᠷᠢᠴᠠᠵᠦ  ᠡᠯᠢᠭᠡᠰᠡᠭ  ᠳᠣᠲᠣᠨᠤ  ᠶᠠᠪᠤᠯᠴᠠᠵᠤ ᠪᠠᠢ᠌ᠪᠠ᠃ 1983 ᠤᠨ᠎ᠳᠤ ᠪᠡᠭᠡᠵᠢᠩ᠎ᠤᠨ ᠴᠡᠷᠢᠭ᠎ᠤᠨ ᠲᠤᠭᠤᠷᠢᠭ᠎ᠠᠴᠠ ᠲᠡᠳᠡᠨ᠎ᠤ᠎ᠬᠢᠨ᠎ᠢ《ᠲᠠᠪᠤᠨ  ᠰᠠᠢ᠌ᠨᠲᠠᠢ ᠭᠡᠷ ᠪᠦᠯᠢ》᠎ᠪᠠᠷ  ᠬᠦᠬᠢᠭᠦᠯᠵᠡᠢ᠃ ᠲᠡᠷᠡ ᠤᠷᠢᠳ ᠬᠤᠵᠢᠳ ᠢᠷᠠᠭᠤ ᠠᠯᠲᠠᠷᠲᠦ ᠴᠡᠷᠢᠭ᠎ᠠᠴᠠ ᠬᠠᠯᠠᠭᠲᠠᠭᠰᠡᠨ  ᠲᠡᠷᠢᠭᠦᠨ᠎ᠤ ᠲᠦᠯᠦᠭᠡᠯᠡᠭᠴᠢ᠂ ᠬᠤᠲᠠ ᠵᠢᠨ ᠠᠷᠡᠳ᠎ᠤᠨ ᠶᠠᠪᠤᠲᠠᠯ᠎ᠤᠨ ᠰᠢᠰᠲᠸᠮ᠎ᠤᠨ ᠰᠢᠯᠢᠲᠡᠭ ᠨᠠᠮ᠎ᠤᠨ  ᠭᠡᠰᠢᠭᠦᠨ᠂ ᠦᠪᠡᠷᠲᠡᠭᠡᠨ ᠵᠠᠰᠠᠬᠤ ᠤᠷᠤᠨ᠎ᠤ ᠵᠢᠱ᠌ᠢᠶᠡᠴᠢ ᠴᠡᠷᠢᠭ᠎ᠠᠴᠠ ᠬᠠᠯᠠᠭᠲᠠᠭᠰᠠᠨ ᠺᠠᠳ᠋ᠷ᠂ ᠪᠦᠬᠦ ᠤᠯᠤᠰ  ᠵᠢᠱ᠌ᠢᠶᠡᠴᠢ ᠴᠡᠷᠢᠭ᠎ᠠᠴᠠ ᠬᠠᠯᠠᠭᠲᠠᠭᠰᠠᠨ ᠺᠠᠳ᠋ᠷ ᠵᠶ᠋ᠠᠷ  ᠬᠦᠬᠢᠭᠦᠯᠦᠭᠲᠡᠵᠡᠢ᠃
    ᠲᠤᠮᠲᠡᠲᠦ ᠤᠯᠤᠰ᠎ᠤᠨ ᠡᠪ ᠬᠠᠮᠲᠦ ᠨᠠᠮ᠎ᠤᠨ ᠰᠢᠯᠢᠲᠡᠭ ᠬᠡᠰᠢᠭᠦᠨ᠂  ᠲᠤᠮᠲᠡᠲᠦ ᠤᠯᠤᠰ᠎ᠤᠨ ᠴᠢᠯᠦᠭᠡᠯᠡᠬᠦ ᠴᠡᠷᠢᠭ᠎ᠤᠨ ᠰᠠᠢ᠌ᠨ ᠬᠤᠰᠢᠭᠤᠴᠢ ᠪᠠᠢ᠌ᠯᠲᠤᠭᠴᠢ᠂ ᠲᠤᠮᠲᠡᠲᠦ ᠤᠯᠤᠰ᠎ᠤᠨ ᠠᠷᠠᠳ᠎ᠤᠨ ᠴᠢᠯᠦᠭᠡᠯᠡᠬᠦ ᠴᠡᠷᠢᠭ᠎ᠤᠨ ᠪᠦᠬᠦ ᠣᠯᠣᠰ᠎ᠤᠨ ᠪᠠᠢ᠌ᠯᠲᠤᠭ᠋ᠠᠨ᠎ᠤ ᠪᠠᠭ᠋ᠠᠲᠤᠷ᠂  ᠤᠥᠯ ᠎ᠤᠨ ᠬᠦᠭᠡᠬᠤᠲᠠ ᠵᠢᠨ ᠴᠡᠷᠢᠭ᠎ᠤᠨ ᠲᠤᠭᠤᠷᠢᠭ᠎ᠤᠨ ᠠᠬᠠᠮᠠᠳ ᠺᠠᠳ᠋ᠷ᠎ᠤᠨ ᠨᠢᠭᠡᠲᠦᠭᠡᠷ ᠠᠰᠠᠷᠠᠮᠵᠢ ᠵᠢᠨ ᠬᠦᠷᠢᠶᠡᠯᠡᠩ᠎ᠤᠨ ᠵᠢᠩᠭᠢᠨᠢ ᠬᠤᠷᠢᠶᠠᠨ᠎ᠤ ᠲᠠᠰ ᠵᠶ᠋ᠠᠷ ᠨᠠᠰᠤᠨ᠎ᠤ ᠠᠮᠠᠷᠠᠯᠲᠠ᠎ᠪᠠᠨ ᠠᠪᠤᠭᠰᠡᠨ ᠺᠠᠳ᠋ᠷ ᠬᠤᠲᠠᠯᠠ ᠨᠦᠭᠦᠷ 1996 ᠤᠨ᠎ᠤ 11 ᠰᠠᠷ᠎ᠠ ᠵᠢᠨ 26᠎ᠤ ᠡᠲᠦᠷ᠎ᠤᠨ ᠨᠠᠢ᠍ᠮᠠᠨ ᠴᠠᠭ ᠲᠦᠴᠢᠨ ᠮᠢᠨᠦᠲ᠎ᠲᠤ ᠬᠦᠭᠡᠬᠤᠲᠡᠨ᠎ᠠ  ᠡᠪᠡᠳᠴᠢᠨ ᠵᠶ᠋ᠡᠷ ᠨᠠᠰᠦ ᠪᠠᠷᠠᠪᠠ ᠂ ᠨᠠᠰᠤᠨ ᠰᠡᠭᠦᠳᠡᠷ  ᠳᠠᠯᠠᠨ ᠭᠤᠷᠪᠠᠲᠠᠢ᠃
      ᠬᠤᠲᠠᠯᠠ ᠨᠦᠭᠦᠷ ᠡᠪ ᠬᠠᠮᠲᠦ ᠨᠠᠮ᠎ᠤᠨ ᠭᠡᠰᠢᠬᠦᠨ᠎ᠤ ᠵᠢᠱ᠌ᠢᠶᠡᠴᠢ ᠦᠢ᠍ᠯᠡ ᠠᠵᠢᠯᠯᠠᠭ᠎ᠠ᠎ᠪᠠᠷ ᠠᠮᠢ ᠨᠠᠰᠤᠨ᠎ᠤ᠎ᠪᠠᠨ ᠦᠨ᠎ᠠ ᠦᠷᠲᠠᠭ᠌ ᠵᠶ᠋ᠡᠨ ᠪᠡᠶᠡᠯᠡᠭᠦᠯᠵᠦ᠂ ᠬᠠᠭ᠋ᠠᠰ ᠵᠠᠭᠤᠨ᠎ᠤ ᠬᠤᠪᠢᠰᠬᠠᠯᠲᠦ ᠲᠠᠮᠡᠴᠠᠯ᠎ᠤᠨ ᠲᠤᠮᠲᠠ ᠨᠠᠮ ᠠᠷᠠᠳ ᠲᠦᠮᠡᠨ᠎ᠳᠤ᠎ᠪᠠᠨ ᠦᠨᠡᠨᠴᠢ ᠰᠢᠲᠤᠷᠭᠤ ᠪᠠᠢ᠌ᠵᠦ ᠂ ᠠᠷᠠᠳ ᠲᠦᠮᠡᠨ᠎ᠤ ᠦᠢ᠍ᠯᠡᠰ᠎ᠲᠤ  ᠠᠯᠢᠪᠠ ᠤᠶᠤᠨ ᠤᠬᠠᠭ᠋ᠠᠨ ᠵᠶ᠋ᠠᠨ ᠵᠤᠷᠢᠭᠤᠯᠵᠦ ᠡᠪ ᠬᠠᠮᠲᠦ ᠨᠠᠮ᠎ᠤᠨ ᠦᠢ᠍ᠯᠡᠰ᠎ᠲᠤ ᠨᠠᠰᠤ᠎ᠪᠠᠷ ᠵᠶ᠋ᠠᠨ ᠵᠢᠳᠭᠦᠬᠦ ᠨᠠᠨᠲᠢᠨ ᠲᠠᠩᠭ᠋ᠠᠷᠢᠭ ᠵᠶ᠋ᠡᠨ ᠪᠡᠶᠡᠯᠡᠭᠦᠯᠵᠡᠢ᠃  ᠬᠤᠲᠠᠯᠠ ᠨᠦᠭᠦᠷ᠎ᠤᠨ ᠨᠢᠭᠡ ᠨᠠᠰᠤ ᠪᠤᠯ ᠬᠤᠪᠢᠰᠬᠠᠯᠴᠢ ᠵᠢᠨ ᠨᠢᠭᠡ ᠨᠠᠰᠤ᠂ ᠪᠠᠢ᠌ᠯᠲᠤᠵᠦ ᠶᠠᠪᠤᠭᠰᠡᠨ ᠨᠢᠭᠡ ᠨᠠᠰᠤ᠂ ᠪᠦᠬᠦ ᠰᠡᠳᠬᠢᠯ ᠪᠦᠬᠦ ᠵᠤᠷᠢᠭ ᠵᠶ᠋ᠠᠷ ᠵᠶ᠋ᠠᠨ ᠠᠷᠠᠳ ᠲᠦᠮᠡᠨ᠎ᠳᠤ ᠦᠢ᠍ᠯᠡᠴᠢᠯᠡᠭᠰᠡᠨ ᠨᠢᠭᠡ ᠨᠠᠰᠤ ᠶᠤᠮ᠃  ᠪᠢᠲᠠ ᠲᠡᠭᠦᠨ᠎ᠤ ᠨᠠᠮ ᠪᠠ ᠠᠷᠠᠳ ᠲᠦᠮᠡᠨ᠎ᠳᠤ᠎ᠪᠠᠨ ᠬᠢᠵᠠᠭ᠋ᠠᠯᠠᠰᠢ ᠦᠭᠡᠢ ᠦᠨᠡᠨᠴᠢ ᠪᠠᠢ᠌ᠬᠤ ᠡᠷᠬᠢᠮ ᠲᠡᠭᠡᠲᠦ ᠦᠵᠡᠯ ᠰᠤᠷᠲᠠᠯ᠎ᠢ᠎ᠨᠢ  ᠰᠣᠷᠤᠯᠴᠠᠬᠤ ᠴᠢᠬᠤᠯᠠᠲᠠᠢ᠃  ᠲᠡᠭᠦᠨ᠎ᠤ ᠮᠠᠨᠢ ᠠᠵᠢᠯ᠎ᠠᠴᠠ᠎ᠪᠠᠨ ᠠᠮᠠᠷᠠᠴᠢᠬᠠᠭᠰᠡᠨ ᠴᠦ᠍   ᠵᠢᠳᠬᠦᠯ ᠵᠶ᠋ᠡᠨ ᠦᠵᠡᠭᠦᠯᠳᠡᠭ᠂ ᠠᠯᠪᠠᠨ᠎ᠤ ᠲᠦᠯᠦᠭᠡ ᠬᠤᠪᠢ᠎ᠪᠠᠨ ᠤᠮᠠᠷᠲᠠᠨ ᠦᠷᠭᠦᠯᠵᠢᠯᠡᠨ ᠪᠠᠢ᠌ᠯᠲᠤᠬᠤ ᠬᠤᠪᠢᠰᠬᠠᠯᠲᠦ ᠵᠤᠷᠢᠭ ᠰᠠᠨᠠᠭ᠎ᠠ ᠪᠠ ᠪᠠᠭ᠋ᠠᠲᠤᠷᠯᠢᠭ ᠦᠵᠡᠯ᠎ᠤᠨ ᠵᠤᠷᠢᠭ ᠰᠠᠨᠠᠭ᠎ᠠ᠎ᠨᠢ ᠮᠠᠨ᠎ᠢ ᠬᠡᠵᠢᠶᠡᠲᠠ ᠤᠷᠮᠠᠰᠢᠭᠤᠯᠤᠨ ᠵᠤᠷᠢᠭᠵᠢᠭᠤᠯᠵᠦ ᠪᠠᠢ᠌ᠬᠤ ᠶᠤᠮ᠃   

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠦᠷᠭᠡᠨ ᠮᠦᠷᠦᠨ ᠲᠡᠭᠡᠷ᠎ᠡ ᠴᠢᠨᠢ ᠪᠠᠭᠤᠬᠤ ᠴᠠᠰᠤᠨ ᠶᠠᠭᠤᠲᠠᠢ ᠡᠩᠬᠦᠷᠡᠢ᠌ᠭᠡᠨ ᠪᠤᠢ
ᠰᠡᠳᠭᠢᠯ ᠎ᠳᠤ ᠬᠣᠨᠣᠭᠰᠢᠭᠰᠠᠨ ᠦᠯᠢᠭᠡᠷ᠄ ᠰᠢᠯᠢ ᠵᠢᠨ ᠭᠣᠣᠯ ᠠᠢ᠌ᠮᠠᠭ᠎ᠤᠨ ᠠᠬᠠᠮᠠᠳ ᠲᠣᠮᠣᠭ᠋ᠠᠲᠠᠨ᠎ᠤ《ᠭᠣᠷᠪᠠᠨ ᠮᠢᠩᠭ᠋ᠠᠨ ᠥᠨᠥᠴᠢᠨ ᠬᠡᠦᠬᠡᠳ᠎ᠢ ᠦᠷᠡᠴᠢᠯᠡᠨ ᠲᠡᠵᠢᠭᠡᠭᠰᠡᠨ》 ᠲᠣᠬᠠᠢ ᠨᠠᠷᠢᠯᠢᠭ ᠳᠣᠷᠠᠳᠬᠠᠯ
ᠪᠦᠬᠦ ᠤᠯᠤᠰ᠎ᠤᠨ ᠶᠠᠳᠠᠭᠤ᠎ᠠᠴᠠ ᠠᠩᠬᠢᠵᠢᠷᠠᠭᠤᠯᠬᠤ ᠪᠣᠭᠣᠮᠳᠠ ᠰᠢᠪᠳᠤᠯᠬᠤ ᠠᠵᠢᠯ᠎ᠤᠨ ᠲᠡᠷᠢᠭᠦᠨ᠎ᠤ ᠬᠣᠪᠢ ᠬᠦᠮᠦᠨ— ᠪᠠᠶᠠᠷ
ᠢᠳᠡᠭᠡᠯ ᠬᠦᠨᠳᠦ᠂ ᠡᠭᠦᠷᠭᠡ ᠬᠠᠷᠢᠭᠤᠴᠠᠯᠭ᠎ᠠ᠂ ᠵᠢᠳᠬᠦᠯ ᠲᠡᠮᠡᠦᠯᠡᠯ
ᠰᠢᠨ᠎ᠡ ᠠᠢ᠌ᠯ ᠭᠠᠴᠠᠭ᠋ᠠᠨ᠎ᠤ ᠨᠡᠷᠡᠲᠦ ᠪᠦᠬᠡᠴᠢᠳ ᠪᠠ ᠪᠦᠬᠡ ᠵᠢᠨ ᠰᠣᠶᠣᠯ᠎ᠤᠨ ᠤᠯᠠᠮᠵᠢᠯᠠᠯ
 
            