— 《ᠰᠢᠨ᠎ᠡ ᠲᠢᠲᠢᠮᠯᠢᠭ ᠠᠭᠤᠰᠭᠢᠨ ᠦᠷᠪᠢᠰᠦᠯ》᠎ᠢ ᠬᠣᠷᠢᠭᠯᠠᠬᠤ ᠳᠠᠢ᠌ᠨ᠎ᠳᠤ᠂
ᠰᠢᠵᠢᠷ ᠠᠯᠲᠠᠨ ᠠᠮᠢ ᠨᠠᠰᠤ᠎ᠪᠠᠨ ᠵᠣᠷᠢᠭᠤᠯᠤᠭᠰᠠᠨ ᠴᠢᠨ ᠬᠤᠩ ᠱᠦᠵᠢ᠎ᠳᠤ ᠵᠣᠷᠢᠭᠤᠯᠪᠠ
ᠴ᠊ · ᠪᠦᠬᠡᠳᠡᠯᠭᠡᠷ ᠰᠤᠷᠪᠤᠯᠵᠢᠯᠠᠪᠠ
ᠬᠦᠮᠦᠨ᠎ᠤ 《ᠠᠮᠢ ᠨᠠᠰᠤ》 ᠵᠢ ᠲᠡᠩᠨᠡᠭᠦᠷ ᠵᠶ᠋ᠡᠷ ᠲᠡᠩᠨᠡᠵᠦ᠂ ᠲᠠᠦᠬᠠᠢ ᠭᠦᠶᠦᠯᠭᠡᠵᠦ ᠳᠠᠩᠰᠠᠯᠠᠵᠤ ᠳᠡᠢ᠌ᠯᠳᠡᠭ ᠬᠣᠢ᠌ᠨ᠎ᠠ ᠲᠡᠭᠦᠨ᠎ᠤ 《ᠬᠦᠨᠳᠦ ᠵᠢᠨ ᠵᠢᠩ》᠎ᠨᠢ ᠬᠡᠳᠦᠢ ᠪᠠᠢ᠌ᠳᠠᠭ ᠪᠣᠯ⁈ ᠮᠦᠩᠭᠦ᠎ᠪᠠᠷ ᠲᠣᠭ᠋ᠠᠴᠠᠯᠠᠵᠤ ᠠᠯᠲᠠ᠎ᠪᠠᠷ ᠦᠨᠡᠯᠡᠵᠦ ᠪᠣᠯᠳᠠᠭ ᠬᠣᠢ᠌ᠨ᠎ᠠ ᠲᠡᠭᠦᠨ᠎ᠤ 《ᠦᠨ᠎ᠡ ᠦᠷᠲᠡᠭ》᠎ᠨᠢ ᠬᠡᠳᠦᠢ ᠪᠠᠢ᠌ᠳᠠᠭ ᠪᠣᠯ⁈ ᠠᠶ᠎ᠠ᠂ ᠣᠷᠴᠢᠯᠠᠩ ᠬᠢᠵᠠᠭ᠋ᠠᠷ ᠦᠭᠡᠢ᠎ᠲᠠᠢ ᠠᠳᠠᠯᠢ᠂ ᠬᠦᠮᠦᠨ᠎ᠤ ᠠᠮᠢ ᠨᠠᠰᠤ ᠴᠤ᠌ ᠦᠨᠡᠯᠡᠰᠢ ᠦᠭᠡᠢ ᠠᠵᠢ!
《ᠴᠢᠨ ᠬᠤᠩ》 ᠭᠡᠳᠡᠭ ᠨᠢᠭᠡ ᠨᠡᠷ᠎ᠡ ᠴᠡᠭᠡᠵᠢ ᠤᠶᠤᠨ᠎ᠤ ᠮᠠᠨᠢ ᠴᠡᠭᠡᠯ ᠦᠨᠳᠦᠷ ᠲᠡᠭᠷᠢ᠎ᠳᠤ ᠰᠠᠷᠠ᠎ᠲᠠᠢ ᠰᠦᠨᠢ ᠵᠢᠨ ᠰᠠᠷ᠎ᠠ᠂ ᠰᠠᠷ᠎ᠠ ᠦᠭᠡᠢ ᠰᠦᠨᠢ ᠵᠢᠨ ᠨᠠᠷᠠ ᠪᠣᠯᠵᠤ ᠣᠯᠠᠨ ᠣᠯᠠᠨ ᠡᠳᠦᠷ ᠬᠣᠨᠤᠭ ᠭᠡᠷᠡᠯᠳᠦᠵᠡᠢ᠃ ᠶᠠᠭ᠋ᠠᠬᠢᠭ᠋ᠠᠳ ᠶᠤᠮ ᠪᠢᠯᠡ ᠶᠠᠭ᠋ᠠᠬᠢᠭ᠋ᠠᠳ ᠴᠦ᠍ ᠶᠤᠮ ᠪᠢᠯᠡ⁈ ᠭᠡᠵᠦ ᠤᠷᠪᠠᠨ ᠬᠦᠷᠪᠡᠨ ᠣᠯᠠᠨ ᠣᠯᠠᠨ ᠤᠴᠢᠭ ᠪᠣᠳᠤᠯ ᠤᠶᠤᠨ᠎ᠢ ᠮᠢᠨᠢ ᠢᠷᠯᠡᠵᠦ᠂ ᠤᠬᠠᠭ᠋ᠠᠨ᠎ᠢ ᠮᠢᠨᠢ ᠬᠡᠭᠡᠯᠡᠵᠦ ᠦᠷᠢᠶᠡᠴᠡᠯᠳᠦᠨ ᠬᠦᠪᠦᠷᠡᠨᠡᠮ ᠪᠢᠯᠡ᠃
ᠰᠢᠪᠠᠭᠤ 《ᠦᠳᠦᠨ》᠎ᠳᠡᠭᠡᠨ ᠡᠭᠡᠯᠢᠲᠡᠢ᠂ ᠬᠦᠮᠦᠨ 《ᠠᠮᠢ ᠨᠠᠰᠤᠨ》᠎ᠳᠠᠭᠠᠨ ᠬᠠᠢ᠌ᠷᠠᠲᠠᠢ᠃ ᠤᠴᠢᠷ᠎ᠨᠢ 《ᠡᠭᠡᠵᠦ ᠢᠷᠡᠬᠦ ᠦᠭᠡᠢ᠂ ᠣᠯᠠᠨ ᠳᠠᠪᠲᠠᠭᠳᠠᠬᠤ ᠦᠭᠡᠢ》 ᠶᠠᠭᠤᠮᠠᠨ᠎ᠳᠠᠭᠠᠨ ᠡᠭᠡᠯᠢ ᠬᠠᠢ᠌ᠷᠠᠲᠠᠢ ᠪᠠᠢ᠌ᠳᠠᠭ ᠪᠣᠯ 《ᠠᠮᠢᠲᠠᠨ ᠭᠣᠣᠯᠳᠠᠨᠤ ᠣᠣᠷ ᠠᠷᠠᠨᠰᠢ》 ᠠᠵᠢ᠃
ᠠᠮᠢ ᠨᠠᠰᠤ ᠡᠬᠢᠯᠡᠨ ᠪᠦᠷᠢᠯᠳᠦᠬᠦ᠎ᠳᠡᠭᠡᠨ 《ᠤᠶᠤᠳᠠᠯ᠎ᠤᠨ ᠵᠡᠭᠦᠦ》 ᠵᠢᠨ ᠦᠵᠦᠭᠦᠷ᠎ᠲᠤ᠂ 《ᠬᠣᠨᠤᠭ ᠠᠮᠤ》 ᠲᠣᠭᠲᠠᠬᠤ ᠵᠢᠨ ᠬᠦᠴᠢᠷ ᠲᠠᠪᠢᠯᠠᠩ ᠵᠶ᠋ᠡᠷ ᠪᠦᠷᠢᠯᠳᠦᠳᠡᠭ᠃ ᠠᠮᠢ ᠨᠠᠰᠤ ᠣᠷᠤᠰᠢᠨ ᠲᠣᠭᠲᠠᠨᠢᠬᠤ᠎ᠳᠠᠭᠠᠨ ᠨᠠᠷᠠ ᠰᠠᠷᠠᠨ᠎ᠤ ᠭᠡᠷᠡᠯ᠎ᠤᠨ ᠵᠣᠷᠪᠤᠰ ᠵᠶ᠋ᠠᠷ ᠨᠠᠨᠳᠢᠨ ᠡᠷᠬᠢᠮ ᠪᠦᠬᠦᠨ᠎ᠢ ᠡᠷᠢᠭᠡᠯᠡᠵᠦ᠂ ᠠᠮᠢᠰᠬᠤᠵᠤ ᠠᠮᠢᠳᠤᠷᠠᠬᠤ ᠵᠢᠨ ᠵᠶ᠋ᠡᠨ ᠲᠤᠭ᠋ᠠᠯᠠᠩ ᠵᠶ᠋ᠠᠷ ᠠᠷᠢᠭᠤᠨ ᠡᠷᠬᠢᠮᠰᠦᠭ ᠴᠡᠩᠬᠡᠷ ᠪᠦᠮᠪᠦᠷᠴᠡᠭ᠎ᠤᠨ 《ᠠᠮᠢ ᠨᠠᠰᠤᠨ᠎ᠤ ᠠᠶ᠎ᠠ》 ᠵᠢ ᠬᠦᠭᠯᠡᠵᠦ ᠣᠷᠤᠰᠢᠳᠠᠭ᠃ ᠠᠮᠢᠳᠤᠷᠠᠵᠤ ᠶᠠᠪᠤᠭ᠎ᠠ ᠣᠣᠷ ᠬᠡᠨ ᠨᠢᠭᠡᠨ᠎ᠳᠤ ᠴᠦ᠍ 《ᠠᠮᠢ ᠨᠠᠰᠤ》 ᠡᠷᠭᠢᠵᠦ ᠢᠷᠡᠬᠦ ᠦᠭᠡᠢ᠃ 《ᠠᠮᠢ ᠨᠠᠰᠤ》 ᠵᠢ 《ᠠᠯᠲᠠ》᠎ᠪᠠᠷ ᠵᠦᠢ᠍ᠷᠯᠡᠬᠦ ᠭᠡᠭᠴᠢ ᠮᠠᠨᠠᠢ ᠦᠨᠡᠨ᠎ᠳᠡᠭᠡᠨ 《ᠠᠳᠠᠭ᠎ᠤᠨ ᠳᠣᠣᠷᠠᠳᠤ》 ᠵᠦᠢ᠍ᠷᠯᠡᠯ ᠶᠤᠮ ᠰᠠᠨ ᠁
ᠠᠷᠭ᠎ᠠ ᠵᠢᠨ ᠲᠣᠭ᠋ᠠᠯᠠᠯ᠎ᠤᠨ 2020 ᠣᠨ᠎ᠤ 1 ᠰᠠᠷ᠎ᠠ ᠵᠢᠨ 25᠂ ᠳᠠᠷᠤᠢ ᠪᠢᠯᠢᠭ᠎ᠤᠨ ᠤᠯᠠᠷᠢᠯ᠎ᠤᠨ ᠴᠠᠭ᠋ᠠᠨ ᠰᠠᠷ᠎ᠠ ᠵᠢᠨ ᠰᠢᠨ᠎ᠡ ᠨᠢᠭᠡᠨ᠎ᠤ ᠦᠷᠯᠦᠭᠡ— 《ᠬᠢᠵᠢᠭ》᠎ᠤᠨ ᠲᠤᠬᠠᠢ ᠬᠦᠨᠳᠦ ᠴᠢᠮᠡᠭᠡ᠂ ᠬᠠᠲᠠᠭᠤ ᠵᠠᠷᠯᠢᠭ ᠬᠦᠯᠢᠶᠡᠭᠰᠡᠨ ᠨᠢᠭᠡᠨ ᠡᠪ ᠬᠠᠮᠲᠤ ᠨᠠᠮ᠎ᠤᠨ ᠭᠡᠰᠢᠭᠦᠨ᠂ ᠳᠤᠮᠳᠠᠲᠤ ᠤᠯᠤᠰ᠎ᠤᠨ ᠨᠢᠭᠡᠨ ᠭᠠᠴᠠᠭ᠎ᠠ ᠲᠤᠰᠬᠤᠨ᠎ᠤ ᠭᠣᠣᠯᠯᠠᠭᠴᠢ ᠬᠠᠷᠢᠭᠤᠴᠠᠯᠭ᠋ᠠᠲᠠᠨ᠂ ᠪᠣᠷᠤᠭᠵᠢᠭᠤᠨ ᠡᠷ᠎ᠡ ᠪᠣᠶᠤ ᠲᠠᠷᠢᠶᠠᠴᠢᠨ ᠬᠦᠮᠦᠨ ᠪᠠᠴᠢᠮᠳᠠᠯ ᠰᠠᠨᠳᠤᠷᠤᠯ᠎ᠤᠨ ᠳᠤᠮᠳᠠ ᠰᠢᠨ᠎ᠡ ᠵᠢᠨ ᠨᠢᠭᠡᠨ᠎ᠤ ᠪᠠᠩᠰᠢ᠎ᠪᠠᠨ ᠴᠦ᠍ ᠰᠢᠮᠡᠲᠡᠢ ᠬᠡᠳᠦ ᠢᠳᠡᠯ ᠦᠭᠡᠢ ᠴᠡᠮᠴᠡᠭᠡᠷᠭᠡᠨ ᠪᠣᠷᠤ ᠪᠠᠢ᠌ᠰᠢᠩ᠎ᠤᠨ ᠬᠠᠭ᠋ᠠᠯᠭ᠎ᠠ ᠬᠠᠶᠠᠵᠤ ᠭᠠᠷᠴᠤ ᠢᠷᠡᠵᠡᠢ᠃
《ᠴᠢᠰᠤᠨ ᠳᠠᠷᠤᠯᠲᠠ ᠪᠠᠭᠤᠷᠠᠭᠤᠯᠬᠤ ᠡᠮ ᠵᠶ᠋ᠡᠨ ᠠᠪᠤᠭᠰᠠᠨ ᠦᠦ⁈》 ᠭᠡᠵᠦ ᠰᠠᠨᠠᠭ᠎ᠠ ᠪᠣᠯᠵᠤ ᠬᠠᠰᠭᠢᠷᠤᠭᠰᠠᠨ ᠰᠡᠳᠬᠢᠯ᠎ᠤᠨ ᠬᠠᠢ᠌ᠷ᠎ᠠ᠎ᠲᠤ ᠪᠦᠰᠡᠭᠦᠢ ᠵᠢᠨ ᠬᠢᠨᠢ ᠦᠭᠡ᠂ ᠴᠢᠬᠢᠨ᠎ᠤ ᠬᠢᠨᠢ ᠠᠷᠤ᠎ᠳᠤ ᠬᠠᠶᠠᠭᠳᠠᠵᠠᠢ᠃
《ᠡᠪᠦᠭᠡ ᠡ᠂ ᠡᠷᠲᠡ ᠬᠠᠷᠢᠵᠤ ᠢᠷ᠎ᠡ ᠡ ᠁》 ᠭᠡᠵᠦ ᠬᠠᠰᠭᠢᠷᠤᠭᠰᠠᠨ ᠣᠮᠪᠤᠯᠤ ᠦᠬᠢᠨ᠎ᠤ ᠬᠢᠨᠢ ᠦᠭᠡ᠂ ᠦᠷᠦ ᠵᠢᠷᠦᠬᠡᠨ᠎ᠠᠴᠠ᠎ᠨᠢ ᠤᠭᠵᠠᠷᠠᠨ ᠲᠠᠲᠠᠬᠤ ᠰᠢᠭ᠋ ᠰᠣᠨᠤᠰᠳᠠᠭᠰᠠᠨ ᠴᠦ᠍ ᠲᠡᠷᠡ ᠡᠷᠭᠢᠵᠦ ᠬᠠᠷᠠᠬᠤ ᠵᠢ ᠵᠣᠷᠢᠭᠯᠠᠭᠰᠠᠨ ᠦᠭᠡᠢ᠃ ᠤᠴᠢᠷ᠎ᠨᠢ 《ᠨᠠᠮ᠎ᠤᠨ ᠵᠢᠭ᠋ᠠᠪᠤᠷᠢ᠂ ᠵᠠᠰᠠᠭ᠎ᠤᠨ ᠵᠠᠷᠯᠢᠭ ᠪᠣᠯ ᠠᠮᠢ ᠨᠠᠰᠤᠨ᠎ᠠᠴᠠ ᠬᠦᠨᠳᠦ!》 ᠭᠡᠵᠦ ᠬᠠᠢ᠌ᠷ᠎ᠠ᠂ ᠬᠠᠷᠢᠭᠤᠴᠠᠯᠭ᠎ᠠ ᠵᠢ ᠬᠡᠵᠢᠶᠡᠲᠡ ᠣᠪᠤᠭ᠎ᠤᠨ ᠵᠶ᠋ᠠᠨ ᠦᠰᠦᠭ᠂ ᠠᠯᠳᠠᠷ᠎ᠤᠨ ᠵᠶ᠋ᠠᠨ ᠲᠢᠳᠢᠮ ᠪᠣᠯᠭ᠋ᠠᠵᠤ ᠶᠠᠪᠤᠭᠰᠠᠨ ᠡᠨᠡ ᠬᠠᠲᠠᠭᠤ ᠡᠷ᠎ᠡ ᠠᠯᠢ ᠬᠡᠳᠦᠢ᠌ᠨ ᠪᠣᠳᠤᠵᠤ ᠵᠠᠩᠰᠢᠭᠰᠠᠨ ᠶᠤᠮ ᠪᠦᠯᠦᠭᠡ᠃
ᠢᠩᠭᠢᠬᠦ᠎ᠳᠤ᠂ ᠡᠨᠡ ᠬᠦᠮᠦᠨ ᠬᠡᠨ ᠶᠤᠮ ᠪᠤᠢ⁈ ᠡᠨᠡ ᠬᠦᠮᠦᠨ ᠪᠣᠯ ᠦᠪᠦᠷ ᠮᠣᠩᠭᠣᠯ᠎ᠤᠨ ᠲᠦᠩᠯᠢᠶᠣᠣ ᠬᠣᠲᠠ ᠵᠢᠨ ᠬᠣᠷᠴᠢᠨ ᠵᠡᠭᠦᠨ ᠭᠠᠷᠤᠨ ᠳᠤᠮᠳᠠᠳᠤ ᠬᠤᠰᠢᠭᠤᠨ᠎ᠤ ᠪᠣᠣ ᠯᠦᠭ ᠱᠠᠨ ᠪᠠᠯᠭ᠋ᠠᠰᠤᠨ᠎ᠤ ᠪᠠᠷᠠᠭᠤᠨ ᠪᠣᠣ ᠯᠦᠩ ᠱᠠᠨ ᠭᠠᠴᠠᠭ᠋ᠠᠨ᠎ᠤ ᠱᠦᠵᠢ ᠴᠢᠨ ᠬᠤᠩ!
《ᠦᠨᠡᠨ᠎ᠤ ᠮᠦᠷ᠎ᠲᠤ ᠬᠦᠳᠦᠰ ᠡᠷ᠎ᠡ᠂ ᠠᠮᠢᠳᠤᠷᠠᠯ᠎ᠤᠨ ᠮᠦᠷ᠎ᠲᠤ ᠤᠬᠠᠭ᠋ᠠᠯᠢᠭ ᠡᠷ᠎ᠡ᠂ ᠠᠵᠢᠯ᠎ᠤᠨ ᠮᠦᠷ᠎ᠲᠤ ᠠᠪᠢᠶᠠᠰᠯᠢᠭ ᠡᠷ᠎ᠡ᠂ ᠠᠶᠠᠨ᠎ᠤ ᠮᠦᠷ᠎ᠲᠤ ᠲᠠᠭ᠋ᠠᠭ᠋ᠠᠮᠠᠭ᠋ᠠᠢ ᠡᠷ᠎ᠡ᠂ ᠡᠭᠡᠯ ᠲᠦᠮᠡᠨ᠎ᠳᠤ ᠰᠢᠳᠤᠷᠭᠤ ᠡᠷ᠎ᠡ᠂ ᠦᠷᠢᠭᠦᠦ ᠵᠦᠷᠢᠭᠦᠦ᠎ᠳᠤ ᠬᠠᠲᠠᠭᠤ ᠡᠷ᠎ᠡ᠂ ᠦᠨᠡᠨ᠎ᠤ ᠮᠦᠷ᠎ᠲᠤ ᠦᠨᠡᠨᠴᠢ ᠡᠷ᠎ᠡ ᠁》 ᠭᠡᠵᠦ ᠠᠶᠠᠯᠠᠨ ᠰᠣᠷᠪᠤᠯᠵᠢᠯᠠᠬᠤ ᠶᠠᠪᠤᠴᠠ᠎ᠳᠤ ᠠᠷᠠᠳ ᠵᠤᠨ᠎ᠠᠴᠠ ᠰᠣᠨᠤᠰᠤᠭᠰᠠᠨ ᠡᠨᠡ ᠬᠦ᠌ 《ᠰᠣᠨᠤᠰᠬᠠᠯ》 ᠵᠶ᠋ᠡᠷ 《ᠠᠷᠠᠳ᠎ᠤᠨ ᠵᠠᠷᠤᠴᠠ᠂ ᠠᠷᠠᠯ᠎ᠤᠨ ᠱᠠᠷ》 ᠴᠢᠨ ᠬᠤᠩ ᠱᠦᠵᠢ ᠵᠢ ᠠᠪᠰᠠᠷᠬᠠᠨ ᠲᠠᠨᠢᠯᠴᠠᠭᠤᠯᠬᠤ᠎ᠳᠤ ᠦᠭᠡ ᠵᠢᠨ ᠬᠣᠮᠰᠠᠳᠠᠯ᠂ ᠦᠭᠦᠯᠡᠪᠦᠷᠢ ᠵᠢᠨ ᠲᠠᠲᠠᠭᠤᠳᠠᠯ ᠭᠡᠵᠦ ᠡᠭᠡᠯ ᠪᠢᠷᠯᠡᠭᠴᠢ ᠪᠢ ᠦᠯᠦ ᠪᠣᠳᠤᠨᠠᠮ ᠡ᠃ ᠤᠴᠢᠷ᠎ᠨᠢ 《ᠠᠷᠠᠳ ᠲᠦᠮᠡᠨ᠎ᠤ ᠠᠮᠠᠨ ᠠᠭᠤᠷ ᠠᠯᠲᠠ ᠬᠠᠰᠢ ᠰᠢᠷᠭ᠋ᠠᠭ᠋ᠠᠬᠤ》 ᠶᠤᠮ ᠬᠣᠢ᠌ᠨ᠎ᠠ ᠳ᠋ᠠ!
2020 ᠣᠨ᠎ᠤ 1 ᠰᠠᠷ᠎ᠠ ᠵᠢᠨ 25᠎ᠠᠴᠠ ᠡᠬᠢᠯᠡᠵᠦ᠂ 《ᠪᠠᠷᠴᠢᠳ᠎ᠲᠤ ᠺᠣᠷᠤᠨᠠ》 ᠵᠢ ᠡᠰᠡᠷᠭᠦᠴᠡᠨ ᠬᠣᠷᠢᠭᠯᠠᠬᠤ ᠪᠠᠲᠤ ᠪᠡᠬᠢᠯᠡᠯᠲᠡ ᠪᠠᠷᠠᠭᠤᠨ ᠪᠣᠣ ᠯᠦᠩ ᠱᠠᠨ ᠭᠠᠴᠠᠭ᠋ᠠᠨ᠎ᠳᠤ ᠪᠣᠰᠤᠯ᠎ᠠ᠃ ᠨᠠᠮ᠎ᠤᠨ ᠭᠡᠰᠢᠭᠦᠨ᠂ ᠰᠠᠢ᠌ᠨ ᠳᠤᠷᠠᠴᠤᠳ ᠲᠡᠷᠢᠭᠦᠯᠡᠵᠦ ᠴᠢᠨ ᠬᠤᠩ ᠱᠦᠵᠢ ᠵᠢᠨ ᠵᠶ᠋ᠡᠨ ᠲᠣᠭᠤᠷᠢᠨ᠎ᠳᠤ ᠴᠢᠩᠭ᠎ᠠ ᠪᠠᠲᠤ ᠰᠡᠷᠭᠡᠢ᠌ᠯᠡᠯᠲᠡ ᠵᠢᠨ ᠬᠡᠷᠡᠮ ᠪᠣᠯᠵᠤ ᠪᠣᠰᠤᠯ᠎ᠠ᠃
《ᠲᠦᠢ᠍ᠳᠭᠡᠷ᠎ᠲᠦ ᠺᠣᠷᠤᠨᠠ》 ᠵᠢ ᠡᠰᠡᠷᠭᠦᠴᠡᠬᠦ ᠳᠠᠶᠠᠭ᠋ᠠᠷ ᠳᠤᠮᠳᠠᠳᠤ᠂ ᠳᠡᠯᠡᠬᠡᠢ ᠨᠡᠢ᠌ᠲᠡ ᠵᠢᠨ ᠡᠨᠡ ᠬᠦ᠌ 《ᠳᠠᠢ᠌ᠨ》᠎ᠤ ᠪᠠᠭ᠋ᠠᠰᠬᠠᠯ ᠵᠢᠷᠤᠭ᠎ᠢ ᠪᠢᠳᠡ 《ᠪᠠᠷᠠᠭᠤᠨ ᠪᠣᠣ ᠯᠦᠩ ᠱᠠᠨ ᠭᠠᠴᠠᠭ᠋ᠠᠨ》᠎ᠳᠤ ᠳᠡᠯᠭᠡᠵᠦ ᠦᠵᠡᠬᠦ ᠭᠡᠬᠦ ᠲᠦᠰᠦᠭᠡᠯᠡᠯ ᠬᠢᠬᠦ᠎ᠳᠤ ᠪᠣᠯᠬᠣ ᠦᠭᠡᠢ᠎ᠨᠢ ᠶᠠᠭᠤ ᠶᠤᠮ ᠪᠢᠯᠡ⁈ 《ᠪᠠᠭ᠋ᠠᠲᠤᠷᠴᠤᠳ ᠮᠠᠨᠳᠤᠳᠤᠭ᠋ᠠᠢ!》 ᠁ ᠠᠶᠤᠯ ᠭᠠᠮᠰᠢᠭ ᠵᠶ᠋ᠠᠷ ᠳᠦᠭᠦᠷᠦᠭᠰᠡᠨ ᠠᠮᠢ ᠬᠦᠵᠢᠷᠡᠬᠦ ᠲᠤᠯᠤᠯᠳᠤᠭ᠋ᠠᠨᠳᠤ ᠦᠷᠦᠭᠡᠯ ᠪᠣᠰᠤᠳ᠎ᠤᠨ ᠲᠦᠯᠦᠭᠡ᠂ ᠡᠭᠦᠷᠭᠡ ᠬᠠᠷᠢᠭᠤᠴᠠᠯᠭ᠎ᠠ ᠵᠢᠨ ᠲᠦᠯᠦᠭᠡ᠂ ᠦᠵᠡᠯᠲᠡ ᠵᠣᠭᠰᠤᠯᠲᠠ ᠦᠨᠡᠨ ᠲᠠᠩᠭ᠋ᠠᠷᠢᠭ᠎ᠤᠨ ᠲᠦᠯᠦᠭᠡ ᠦᠬᠦᠵᠦ ᠤᠨᠠᠬᠤ᠎ᠪᠠᠨ ᠦᠯᠦ ᠬᠠᠢ᠌ᠬᠤᠷᠤᠭᠴᠢ 《ᠠᠭᠤᠤ ᠶᠡᠬᠡ ᠪᠠᠭ᠋ᠠᠲᠤᠷᠴᠤᠳ ᠮᠠᠨᠳᠤᠳᠤᠭ᠋ᠠᠢ!》 ᠭᠡᠵᠦ ᠤᠷᠢᠶᠠᠯᠠᠬᠤ᠎ᠳᠤ ᠶᠠᠭᠤᠲᠠᠢ ᠵᠢᠪᠬᠤᠭ᠋ᠠᠯᠢᠭ᠂ ᠶᠠᠭᠤᠲᠠᠢ ᠴᠣᠣᠷᠢᠶᠠᠯᠢᠭ ᠠᠵᠢ᠃
2020 ᠣᠨ᠎ᠤ 2 ᠰᠠᠷ᠎ᠠ ᠵᠢᠨ 1᠎ᠤ ᠡᠳᠦᠷ᠂ ᠡᠨᠡ᠎ᠨᠢ ᠡᠷᠡᠰ ᠬᠠᠲᠠᠨ᠂ ᠢᠳᠡ ᠲᠠᠭ᠋ᠠᠭ᠋ᠠᠮᠠᠭ᠋ᠠᠢ ᠵᠠᠩ᠎ᠲᠠᠢ ᠡᠷ᠎ᠡ ᠬᠦᠮᠦᠨ — ᠴᠢᠨ ᠬᠤᠩ᠎ᠤᠨ ᠬᠤᠪᠢ᠎ᠳᠤ 《ᠡᠷᠯᠢᠭ ᠺᠣᠷᠤᠨᠠ》᠎ᠲᠠᠢ ᠪᠠᠢ᠌ᠯᠳᠤᠵᠤ ᠶᠠᠪᠤᠭᠰᠠᠨ ᠨᠠᠢ᠍ᠮᠠᠳᠡᠬᠢ ᠡᠳᠦᠷ᠃
ᠳᠠᠢ᠌ᠨ ᠪᠣᠯ ᠳᠠᠢ᠌ᠨ᠂ ᠳᠠᠢ᠌ᠰᠤᠨ ᠪᠣᠯ ᠳᠠᠢ᠌ᠰᠤᠨ᠃ 《ᠲᠦᠢ᠍ᠳᠭᠡᠷ᠎ᠲᠦ ᠬᠢᠵᠢᠭ ᠺᠣᠷᠣᠨᠠ》 ᠵᠢᠨ ᠬᠤᠪᠢ᠎ᠳᠤ ᠴᠢ ᠨᠢᠭᠡ ᠡᠳᠦᠷ ᠭᠡᠷ᠎ᠲᠡᠭᠡᠨ ᠠᠮᠠᠷ ᠰᠠᠭᠤᠬᠤ᠎ᠳᠤ᠂ ᠰᠢᠨ᠎ᠡ ᠺᠣᠷᠤᠨᠠ ᠬᠢᠵᠢᠭ ᠬᠠᠷᠢᠨ ᠴᠢᠨᠦ ᠠᠢ᠌ᠯ ᠲᠤᠰᠬᠤᠨ ᠤᠷᠤᠭᠤ ᠴᠢᠨᠡᠭᠡ᠎ᠪᠠᠷ ᠵᠶ᠋ᠡᠨ ᠨᠢᠭᠡ ᠠᠯᠬᠤᠮ ᠤᠢ᠌ᠷ᠎ᠠ ᠲᠦᠭᠦᠵᠦ ᠢᠷᠡᠬᠦ ᠪᠣᠯᠤᠯᠴᠠᠭ᠎ᠠ ᠪᠦᠷᠢᠨ ᠪᠠᠢ᠌ᠬᠤ ᠵᠢ ᠴᠠᠭ᠋ᠠᠨ᠎ᠠ᠎ᠨᠢ ᠭᠠᠷᠲᠠᠯ᠎ᠠ ᠮᠡᠳᠡᠵᠦ᠂ ᠰᠡᠳᠬᠢᠯ᠎ᠳᠡᠭᠡᠨ ᠰᠡᠷᠡᠮᠵᠢ ᠵᠢᠨ ᠬᠣᠩᠬᠤ ᠤᠶᠠᠵᠤ ᠶᠠᠪᠤᠭᠰᠠᠨ ᠬᠦᠮᠦᠨ᠎ᠤ ᠨᠢᠭᠡ ᠪᠣᠯ ᠴᠢᠨ ᠬᠤᠩ!
ᠦᠷᠯᠦᠭᠡ ᠵᠢᠨ ᠬᠣᠭᠤᠯᠠ᠎ᠪᠠᠨ ᠰᠡᠩᠳᠡ ᠮᠡᠩᠳᠡ ᠢᠳᠡᠵᠦ᠂ ᠡᠳᠦᠷ᠎ᠤᠨ ᠵᠢᠵᠢᠭᠦᠷ ᠪᠠᠢ᠌ᠴᠠᠭ᠋ᠠᠬᠤ᠎ᠪᠠᠷ ᠭᠠᠷᠬᠤ ᠪᠣᠯᠤᠯ᠎ᠠ᠃ ᠰᠦᠨᠢ ᠵᠢᠵᠢᠭᠦᠷᠯᠡᠵᠦ ᠬᠣᠨᠤᠭᠰᠠᠨ ᠬᠦᠮᠦᠨ᠎ᠤ ᠬᠤᠪᠢ᠎ᠳᠤ᠂ ᠴᠢᠨ ᠬᠤᠩ ᠡᠳᠦᠷ᠎ᠤᠨ ᠡᠭᠡᠯᠵᠢᠨ᠎ᠳᠤ ᠭᠠᠷᠬᠤ ᠦᠭᠡᠢ᠎ᠳᠤ ᠪᠣᠯᠤᠨ᠎ᠠ᠃ ᠭᠡᠲᠡᠯ᠎ᠡ ᠲᠡᠷᠡ ᠶᠡᠷᠦ᠎ᠨᠢ ᠰᠡᠳᠬᠢᠯ ᠠᠮᠤᠷ ᠦᠭᠡᠢ᠃ ᠵᠠᠮ ᠬᠣᠷᠢᠵᠤ᠂ ᠬᠦᠯ ᠬᠣᠷᠢᠵᠤ ᠬᠢᠵᠢᠭ᠎ᠤᠨ ᠬᠠᠯᠳᠠᠪᠤᠷᠢᠯᠠᠯ᠎ᠠᠴᠠ ᠬᠢᠴᠢᠶᠡᠨ ᠰᠡᠷᠡᠮᠵᠢᠯᠡᠵᠦ ᠪᠠᠢ᠌ᠭ᠎ᠠ ᠬᠦᠨᠳᠦ ᠬᠡᠴᠡᠭᠦᠦ ᠡᠨᠡ ᠡᠷᠢᠨ᠎ᠳᠤ 《ᠬᠠᠷᠢᠭᠤᠴᠠᠯᠭ᠎ᠠ ᠵᠢᠨ ᠭᠣᠣᠯᠯᠠᠭᠴᠢ ᠬᠦᠮᠦᠨ》 ᠪᠣᠯ ᠲᠡᠷᠡ ᠰᠢᠦ ᠳ᠋ᠠ!
ᠭᠡᠷ᠎ᠠᠴᠠ᠎ᠪᠠᠨ ᠭᠠᠷᠬᠤ ᠦᠶ᠎ᠡ᠎ᠳᠤ ᠲᠡᠷᠡ᠂ ᠬᠡᠷᠬᠡᠢ ᠯᠢᠦ ᠭᠣᠸ᠎ᠠ ᠤᠷᠤᠭᠤ᠎ᠪᠠᠨ ᠬᠠᠷᠠᠵᠤ ᠪᠠᠬᠠᠨ ᠡᠷᠡᠭ ᠳᠤᠷᠠᠭ ᠭᠡᠰᠡᠨ ᠵᠶ᠋ᠡᠨ 《ᠦᠳᠡ᠎ᠳᠤ ᠭᠣᠭᠣᠳ᠎ᠤᠨ ᠰᠢᠶᠠᠨᠰᠠ᠎ᠲᠠᠢ ᠪᠠᠩᠰᠢ ᠢᠳᠡᠬᠦ ᠰᠠᠨᠠᠭ᠎ᠠ》᠎ᠪᠠᠨ ᠬᠠᠯᠲᠤ ᠴᠣᠬᠤᠢ᠌ᠯᠭ᠋ᠠᠵᠠᠢ᠃ ᠭᠡᠷ ᠭᠠᠳᠠᠨᠠᠬᠢ ᠠᠵᠢᠯ᠎ᠳᠤ ᠪᠡᠬᠡᠷᠡᠭᠦᠯ ᠡᠭᠡᠷᠡᠭᠦᠯ ᠰᠢᠭ ᠡᠷᠬᠢᠵᠦ᠂ ᠪᠣᠷᠪᠢ ᠪᠣᠭᠢᠰᠭᠢᠬᠦ ᠵᠠᠪ ᠦᠭᠡᠢ ᠪᠣᠵᠢᠭᠢᠨᠠᠵᠤ ᠶᠠᠭ᠋ᠠᠷᠠᠬᠤ ᠵᠢᠨ ᠳᠡᠭᠡᠷ᠎ᠡ ᠡᠪᠡᠳᠴᠢᠨ᠎ᠲᠠᠢ ᠠᠪᠤ ᠡᠵᠢ ᠵᠢ᠎ᠨᠢ ᠡᠮᠰᠡᠭᠯᠡᠨ ᠬᠢᠮᠠᠭ᠋ᠠᠳᠠᠵᠤ ᠵᠦᠳᠡᠷᠡᠭᠡ ᠡᠬᠡᠨᠡᠷ ᠵᠶ᠋ᠡᠨ ᠲᠡᠷᠡ 《ᠦᠷᠦ ᠡᠪᠡᠳᠬᠦ》 ᠵᠢᠨ ᠲᠦᠯᠦᠭᠡᠨ᠎ᠠᠴᠠ 《ᠡᠷᠡᠭ ᠲᠤᠷᠠᠭ》 ᠭᠡᠰᠡᠨ᠎ᠨᠢ ᠯᠠᠪᠲᠠᠢ᠃ ᠬᠦᠨᠳᠦ ᠵᠢ ᠳᠠᠭ᠋ᠠᠭ᠋ᠠᠵᠤ᠂ ᠬᠦᠴᠢᠷ᠎ᠢ ᠮᠡᠳᠡᠳᠡᠭ ᠬᠦᠮᠦᠨ᠎ᠨᠢ ᠯᠠ ᠰᠠᠶᠢ 《ᠬᠦᠮᠦᠨ᠎ᠢ ᠣᠢ᠌ᠯᠠᠭ᠋ᠠᠵᠤ》 ᠴᠢᠳᠠᠳᠠᠭ ᠠᠵᠢ᠃
ᠬᠡᠷᠬᠡᠢ᠎ᠨᠢ ᠭᠡᠭᠡᠭᠡᠨ ᠢᠨᠢᠶᠡᠵᠦ᠂ ᠲᠤᠶᠠᠭ᠋ᠠᠬᠠᠨ ᠮᠢᠰᠢᠶᠡᠵᠦ ᠲᠣᠯᠤᠭ᠋ᠠᠢ ᠳᠣᠬᠢᠭᠰᠠᠨ᠎ᠨᠢ ᠲᠡᠭᠦᠨ᠎ᠢ ᠲᠤᠩ ᠪᠠᠶᠠᠷᠯᠠᠭᠤᠯᠵᠠᠢ᠃ ᠰᠡᠳᠭᠢᠯ᠎ᠤᠨ ᠮᠡᠳᠡᠯᠴᠡᠭᠡ᠂ ᠬᠠᠢ᠌ᠷ᠎ᠠ ᠵᠢᠨ ᠣᠢ᠌ᠯᠠᠭ᠋ᠠᠯᠴᠠᠭ᠎ᠠ᠎ᠨᠢ ᠬᠦᠮᠦᠨ᠎ᠳᠤ ᠢᠲᠡᠭᠡᠯ᠎ᠤᠨ ᠲᠡᠩᠬᠡᠭᠡ ᠬᠠᠢ᠌ᠷᠠᠯᠠᠵᠤ᠂ ᠵᠢᠳᠭᠦᠯ᠎ᠤᠨ ᠵᠢᠭᠦᠷ ᠤᠷᠭᠤᠭᠤᠯᠳᠠᠭ ᠤᠴᠢᠷ᠎ᠲᠠᠢ ᠪᠠᠢ᠌ᠵᠠᠢ᠃
ᠭᠠᠴᠠᠭ᠎ᠠ ᠨᠡᠢ᠌ᠲᠡ ᠵᠢᠨ ᠠᠵᠢᠯ ᠭᠡᠵᠤ ᠭᠠᠷᠤᠨ ᠣᠷᠤᠨ ᠶᠠᠭ᠋ᠠᠷᠠᠳᠠᠭ ᠪᠠᠢ᠌ᠭᠰᠠᠨ ᠴᠢᠨ ᠬᠤᠩ᠎ᠢ ᠬᠡᠷᠬᠡᠢ ᠯᠢᠤ ᠭᠤᠸ᠎ᠠ᠎ᠨᠢ ᠲᠡᠷᠡ ᠪᠣᠯᠭ᠋ᠠᠨ ᠤᠭᠲᠤᠵᠤ ᠦᠳᠡᠳᠡᠭ ᠦᠭᠡᠢ ᠪᠠᠢ᠌ᠭᠰᠠᠨ᠃ ᠭᠡᠲᠡᠯ᠎ᠡ ᠦᠨᠦ ᠬᠦᠷᠢᠶ᠎ᠡ ᠡᠭᠦᠳᠡ᠎ᠪᠠᠨ ᠬᠦᠷᠲᠡᠯ᠎ᠡ ᠬᠦᠷᠭᠡᠵᠦ ᠬᠣᠢ᠌ᠨ᠎ᠠ᠎ᠠᠴᠠ᠎ᠨᠢ ᠤᠲᠠᠲᠠᠯ᠎ᠠ ᠬᠠᠷᠠᠵᠤ ᠵᠣᠭᠰᠤᠵᠠᠢ᠃
ᠭᠡᠲᠡᠯ᠎ᠡ 《ᠪᠠᠩᠰᠢ ᠬᠢᠯᠭᠡᠬᠦ᠎ᠪᠠᠷ ᠨᠠᠢ᠌ᠳᠠᠭᠰᠠᠨ》 ᠪᠦᠲᠦᠨ ᠲᠡᠷᠡ ᠡᠳᠦᠷ᠎ᠲᠡᠭᠡᠨ ᠴᠢᠨ ᠬᠤᠩ ᠪᠤᠴᠠᠵᠤ ᠢᠷᠡᠭᠰᠡᠨ ᠦᠭᠡᠢ ᠪᠠᠰᠠ ᠯᠠ 《ᠵᠢᠵᠢᠭᠦᠷ᠎ᠤᠨ ᠭᠠᠵᠠᠷ》ᠲᠠᠭᠠᠨ ᠬᠣᠨᠤᠵᠠᠢ᠃
《ᠲᠦᠢ᠍ᠳᠭᠡᠷ᠎ᠲᠦ ᠬᠢᠵᠢᠭ ᠲᠣᠭᠰᠢᠷᠠᠬᠤᠪᠠᠷ ᠵᠶ᠋ᠠᠨ ᠲᠤᠭᠰᠢᠷᠠᠬᠤ ᠴᠤ᠌᠂ ᠲᠡᠭᠷᠢ ᠨᠠᠷᠠ ᠣᠷᠴᠢᠬᠤ᠎ᠪᠠᠷ ᠵᠶ᠋ᠠᠨ ᠣᠷᠴᠢᠬᠤ ᠵᠢ ᠬᠡᠷᠬᠢᠨ ᠰᠠᠭ᠋ᠠᠲᠠᠭ᠋ᠠᠵᠤ ᠳᠡᠢ᠌ᠯᠬᠦ ᠶᠣᠮ ᠪᠣᠢ!》 ᠭᠡᠬᠦ ᠰᠢᠭ ᠳᠠᠷᠠᠭ᠎ᠠ ᠡᠳᠦᠷ᠎ᠤᠨ ᠬᠢᠨᠢ ᠨᠠᠷᠠ ᠲᠠᠯ᠎ᠠ ᠵᠣ᠋ ᠵᠢᠨ ᠳᠡᠷᠲᠡᠭᠡ᠎ᠠᠴᠠ ᠮᠠᠨᠳᠤᠬᠣᠪᠠᠷ ᠵᠶ᠋ᠠᠨ ᠮᠠᠨᠳᠤᠨ᠂ 2020 ᠣᠨ᠎ᠤ 2 ᠰᠠᠷ᠎ᠠ ᠵᠢᠨ 2 ᠤᠨ ᠥᠷᠯᠥᠭᠡ ᠪᠣᠯᠵᠠᠢ᠃
ᠵᠢᠩᠳᠠᠮᠠ ᠬᠦᠢ᠍ᠲᠡᠨ 《ᠵᠢᠵᠢᠭᠦᠷ᠎ᠤᠨ ᠮᠠᠢ᠌ᠬᠠᠨ》᠎ᠳᠠᠭᠠᠨ ᠵᠢᠭᠡᠭᠦᠰᠦᠨ ᠰᠡᠷᠡᠭᠰᠡᠨ ᠴᠢᠨ ᠬᠤᠩ᠂ 5 ᠴᠠᠭ᠎ᠤᠨ ᠦᠶ᠎ᠡ᠎ᠪᠠᠷ 《ᠬᠢᠵᠢᠭ᠎ᠤᠨ ᠪᠠᠢ᠌ᠳᠠᠯ᠎ᠢ ᠰᠡᠷᠭᠡᠢ᠌ᠯᠡᠨ ᠡᠵᠡᠮᠳᠡᠬᠦ 》 ᠲᠤᠬᠠᠢ ᠳᠡᠭᠡᠲᠦ ᠱᠠᠲᠤᠨ᠎ᠤ ᠵᠢᠭ᠋ᠠᠪᠤᠷᠢ ᠵᠢ ᠭᠠᠴᠠᠭ᠋ᠠᠨ᠎ᠤ ᠤᠳᠤᠷᠢᠳᠬᠤ ᠪᠠᠭ ᠪᠣᠯᠤᠨ ᠨᠠᠮ᠎ᠤᠨ ᠭᠡᠰᠢᠭᠦᠳᠲᠡᠭᠡᠨ ᠸᠢᠴᠠᠲ ᠵᠶ᠋ᠠᠷ ᠳᠠᠮᠵᠢᠭᠤᠯᠵᠤ᠂ ᠳᠤᠭᠬᠢᠵᠤ ᠵᠢᠭ᠋ᠠᠬᠠᠨ ᠨᠣᠢ᠌ᠷ ᠠᠪᠤᠯ᠎ᠠ᠃
ᠰᠡᠳᠭᠢᠯ᠎ᠳᠡᠭᠡᠨ ᠳᠠᠷᠤᠭ᠋ᠠᠰᠤ᠎ᠲᠠᠢ ᠤᠨᠲᠠᠭᠰᠠᠨ ᠲᠡᠷᠡ᠎ᠪᠠᠷ ᠰᠡᠭᠭᠢᠵᠦ ᠤᠳᠠᠯ ᠦᠭᠡᠢ ᠰᠡᠷᠡᠵᠦ᠂ 《8 ᠴᠠᠭ᠎ᠤᠨ ᠦᠶ᠎ᠡ᠎ᠪᠠᠷ ᠭᠠᠴᠠᠭ᠎ᠠ ᠵᠢᠨ ᠭᠡᠷ᠎ᠲᠤ ᠬᠤᠷᠠᠯ᠎ᠲᠠᠢ!》 ᠭᠡᠵᠦ ᠡᠯ᠎ᠡ ᠳᠣᠭᠤᠢ᠌ᠯᠠᠩᠤᠨᠬᠢᠨᠤ ᠳᠠᠷᠤᠭ᠎ᠠ ᠨᠠᠷ᠎ᠲᠠᠭᠠᠨ ᠮᠡᠳᠡᠭᠳᠡᠬᠦ ᠵᠢᠨ ᠬᠠᠮᠲᠤ 《ᠵᠢᠵᠢᠭᠦᠷ ᠮᠠᠢ᠌ᠬᠠᠨ》᠎ᠠᠴᠠ᠎ᠪᠠᠨ ᠭᠠᠷᠴᠤ ᠶᠠᠪᠤᠯ᠎ᠠ᠃
ᠰᠢᠨ᠎ᠡ ᠨᠢᠭᠡ ᠡᠳᠦᠷ᠎ᠤᠨ ᠨᠠᠷᠠ ᠴᠡᠭᠡᠵᠢ ᠣᠩᠭᠤᠢ᠌ᠯᠭ᠋ᠠᠵᠤ᠂ ᠨᠢᠳᠦ ᠭᠢᠯᠪᠠᠭᠤᠯᠵᠤ ᠲᠡᠭᠦᠨ᠎ᠢ ᠤᠭᠲᠤᠨ᠎ᠠ᠃ ᠴᠢᠨ ᠬᠤᠩ ᠰᠢᠨ᠎ᠡ ᠨᠢᠭᠡ ᠡᠳᠦᠷ᠎ᠤᠨ ᠨᠠᠷᠠ ᠵᠢ ᠬᠠᠷᠠᠮᠠᠭᠴᠠ ᠠᠮᠢ ᠨᠠᠰᠤᠨ᠎ᠤ ᠠᠭᠤᠤ ᠶᠡᠬᠡ᠂ ᠠᠮᠢ ᠨᠠᠰᠤᠨ᠎ᠤ ᠬᠦᠴᠢᠷ ᠬᠦᠨᠳᠦ ᠵᠢ ᠠᠭᠱ᠌ᠠᠨ ᠵᠶ᠋ᠠᠷ ᠣᠢ᠌ᠯᠠᠭ᠋ᠠᠬᠤ ᠰᠢᠭ᠋ ᠪᠣᠯᠵᠤ᠂ ᠴᠡᠯᠮᠡᠭ ᠲᠤᠩᠭ᠋ᠠᠯᠠᠭ ᠨᠤᠲᠤᠭ᠎ᠤᠨ ᠵᠶ᠋ᠠᠨ ᠠᠭ᠋ᠠᠷ᠎ᠢ ᠴᠡᠭᠡᠵᠢ ᠲᠡᠨᠢᠬᠦᠨ ᠭᠦᠨ ᠭᠡᠭᠴᠢ ᠠᠮᠢᠰᠬᠤᠵᠠᠢ᠃
ᠬᠠᠪᠢ ᠲᠣᠭᠤᠷᠢᠨ ᠵᠶ᠋ᠠᠨ ᠡᠷᠭᠢᠨ ᠤᠷᠪᠠᠨ ᠬᠠᠷᠠᠬᠤ᠎ᠳᠤ ᠭᠠᠴᠠᠭ᠋ᠠᠨ᠎ᠤ ᠭᠡᠷ᠎ᠨᠢ ᠵᠡᠭᠦᠨ᠎ᠡ ᠬᠠᠷᠠᠭᠳᠠᠵᠤ᠂ ᠦᠪᠡᠷ᠎ᠤᠨ ᠭᠡᠷ᠎ᠨᠢ ᠪᠠᠷᠠᠭᠤᠨ᠎ᠠ ᠬᠠᠷᠠᠭᠳᠠᠬᠤ ᠪᠦᠭᠡᠳ ᠲᠡᠷᠡ᠎ᠪᠠᠷ ᠦᠨᠦ ᠶᠠᠭ ᠭᠠᠴᠠᠭ᠋ᠠᠨ᠎ᠤ ᠭᠡᠷ ᠪᠠ ᠦᠪᠡᠷ᠎ᠤᠨ ᠭᠡᠷ᠎ᠤᠨ ᠵᠶ᠋ᠡᠨ ᠲᠦᠪ ᠳᠤᠮᠳᠠᠬᠢ ᠵᠠᠢ ᠳᠡᠭᠡᠷ᠎ᠡ ᠵᠣᠭᠰᠤᠬᠤ ᠠᠵᠢ᠃
ᠦᠪᠡᠷ᠎ᠤᠨ ᠭᠡᠷ᠎ᠤᠨ ᠬᠢᠨᠢ ᠬᠤᠯᠠᠩ᠎ᠠᠴᠠ ᠤᠲᠤᠭ᠎ᠠ ᠰᠤᠭᠤᠨᠠᠭᠯᠠᠵᠤ 《ᠠᠮᠢ ᠨᠠᠰᠤᠨ》 ᠤ ᠦᠭᠡᠳᠡ ᠦᠷᠨᠢᠭᠦ᠎ᠨᠢ ᠪᠡᠯᠭᠡᠳᠡᠬᠦ ᠰᠢᠭ᠃ ᠠᠯᠪᠠᠨ ᠭᠠᠵᠠᠷ — ᠭᠠᠴᠠᠭ᠋ᠠᠨ᠎ᠤ ᠭᠡᠷ᠎ᠤᠨ ᠬᠢᠨᠢ ᠬᠦᠷᠢᠶᠡᠨ᠎ᠳᠤ ᠤᠯᠠᠭ᠋ᠠᠨ ᠲᠤᠭ ᠨᠠᠮᠢᠷᠠᠵᠤ᠂ 《ᠠᠷᠠᠳ ᠲᠦᠮᠡᠨ᠎ᠳᠤ ᠦᠢ᠍ᠯᠡᠴᠢᠯᠡᠶ᠎ᠡ》 ᠭᠡᠳᠡᠭ ᠠᠭᠤᠤ ᠶᠡᠬᠡ ᠦᠭᠡ ᠵᠢ ᠠᠶᠠᠯᠭᠤᠨ ᠲᠠᠩᠰᠤᠭ ᠳᠠᠭᠤᠯᠠᠬᠤ ᠴᠦ᠍ ᠰᠢᠭ᠋ ᠡ!
ᠲᠡᠷᠡ᠂ ᠭᠡᠷ ᠪᠠ ᠠᠯᠪᠠᠨ᠎ᠤ᠎ᠪᠠᠨ ᠭᠣᠣᠯ ᠲᠦᠪ — ᠳᠤᠮᠳᠠ ᠵᠠᠢ ᠳᠡᠭᠡᠷ᠎ᠡ ᠵᠣᠭᠰᠤᠨ᠎ᠠ᠃ ᠲᠡᠷᠡ ᠬᠡᠷᠬᠡᠢ᠎ᠳᠡᠭᠡᠨ 《ᠪᠠᠩᠰᠢ ᠬᠢᠯᠭᠡᠬᠦ᠎ᠪᠠᠷ ᠨᠠᠢ᠌ᠳᠠᠭᠰᠠᠨ》 ᠵᠶ᠋ᠠᠨ ᠬᠤᠷᠤᠮᠬᠠᠨ ᠵᠠᠭᠤᠷ᠎ᠠ ᠪᠣᠳᠤᠵᠤ ᠠᠮᠵᠢᠭᠰᠠᠨ ᠴᠦ᠍ ᠬᠠᠰᠢ ᠯᠠ ᠭᠠᠴᠠᠭ᠋ᠠᠨ᠎ᠤ᠎ᠪᠠᠨ ᠭᠡᠷ ᠤᠷᠤᠭᠤ ᠰᠢᠭᠤᠳᠤᠮᠠᠭ ᠡᠷᠭᠢᠵᠦ ᠠᠯᠬᠤᠯᠠᠵᠠᠢ᠃
ᠥᠷᠯᠥᠭᠡ ᠵᠢᠨ 8 ᠴᠠᠭ᠎ᠤᠨ ᠦᠶ᠎ᠡ᠎ᠪᠠᠷ ᠴᠢᠨ ᠬᠤᠩ ᠱᠦᠵᠢ ᠭᠠᠴᠠᠭ᠋ᠠᠨ᠎ᠤ᠎ᠪᠠᠨ ᠭᠡᠷ ᠤᠷᠤᠭᠤ ᠬᠤᠷᠠᠯ ᠬᠤᠷᠠᠯᠳᠤᠬᠤ᠎ᠪᠠᠷ ᠶᠠᠪᠤᠵᠤ ᠪᠠᠢ᠌ᠭ᠋ᠠᠳ 《ᠲᠠᠷᠢᠬᠢᠨᠳᠤᠨᠢ ᠴᠢᠰᠦ ᠬᠠᠷᠪᠣᠵᠤ》 ᠭᠠᠵᠠᠷ ᠣᠢ᠌ᠴᠢᠵᠠᠢ᠃
᠁ ᠬᠡᠷᠪᠡ 《ᠲᠦᠢ᠍ᠳᠭᠡᠷ᠎ᠲᠦ ᠬᠢᠵᠢᠭ ᠺᠣᠷᠣᠨᠠ》 ᠳᠡᠯᠡᠬᠡᠢ ᠲᠠᠶᠠᠭ᠋ᠠᠷᠢ ᠲᠦᠢ᠍ᠪᠡᠭᠡᠭᠰᠡᠨ ᠦᠭᠡᠢ ᠪᠣᠯ ᠁ ᠬᠡᠷᠪᠡ 《ᠠᠶᠤᠯᠲᠤ ᠬᠢᠵᠢᠭ》 ᠢ ᠬᠣᠷᠢᠭᠯᠠᠬᠤ᠎ᠪᠠᠷ ᠠᠷᠪᠠᠨ ᠡᠳᠦᠷ ᠰᠦᠨᠢ ᠲᠣᠷᠰᠢ ᠠᠮᠢ ᠬᠠᠢ᠌ᠷᠠᠨ ᠦᠭᠡᠢ ᠲᠡᠮᠡᠴᠡᠭᠰᠡᠨ ᠦᠭᠡᠢ ᠪᠣᠯ ᠁ ᠬᠡᠷᠪᠡ ᠠᠷᠤ ᠭᠡᠷ᠎ᠲᠡᠭᠡᠨ ᠭᠡᠳᠡᠢ᠌ᠵᠦ ᠠᠮᠤᠷ ᠠᠮᠤᠭᠤᠯᠠᠩ ᠰᠠᠭ᠋ᠠᠲᠠᠭᠰᠠᠨ ᠪᠣᠯ ᠁ ᠬᠡᠷᠪᠡ 《ᠴᠢᠰᠦᠨ ᠳᠠᠷᠤᠯᠲᠠ ᠪᠠᠭᠤᠷᠠᠭᠤᠯᠬᠤ ᠡᠮ》 ᠵᠶ᠋ᠠᠨ ᠴᠠᠭ ᠲᠤᠬᠠᠢᠳᠤᠨᠢ ᠤᠤᠭᠤᠭᠰᠠᠨ ᠪᠣᠯ ᠁ ᠬᠡᠷᠪᠡ᠂ ᠬᠡᠷᠪᠡ᠂ ᠬᠡᠷᠪᠡ ᠁ ᠬᠡᠴᠢᠨᠡᠬᠡᠨ ᠣᠯᠠᠨ 《ᠬᠡᠷᠪᠡ》 ᠪᠠᠢ᠌ᠯ᠎ᠠ ᠶᠠᠮᠠᠷ ᠯᠠ ᠲᠣᠰᠠ ᠪᠣᠯᠬᠤ ᠪᠣᠢ!
2020 ᠣᠨ᠎ᠤ 2 ᠰᠠᠷ᠎ᠠ ᠵᠢᠨ 3᠎ᠤ ᠡᠳᠦᠷ ᠬᠠᠲᠠᠭᠤ ᠡᠷ᠎ᠡ᠂ ᠬᠠᠷᠢᠭᠤᠴᠠᠯᠭ᠎ᠠ᠎ᠲᠠᠢ ᠡᠷ᠎ᠡ᠂ ᠬᠣᠪᠢᠨᠤ ᠬᠠᠢ᠌ᠷ᠎ᠠ ᠵᠢ ᠬᠠᠮᠲᠤ ᠨᠡᠢ᠌ᠲᠡ ᠵᠢᠨ ᠬᠠᠢ᠌ᠷ᠎ᠠ᠎ᠪᠠᠷ ᠣᠷᠤᠯᠠᠭᠤᠯᠣᠭᠰᠠᠨ ᠡᠷ᠎ᠡ᠂ ᠬᠡᠯᠡᠬᠦ ᠬᠢᠬᠦ᠎ᠨᠢ ᠬᠡᠪ ᠨᠢᠭᠡ ᠡᠷ᠎ᠡ᠂ ᠬᠦᠰᠡᠯ ᠢᠷᠡᠭᠡᠳᠦᠢ᠎ᠨᠢ ᠲᠣᠳᠤ ᠨᠢᠭᠡ ᠡᠷ᠎ᠡ᠂ ᠬᠦᠴᠢᠷ᠎ᠤᠨ ᠡᠮᠦᠨ᠎ᠡ ᠬᠦᠯ ᠨᠤᠭᠤᠷᠠᠳᠠᠭ ᠦᠭᠡᠢ ᠡᠷ᠎ᠡ᠂ ᠬᠦᠮᠦᠨ᠎ᠤ ᠮᠦᠷ᠎ᠲᠤ ᠬᠦᠯ ᠠᠯᠳᠠᠳᠠᠭ ᠦᠭᠡᠢ ᠡᠷ᠎ᠡ — ᠬᠠᠮᠤᠭ᠎ᠤᠨ ᠦᠨᠳᠦᠰᠦᠨ ᠱᠠᠲᠤᠨ᠎ᠤ ᠡᠪ ᠬᠠᠮᠲᠤ ᠨᠠᠮ᠎ᠤᠨ ᠬᠡᠰᠢᠭᠦᠨ ᠴᠢᠨ ᠬᠤᠩ ᠱᠦᠵᠢ᠂ ᠬᠦᠨᠳᠦ ᠡᠪᠡᠳᠴᠢᠨ᠎ᠠᠴᠠ᠎ᠪᠠᠨ ᠪᠣᠯᠵᠤ ᠬᠣᠷᠸ᠎ᠠ᠎ᠠᠴᠠ ᠬᠠᠯᠢᠵᠠᠢ᠃
ᠳᠦᠴᠢᠨ ᠨᠠᠢ᠍ᠮᠠᠨ ᠨᠠᠰᠤ! ᠳᠦᠯᠦ ᠰᠢᠭ ᠳᠦᠷᠡᠯᠵᠡᠵᠦ ᠲᠦᠷᠦᠭᠡ ᠰᠢᠭ ᠬᠠᠩᠭᠢᠨᠠᠵᠤ ᠶᠠᠪᠤᠭᠰᠠᠨ ᠳᠦᠴᠢᠨ ᠨᠠᠢ᠍ᠮᠠᠨ ᠨᠠᠰᠤ! ᠬᠠᠢ᠌ᠷᠠᠨ ᠳᠦᠴᠢᠨ ᠨᠠᠢ᠍ᠮᠠᠨ ᠨᠠᠰᠤ ᠡ ᠁ 《ᠲᠣᠭ᠋ᠠᠯᠠᠭ᠋ᠠᠳ ᠲᠠᠯᠪᠢᠭᠰᠠᠨ ᠨᠠᠰᠤ᠂ ᠲᠦᠭᠡᠯᠡᠭᠡᠳ ᠲᠠᠯᠪᠢᠭᠰᠠᠨ ᠪᠡᠶ᠎ᠡ》 ᠬᠡᠭᠴᠢ ᠡᠨᠡ ᠦᠦ? 《ᠰᠠᠢ᠌ᠨ ᠬᠦᠮᠦᠨ᠎ᠤ ᠨᠠᠰᠤ᠎ᠨᠢ ᠣᠬᠣᠷ》 ᠭᠡᠳᠡᠭ ᠦᠨᠡᠨ ᠦᠦ? ᠪᠦᠦ ᠮᠡᠳᠡ!
ᠴᠢᠨ ᠬᠤᠩ — ᠡᠪ ᠡᠩ᠎ᠤᠨ ᠨᠢᠭᠡ ᠬᠦᠮᠦᠨ᠂ ᠡᠭᠡᠯ ᠵᠢᠷ᠎ᠤᠨ ᠨᠢᠭᠡ ᠡᠪ ᠬᠠᠮᠲᠤ ᠨᠠᠮ᠎ᠤᠨ ᠬᠡᠰᠢᠭᠦᠨ᠃ ᠲᠡᠷᠡ ᠶᠠᠪᠤᠯ᠎ᠠ᠃ ᠭᠡᠬᠦ᠎ᠳᠤ ᠲᠡᠷᠡ ᠦᠷᠦ ᠵᠢᠷᠦᠬᠡᠨ᠎ᠠᠴᠠ᠎ᠨᠢ ᠤᠶᠠᠭ᠋ᠠᠲᠠᠢ ᠣᠯᠠᠨ ᠶᠠᠭᠤᠮ᠎ᠠ᠎ᠪᠠᠨ ᠣᠷᠬᠢᠭ᠋ᠠᠳ ᠶᠠᠪᠤᠵᠠᠢ᠃ ᠡᠨᠡ᠎ᠨᠢ ᠶᠠᠭᠤ ᠶᠠᠭᠤ ᠪᠣᠢ⁈ ᠪᠦᠬᠦ ᠪᠠᠷᠠᠭᠤᠨ ᠪᠣᠤ ᠯᠦᠩ ᠱᠠᠨ ᠭᠠᠴᠠᠭ᠋ᠠᠨ᠎ᠤ 165 ᠡᠷᠦᠭᠡ ᠵᠢᠨ 796 ᠬᠦᠮᠦᠨ ᠠᠮᠠ᠂ ᠡᠭᠦᠨ᠎ᠤ ᠳᠣᠲᠤᠷᠠᠬᠢ 18 ᠶᠠᠳᠠᠭᠤ ᠬᠦᠴᠢᠷᠳᠡᠯᠲᠡᠢ ᠡᠷᠦᠭᠡ ᠵᠢᠴᠢ ᠡᠪᠡᠳᠴᠢᠲᠡᠢ ᠠᠴᠢᠲᠤ ᠠᠪᠤ ᠡᠵᠢ᠂ ᠡᠷᠬᠡ ᠪᠦᠪᠡᠢ ᠣᠮᠪᠤᠯᠤ ᠬᠡᠦᠬᠡᠳ᠂ ᠡᠬᠡᠨᠡᠷ ᠯᠢᠤ ᠭᠤᠸ᠎ᠠ᠂ ᠪᠠᠰᠠ ᠪᠠᠰᠠ ᠪᠠᠰᠠ ᠁ ᠡᠬᠡᠨᠡᠷ ᠯᠢᠤ ᠭᠤᠸ᠎ᠠ ᠵᠢᠨ ᠬᠢᠨᠢ 《ᠦᠪᠡᠷ᠎ᠲᠤ᠎ᠨᠢ》 ᠭᠡᠵᠦ ᠪᠠᠷᠢᠵᠤ ᠬᠦᠯᠳᠡᠭᠡᠭᠰᠡᠨ 《ᠭᠤᠭᠤᠳ᠎ᠤᠨ ᠰᠢᠶᠠᠨᠰᠠ》᠎ᠲᠠᠢ ᠳᠠᠪᠢᠨ ᠪᠠᠩᠰᠢ ᠁ ᠭᠠᠯ ᠴᠤᠭ᠎ᠲᠠᠢ ᠠᠵᠢᠯᠯᠠᠵᠤ ᠠᠮᠢᠳᠤᠷᠠᠵᠤ᠂ ᠭᠠᠢ᠌ᠬᠠᠯᠲᠠᠢ ᠨᠠᠮ ᠵᠢᠮᠬᠡᠨ ᠶᠠᠪᠤᠴᠢᠬᠠᠵᠠᠢ ᠁
ᠲᠡᠷᠡ᠂ ᠦᠲᠡᠯᠦᠭᠡ ᠠᠪᠤ ᠴᠢᠨ ᠲᠣᠭᠲᠠᠬᠤ ᠪᠠ ᠠᠬᠠᠰᠢᠷᠠᠭ᠎ᠠ ᠡᠵᠢ ᠪᠣᠣ ᠪᠠ ᠶᠦᠸᠠᠢ᠂ ᠦᠰᠦ᠎ᠪᠠᠨ ᠬᠣᠯᠪᠤᠵᠤ ᠦᠲᠡᠯᠲᠡᠯᠡᠪᠠᠨ ᠬᠠᠮᠲᠤ ᠠᠮᠢᠳᠤᠷᠠᠬᠤ᠎ᠪᠠᠷ ᠠᠮᠠᠯᠳᠠᠭᠰᠠᠨ ᠦᠨᠡᠨᠴᠢ ᠲᠤᠰᠠᠷᠬᠠᠭ ᠭᠡᠷᠭᠡᠢ ᠯᠢᠦ ᠭᠣᠸ᠎ᠠ᠂ ᠦᠬᠡᠷ᠎ᠤᠨ ᠬᠣᠶᠠᠷ ᠡᠪᠡᠷ ᠰᠢᠭ ᠬᠦᠪᠡᠭᠦᠨ ᠴᠢᠨ ᠡᠷᠳᠡᠨᠢ ᠪᠠ ᠬᠡᠦᠬᠡᠨ ᠴᠢᠨ ᠰᠠᠷᠠᠨ᠎ᠠ᠂ ᠦᠰᠦᠭᠡᠢ ᠦᠰᠦᠭᠡᠢ᠎ᠪᠠᠨ ᠵᠠᠯᠭ᠋ᠠᠵᠤ ᠵᠠᠶᠠᠭ᠋ᠠᠭᠰᠠᠨ ᠠᠬ᠎ᠠ ᠪᠠ ᠳᠡᠭᠦᠦ ᠵᠢᠴᠢ ᠬᠡᠦᠬᠡᠨ ᠳᠡᠭᠦᠦ ᠁ ᠦᠶᠡᠷᠬᠡᠵᠦ ᠲᠣᠭᠯᠠᠳᠠᠭ ᠦᠶ᠎ᠡ ᠵᠢᠨ ᠨᠠᠢ᠌ᠵᠠ ᠪᠠ ᠦᠷᠦ ᠵᠢᠷᠦᠬᠡ ᠦᠢ᠍ᠯᠡᠰ ᠬᠦᠭᠡᠭᠡᠴᠡᠯᠳᠦᠯ ᠨᠢᠭᠡᠲᠡᠢ ᠨᠦᠬᠦᠳᠲᠡᠭᠡᠨ ᠨᠢᠭᠡᠭᠡᠬᠡᠨ ᠦᠭᠡ ᠵᠠᠬᠢᠶ᠎ᠠ ᠴᠦ᠍ ᠦᠯᠡᠳᠡᠭᠡᠯ ᠦᠭᠡᠢ ᠶᠠᠭ᠋ᠠᠷᠠᠦᠬᠠᠨ ᠶᠠᠪᠤᠴᠢᠬᠠᠵᠠᠢ᠂ ᠨᠢᠮᠭᠡᠬᠡᠨ ᠦᠪ ᠬᠦᠷᠦᠩᠭᠡ ᠴᠦ᠍ ᠦᠯᠡᠳᠡᠭᠡᠯ ᠦᠭᠡᠢ ᠶᠠᠭ᠋ᠠᠷᠠᠦᠬᠠᠨ ᠶᠠᠪᠤᠴᠢᠬᠠᠵᠠᠢ ᠁
ᠲᠡᠭᠦᠨ᠎ᠤ ᠦᠯᠡᠳᠡᠭᠡᠵᠦ ᠦᠭᠭᠦᠭᠰᠡᠨ᠎ᠨᠢ 《ᠦᠭᠡᠢ᠌ᠭᠦᠦ ᠶᠠᠳᠠᠭᠤ ᠵᠢ ᠲᠡᠳᠭᠦᠬᠦ》 ᠵᠣᠷᠢᠭ ᠰᠠᠨᠠᠭ᠎ᠠ᠂ 《ᠦᠢ ᠲᠦᠮᠡᠨ᠎ᠳᠤ ᠦᠢ᠍ᠯᠡᠴᠢᠯᠡᠬᠦ》 ᠵᠣᠷᠢᠭ ᠰᠠᠨᠠᠭ᠎ᠠ᠂ 《ᠦᠢ᠍ᠯᠡᠰ᠎ᠲᠡᠭᠡᠨ ᠰᠢᠭᠢᠳᠷᠡᠬᠦ》 ᠵᠣᠷᠢᠭ ᠰᠠᠨᠠᠭ᠎ᠠ᠂ 《ᠦᠬᠦᠬᠦ᠎ᠠᠴᠠ ᠨᠢᠴᠤᠰᠢ ᠦᠭᠡᠢ》 ᠵᠣᠷᠢᠭ ᠰᠠᠨᠠᠭ᠎ᠠ ᠁
ᠲᠡᠭᠦᠨ᠎ᠤ ᠦᠪᠯᠡᠭᠦᠯᠵᠦ ᠬᠣᠴᠤᠷᠭ᠋ᠠᠭᠰᠠᠨᠨᠢ ᠤᠯᠠ ᠮᠦᠷ᠂ ᠣᠣᠷ ᠴᠢᠨᠠᠷ᠂ ᠤᠭ ᠰᠠᠨᠠᠭ᠎ᠠ ᠵᠢᠴᠢ ᠦᠢ᠍ᠯᠡ ᠨᠠᠮᠲᠠᠷ᠂ ᠦᠩᠭᠡ ᠭᠡᠷᠡᠯ᠂ ᠦᠨᠢᠳᠡ ᠵᠢᠨ ᠬᠦᠰᠢᠶ᠎ᠡ ᠁
《ᠠᠮᠢ ᠨᠠᠰᠤᠨ᠎ᠤ ᠬᠦᠨᠳᠦ》 ᠵᠢᠨ ᠲᠤᠬᠠᠢ ᠡᠷᠬᠢᠮᠯᠡᠨ ᠳᠤᠷᠠᠳᠬᠤ ᠴᠠᠭ ᠡᠭᠡᠰᠢ ᠦᠭᠡᠢ ᠬᠦᠷᠴᠦ ᠢᠷᠡᠵᠠᠢ᠃ 《ᠠᠷᠠᠳ ᠲᠦᠮᠡᠨ᠎ᠳᠤ ᠦᠢ᠍ᠯᠡᠴᠢᠯᠡᠬᠦ》᠂ 《ᠠᠷᠠᠳ ᠲᠦᠮᠡᠨ᠎ᠢ ᠳᠡᠭᠡᠳᠦᠯᠡᠬᠦ》᠂ 《ᠠᠷᠠᠳ ᠲᠦᠮᠡᠨ ᠵᠶ᠋ᠠᠷ ᠭᠤᠤᠯ ᠪᠣᠯᠭ᠋ᠠᠬᠣ》᠂ 《ᠠᠷᠠᠳ ᠲᠦᠮᠡᠨ᠎ᠢ ᠲᠦᠰᠢᠭᠯᠡᠬᠦ》᠂ 《ᠠᠷᠠᠳ ᠲᠦᠮᠡᠨ᠎ᠤ ᠳᠤᠮᠳᠠ ᠦᠨᠳᠦᠰᠦᠯᠡᠬᠦ》᠂ 《ᠠᠷᠠᠳ ᠲᠦᠮᠡᠨ᠎ᠳᠤ ᠪᠤᠶᠠᠨ ᠦᠢ᠍ᠯᠡᠳᠬᠦ》 ᠁ᠨᠢ 《ᠠᠮᠢ ᠨᠠᠰᠤᠨ᠎ᠤ ᠬᠦᠨᠳᠦ》 ᠵᠢ ᠲᠣᠳᠤᠷᠠᠭᠤᠯᠤᠭᠰᠠᠨ 《ᠠᠭᠤᠤ ᠶᠡᠬᠡ ᠵᠢᠭ᠋ᠠᠯᠲᠠ ᠲᠣᠭ᠎ᠠ》 ᠭᠡᠳᠡᠭ᠎ᠢ ᠡᠭᠡᠯ ᠵᠶ᠋ᠡᠷ᠎ᠤᠨ ᠨᠢᠭᠡ ᠡᠪ ᠬᠠᠮᠲᠤ ᠨᠠᠮ᠎ᠤᠨ ᠬᠡᠰᠢᠭᠦᠨ ᠴᠢᠨ ᠬᠤᠩ ᠱᠦᠵᠢ ᠬᠠᠷᠠᠭᠤᠯᠤᠭᠰᠠᠨ ᠶᠤᠮ ᠡ!
《ᠠᠷᠠᠳ ᠲᠦᠮᠡᠨ᠎ᠳᠤ ᠦᠢ᠍ᠯᠡᠴᠢᠯᠡᠶ᠎ᠡ!》 ᠂ 《ᠠᠷᠠᠳ ᠲᠦᠮᠡᠨ᠎ᠢ ᠳᠡᠭᠡᠳᠦᠯᠡᠶ᠎ᠡ !》᠂ 《ᠠᠷᠠᠳ ᠲᠦᠮᠡᠨ ᠵᠶ᠋ᠡᠷ ᠭᠣᠣᠯ ᠪᠣᠯᠭ᠋ᠠᠶ᠎ᠠ!》᠂ 《ᠠᠷᠠᠳ ᠲᠦᠮᠡᠨ᠎ᠳᠤ ᠪᠣᠶᠠᠨ ᠦᠢ᠍ᠯᠡᠳᠦᠶᠡ!》 ᠁ ᠠᠮᠢ ᠨᠠᠰᠤᠨ᠎ᠤ ᠤᠷᠲᠤ ᠣᠬᠣᠷ ᠬᠠᠮᠢᠶ᠎ᠠ ᠦᠭᠡᠢ᠂ 《ᠠᠮᠢ ᠨᠠᠰᠤᠨ᠎ᠤ ᠬᠦᠨᠳᠦ》 ᠬᠠᠷᠢᠨ ᠦᠷᠦᠭᠡᠯ᠎ᠤᠨ ᠲᠦᠯᠦᠭᠡ ᠦᠪᠡᠷ᠎ᠢ᠎ᠪᠠᠨ ᠵᠣᠷᠢᠭᠤᠯᠤᠭᠰᠠᠨ᠎ᠳᠤ ᠯᠠ ᠪᠠᠢ᠌ᠳᠠᠭ ᠁