ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠥᠪᠥᠷ ᠮᠣᠩᠭᠣᠯ᠎ᠤᠨ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ ᠨᠡᠢ᠌ᠭᠡᠮ᠎ᠤᠨ ᠵᠣᠬᠢᠶᠠᠨ ᠪᠠᠢ᠌ᠭᠤᠯᠤᠯᠳᠠ ᠵᠢᠨ᠎ᠬᠢᠨ᠎ᠢ ᠬᠦᠳᠤᠯᠤᠨ ᠲᠠᠭ᠋ᠠᠭᠤᠯᠵᠤ ᠪᠠᠢ᠌ᠭ᠋ᠠᠳ 《ᠯᠧᠢ ᠹᠧᠩ》 ᠲᠡᠷᠭᠡᠨ᠎ᠤ ᠠᠩᠭᠢ ᠵᠢᠨ ᠰᠠᠢ᠌ᠨ ᠲᠤᠷᠠᠴᠤᠤᠯ᠎ᠤᠨ ᠨᠡᠢ᠌ᠭᠡᠮᠯᠢᠭ᠎ᠠᠴᠠ ᠰᠤᠷᠤᠯᠴᠠᠬᠤ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄ 2023-06-19

 
                  ᠵᠣᠣ ᠸᠧᠢ ᠴᠤᠸ᠋ ᠮᠡᠳᠡᠬᠡᠯᠡᠪᠡ
                  ᠰᠡᠴᠡᠨ ᠤᠷᠴᠢᠭᠤᠯᠪᠠ
     ᠦᠨᠤ ᠵᠢᠯ᠎ᠤᠨ 2 ᠳ᠋ᠤᠭ᠋ᠠᠷ ᠰᠠᠷ᠎ᠠ ᠵᠢᠨ 1᠎ᠤ ᠡᠳᠦᠷ᠂ ᠲᠥᠪ ᠲᠧᠯᠸᠢᠰ᠎ᠤᠨ 《ᠬᠠᠯᠠᠮᠰᠢᠯ ᠵᠤᠭᠤᠭ》 ᠫᠷᠦᠭᠷᠡᠮ ᠲᠡᠬᠡᠷ᠎ᠡ 《ᠨᠠᠮ᠎ᠤᠨ ᠪᠠᠢ᠌ᠭᠤᠯᠤᠯᠲᠠ᠎ᠪᠠᠷ ᠬᠥᠲᠥᠯᠥᠨ ᠳᠠᠭ᠋ᠠᠭᠤᠯᠵᠤ ᠬᠥᠭᠵᠢᠯᠲᠡ ᠵᠢ ᠠᠬᠢᠭᠤᠯᠵᠤ ᠪᠠᠢ᠌ᠨ᠎ᠠ》 ᠭᠡᠬᠦ ᠰᠡᠳᠦᠪ ᠵᠶ᠋ᠡᠷ ᠪᠤᠭᠤᠲᠤ ᠬᠣᠲᠠ ᠵᠢᠨ ᠴᠢᠩᠱ᠌ᠠᠨ ᠲᠣᠭᠣᠷᠢᠭ᠎ᠤᠨ 《ᠯᠧᠢ ᠹᠧᠩ》 ᠲᠡᠷᠭᠡᠨ᠎ᠤ ᠠᠩᠭᠢ ᠵᠢᠨ ᠰᠠᠢ᠌ᠨ ᠲᠤᠷᠠᠴᠤᠤᠯ᠎ᠤᠨ ᠨᠡᠢ᠌ᠭᠡᠮᠯᠢᠭ᠎ᠤᠨ ᠲᠡᠷᠢᠭᠦᠨ᠎ᠤ ᠦᠢᠯᠡ ᠠᠵᠢᠯᠯᠠᠭ᠎ᠠ ᠵᠢ ᠮᠡᠳᠡᠭᠡᠯᠡᠪᠡ᠃ ᠰᠢ ᠵᠢᠨ ᠫᠢᠩ ᠶᠡᠷᠦᠩᠬᠡᠢ ᠱᠦᠵᠢ ᠵᠢᠨ 《ᠰᠢᠨ᠎ᠡ ᠴᠠᠭ ᠦᠶ᠎ᠡ᠎ᠳᠤ ᠯᠧᠢ ᠹᠧᠩ᠎ᠤᠨ ᠵᠣᠷᠢᠭ ᠰᠠᠨᠠᠭ᠎ᠠ ᠵᠢᠨ ᠬᠡᠷᠡᠯ ᠬᠢᠯᠪᠠᠭ᠎ᠠ ᠵᠢ ᠨᠡᠡᠭ ᠰᠠᠴᠤᠷᠠᠭᠤᠯᠬᠤ》 ᠲᠤᠬᠠᠢ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠪᠥᠬᠥ ᠣᠷᠣᠨ᠎ᠤ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ ᠬᠦᠷᠢᠶᠡᠨ᠎ᠳᠤ ᠤᠯᠠᠮᠵᠢᠯᠠᠨ  ᠵᠠᠯᠭ᠋ᠠᠮᠵᠢᠯᠠᠭᠤᠯᠬᠤ ᠵᠢᠨ ᠲᠥᠯᠥᠭᠡ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ 《5 · 4》᠎ᠤ ᠵᠠᠯᠠᠭᠤᠴᠤᠳ᠎ᠤᠨ ᠪᠠᠶᠠᠷ᠎ᠠᠴᠠ ᠡᠮᠦᠨᠡᠬᠡᠨ᠂ ᠪᠥᠬᠥ ᠣᠷᠣᠨ᠎ᠤ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ᠎ᠬᠢᠨ 《ᠪᠤᠭᠤᠲᠤ ᠬᠣᠲᠠ ᠵᠢᠨ ᠴᠢᠩᠱ᠌ᠠᠨ ᠲᠣᠭᠣᠷᠢᠭ᠎ᠤᠨ 〈ᠯᠧᠢ ᠹᠧᠩ〉 ᠲᠡᠷᠭᠡᠨ᠎ᠤ ᠠᠩᠭᠢ ᠵᠢᠨ ᠰᠠᠢ᠌ᠨ ᠲᠤᠷᠠᠴᠤᠤᠯ᠎ᠤᠨ ᠨᠡᠢ᠌ᠭᠡᠮᠯᠢᠭ᠎ᠠᠴᠠ ᠰᠤᠷᠤᠯᠴᠠᠬᠤ》 ᠠᠵᠢᠯᠯᠠᠭ᠎ᠠ ᠵᠢ ᠦᠷᠨᠢᠬᠦᠯᠬᠦ ᠮᠡᠳᠡᠭᠳᠡᠯ᠎ᠢ ᠪᠠᠭᠤᠯᠭ᠋ᠠᠪᠠ᠃
   ᠮᠡᠳᠡᠭᠳᠡᠯ᠎ᠳᠤ᠂ ᠰᠠᠢ᠌ᠨ ᠲᠤᠷᠠᠴᠤᠤᠯ᠎ᠤᠨ ᠨᠡᠢ᠌ᠭᠡᠮᠯᠢᠭ᠎ᠤᠨ᠎ᠬᠢᠨ᠎ᠤ ᠤᠯᠠᠭ᠋ᠠᠨ ᠵᠢᠷᠤᠬᠡ᠎ᠨᠢ ᠨᠠᠮ ᠎ᠤᠨ ᠲᠦᠯᠤᠬᠡ ᠴᠤᠬᠢᠯᠠᠬᠰᠠᠨ ᠤᠯᠤᠰ ᠲᠦᠷᠦ ᠵᠢᠨ ᠬᠡᠪ ᠰᠤᠷᠲᠠᠯ᠎ᠢ ᠰᠤᠷᠤᠯᠴᠠᠬᠤ ᠬᠡᠷᠡᠭᠲᠡᠢ ᠭᠡᠵᠡᠢ᠃ ᠪᠤᠭᠤᠲᠤ ᠬᠣᠲᠠ ᠵᠢᠨ ᠴᠢᠩᠱ᠌ᠠᠨ ᠲᠣᠭᠣᠷᠢᠭ᠎ᠤᠨ 《ᠯᠧᠢ ᠹᠧᠩ》 ᠲᠡᠷᠭᠡᠨ ᠠᠩᠭᠢ ᠵᠢᠨ ᠰᠠᠢ᠌ᠨ ᠲᠤᠷᠠᠴᠤᠤᠯ᠎ᠤᠨ ᠨᠡᠢ᠌ᠭᠡᠮᠯᠢᠭ 2007 ᠣᠨ᠎ᠳᠤ ᠪᠠᠢ᠌ᠭᠤᠯᠤᠭᠳᠠᠵᠤ᠂  ᠳᠠᠷᠠᠭ᠎ᠠ ᠵᠢᠯ᠎ᠤᠨ᠎ᠬᠢ᠎ᠨᠢ 4 ᠳ᠋ᠤᠬᠡᠷ ᠰᠠᠷ᠎ᠠ᠎ᠳᠤ   ᠨᠠᠮ᠎ᠤᠨ ᠡᠭᠦᠷ ᠪᠠᠢ᠌ᠭᠤᠯᠪᠠ᠃ ᠨᠡᠢ᠌ᠭᠡᠮᠯᠢᠭ᠎ᠤᠨ᠎ᠬᠢᠨ ᠨᠠᠮ᠎ᠤᠨ ᠶᠡᠷᠦᠩᠬᠡᠢ ᠡᠭᠦᠷ᠎ᠤᠨ ᠪᠦᠬᠦ ᠲᠠᠯ᠎ᠠ ᠵᠢᠨ ᠤᠳᠤᠷᠢᠳᠤᠯᠭ᠎ᠠ ᠳᠣᠣᠷ᠎ᠠ᠂ 《ᠨᠠᠮ᠎ᠤᠨ ᠪᠠᠢ᠌ᠭᠤᠯᠤᠯᠲᠠ᠎ᠪᠠᠷ ᠨᠡᠶ᠋ᠢᠲᠡ ᠵᠢᠨ ᠠᠰᠠᠷᠠᠮᠵᠢ ᠵᠢᠨ ᠠᠵᠢᠯᠯᠠᠭ᠎ᠠ ᠵᠢ ᠬᠥᠲᠥᠯᠥᠨ ᠳᠠᠭ᠋ᠠᠭᠤᠯᠬᠤ》 ᠠᠵᠢᠯ᠎ᠤᠨ ᠤᠭ ᠰᠠᠨᠠᠭ᠎ᠠ ᠵᠢ ᠢᠮᠠᠭᠲᠠ ᠪᠠᠷᠢᠮᠲᠠᠯᠠᠵᠤ᠂ ᠲᠦᠷᠭᠡᠨ ᠬᠥᠭᠵᠢᠯᠲᠡ᠎ᠲᠠᠢ ᠪᠣᠯᠵᠤ᠂ 100 ᠭᠠᠷᠤᠢ ᠮᠠᠰᠢᠨ ᠲᠡᠷᠭᠡ᠎ᠲᠠᠢ ᠪᠠᠢ᠌ᠭᠰᠠᠨ᠎ᠠᠴᠠ᠎ᠪᠠᠨ 200 ᠭᠠᠷᠤᠢ ᠪᠤᠯᠵᠠᠢ᠃ ᠲᠡᠳᠡ ᠪᠣᠳᠠᠲᠤ ᠪᠠᠢ᠌ᠳᠠᠯ᠎ᠲᠠᠢ᠎ᠪᠠᠨ ᠤᠶᠠᠯᠳᠤᠭᠤᠯᠤᠨ᠂ ᠨᠠᠮ᠎ᠤᠨ ᠪᠠᠢ᠌ᠭᠤᠯᠤᠯᠲᠠ ᠵᠢᠨ ᠠᠵᠢᠯ᠎ᠤᠨ ᠦᠨᠳᠦᠰᠦᠨ ᠳᠦᠷᠢᠮ᠎ᠢ ᠨᠠᠢ᠌ᠳᠠᠪᠤᠷᠢᠵᠢᠭᠤᠯᠵᠤ᠂ ᠬᠠᠮᠲᠤ ᠵᠢᠨ ᠠᠵᠢᠯᠯᠠᠭ᠎ᠠ᠂ ᠡᠭᠡᠯᠵᠢ ᠬᠠᠯᠠᠭ᠎ᠠ ᠵᠢᠨ ᠵᠠᠪᠰᠠᠷ᠂ ᠰᠦᠯᠵᠢᠶᠡᠨ ᠳᠡᠭᠡᠷᠡᠬᠢ ᠬᠢᠴᠢᠶᠡᠯ᠎ᠤᠨ ᠲᠠᠩᠬᠢᠮ ᠵᠶ᠋ᠡᠷ ᠨᠠᠮ᠎ᠤᠨ ᠤᠨᠤᠯ ᠵᠶ᠋ᠠᠷ ᠵᠡᠪᠰᠡᠭᠯᠡᠬᠦ ᠵᠢ ᠴᠢᠩᠭ᠋ᠠᠳᠬᠠᠵᠤ᠂ ᠨᠠᠮ᠎ᠤᠨ ᠪᠠᠢ᠌ᠭᠤᠯᠤᠯᠲᠠ ᠵᠢᠨ ᠦᠢ᠍ᠯᠡᠳᠦᠯᠭᠡ ᠵᠢᠨ ᠠᠵᠢᠯᠯᠠᠭ᠎ᠠ ᠵᠢ ᠥᠷᠨᠢᠭᠦᠯᠪᠡ᠃ ᠪᠦᠬᠦ ᠨᠠᠮ᠎ᠤᠨ ᠭᠡᠰᠢᠭᠦᠨ ᠲᠡᠷᠭᠡᠨ ᠠᠩᠭᠢ ᠵᠢᠨ ᠪᠦᠲᠦᠭᠡᠨ ᠪᠠᠢ᠌ᠭᠤᠯᠤᠯᠲᠠ ᠳᠤᠮᠳᠠ ᠬᠣᠰᠢᠭᠤᠴᠢ ᠵᠢᠱ᠌ᠢᠶᠡᠴᠢ ᠦᠢ᠍ᠯᠡᠳᠦᠯ ᠵᠶ᠋ᠡᠨ ᠪᠠᠳᠠᠷᠠᠭᠤᠯᠵᠤ᠂ 《ᠨᠠᠮ᠎ᠤᠨ ᠠᠴᠢ ᠵᠢ ᠮᠡᠳᠡᠷᠡᠵᠦ᠂ ᠨᠠᠮ᠎ᠤᠨ ᠦᠭᠡ ᠵᠢ ᠰᠣᠨᠣᠰᠴᠤ᠂ ᠨᠠᠮ ᠵᠶ᠋ᠠᠨ ᠳᠠᠭ᠋ᠠᠬᠤ》 ᠰᠤᠷᠤᠯᠴᠠᠨ ᠦᠢ᠍ᠯᠡᠳᠦᠯᠭᠡᠵᠢᠭᠦᠯᠬᠦ ᠠᠵᠢᠯᠯᠠᠭ᠎ᠠ ᠵᠢ ᠪᠠᠢ᠌ᠩᠭᠤᠵᠢᠭᠤᠯᠤᠨ ᠥᠷᠨᠢᠭᠦᠯᠵᠦ᠂ ᠲᠡᠷᠭᠡᠨ᠎ᠤ ᠠᠩᠭᠢ ᠵᠢᠨ ᠪᠦᠬᠦ ᠭᠡᠰᠢᠭᠦᠳ᠎ᠢ ᠲᠠᠢ᠍ᠢ᠍ᠴᠢᠯᠠᠨ ᠰᠠᠢ᠌ᠨ ᠳᠤᠷ᠎ᠠ ᠵᠢᠨ ᠦᠢ᠍ᠯᠡᠴᠢᠯᠡᠭᠡ᠎ᠳᠤ ᠢᠳᠡᠪᠬᠢᠲᠡᠢ ᠣᠷᠣᠯᠴᠠᠭᠤᠯᠵᠤ᠂ ᠨᠡᠢ᠌ᠭᠡᠮ ᠨᠡᠶ᠋ᠢᠲᠡ ᠵᠢᠨ ᠰᠠᠢ᠌ᠨ ᠦᠨᠡᠯᠡᠯᠲᠡ ᠵᠢ ᠤᠯᠤᠭ᠋ᠠᠳ 《ᠲᠡᠷᠭᠡᠨ ᠲᠡᠬᠡᠷᠡᠬᠢ ᠪᠠᠲᠤ ᠴᠢᠩᠭ᠎ᠠ ᠨᠠᠮ᠎ᠤᠨ ᠡᠭᠦᠷ》 ᠬᠡᠮᠡᠭᠳᠡᠪᠡ᠃
     ᠮᠡᠳᠡᠭᠳᠡᠯ᠎ᠳᠤ᠂ ᠰᠠᠢ᠌ᠨ ᠲᠤᠷᠠᠴᠤᠤᠯ᠎ᠤᠨ ᠨᠡᠢ᠌ᠭᠡᠮᠯᠢᠭ᠎ᠤᠨ᠎ᠬᠢᠨ ᠪᠤᠰᠤᠳ᠎ᠢ ᠲᠤᠰᠠᠯᠠᠬᠤ᠎ᠪᠠᠷ ᠵᠢᠷᠭ᠋ᠠᠯ ᠵᠶ᠋ᠠᠨ ᠪᠣᠯᠭ᠋ᠠᠬᠤ ᠬᠠᠷᠠᠮ ᠦᠭᠡᠢ ᠵᠣᠷᠢᠭᠤᠯᠬᠤ ᠵᠣᠷᠢᠭ ᠰᠠᠨᠠᠭ᠎ᠠ ᠵᠢ ᠰᠤᠷᠤᠯᠴᠠᠬᠤ ᠬᠡᠷᠡᠭᠲᠡᠢ ᠭᠡᠵᠦ ᠤᠷᠢᠶᠠᠯᠠᠪᠠ᠃ ᠰᠠᠢ᠌ᠨ ᠲᠤᠷᠠᠴᠤᠤᠯ᠎ᠤᠨ ᠨᠡᠢ᠌ᠭᠡᠮᠯᠢᠭ ᠪᠠᠢ᠌ᠭᠤᠯᠤᠭᠳᠠᠭᠰᠠᠨ᠎ᠠᠴᠠ ᠨᠠᠭ᠋ᠠᠰᠢ ᠨᠡᠶ᠋ᠢᠲᠡ ᠵᠢᠨ ᠠᠰᠠᠷᠠᠮᠵᠢ ᠵᠢᠨ ᠰᠠᠢ᠌ᠨ ᠲᠤᠷᠠᠴᠤᠤᠯ᠎ᠤᠨ ᠦᠢ᠍ᠯᠡᠴᠢᠯᠡᠭᠡ ᠥᠷᠨᠢᠭᠦᠯᠬᠦ ᠵᠢ ᠢᠮᠠᠭᠲᠠ ᠨᠡᠢ᠌ᠭᠡᠮ᠎ᠤᠨ ᠵᠠᠰᠠᠯᠲᠠ ᠵᠢ ᠳᠡᠮᠵᠢᠬᠦ ᠴᠢᠬᠤᠯᠠ ᠠᠷᠭ᠎ᠠ ᠵᠠᠮ ᠪᠣᠯᠭ᠋ᠠᠵᠤ᠂ 《ᠲᠦᠬᠡᠮᠡᠯ ᠬᠠᠢ᠌ᠷ᠎ᠠ ᠵᠢᠨ ᠨᠡᠶ᠋ᠢᠲᠡ ᠵᠢᠨ ᠠᠰᠠᠷᠠᠮᠵᠢ ᠵᠢᠨ ᠠᠶᠠᠯᠠᠯ》 ᠎ᠤᠨ ᠠᠵᠢᠯᠯᠠᠭ᠎ᠠ ᠵᠢ ᠪᠠᠢ᠌ᠡᠭᠭᠤᠵᠢᠭᠤᠯᠤᠨ ᠥᠷᠨᠢᠭᠦᠯᠵᠦ᠂ ᠨᠥᠯᠥᠭᠡ ᠪᠦᠬᠦᠢ ᠨᠡᠶ᠋ᠢᠲᠡ ᠵᠢᠨ ᠠᠰᠠᠷᠠᠮᠵᠢ ᠵᠢᠨ ᠰᠠᠢ᠌ᠨ ᠲᠤᠷᠠᠴᠤᠤᠯ᠎ᠤᠨ ᠠᠵᠢᠯᠯᠠᠭ᠎ᠠ ᠵᠢᠨ   ᠨᠡᠷᠡᠲᠦ ᠲᠡᠮᠳᠡᠭ᠎ᠢ ᠪᠦᠷᠢᠯᠳᠦᠭᠦᠯᠵᠡᠢ᠃ ᠨᠡᠢ᠌ᠭᠡᠮᠯᠢᠭ᠎ᠤᠨ᠎ᠬᠢᠨ ᠠᠷᠪᠠᠨ ᠵᠢᠷᠭᠤᠭ᠋ᠠᠨ ᠵᠢᠯ᠎ᠢ ᠨᠢᠭᠡ ᠡᠳᠦᠷ ᠮᠡᠲᠦ᠎ᠪᠠᠷ 70 ᠨᠠᠰᠤᠨ᠎ᠠᠴᠠ ᠳᠡᠭᠡᠭᠰᠢᠬᠢ ᠨᠠᠰᠤᠲᠠᠢ᠌ᠴᠤᠳ᠎ᠢ ᠰᠦᠢ᠍ᠳᠬᠡᠯ ᠬᠤᠷᠢᠶᠠᠬᠤ ᠦᠭᠡᠢ᠎ᠪᠠᠷ ᠬᠦᠷᠭᠡᠬᠦ ᠵᠢ ᠪᠠᠷᠢᠮᠲᠠᠯᠠᠵᠤ᠂  ᠰᠢᠯᠭ᠋ᠠᠭᠤᠯᠤᠬᠰᠠᠳ᠎ᠢ ᠬᠦᠷᠬᠡᠬᠦ᠂ ᠵᠡᠮᠳᠡᠭᠴᠦᠳ᠎ᠢ ᠲᠤᠰᠠᠯᠠᠬᠤ᠂ ᠠᠯᠪᠠᠨ ᠵᠢᠷᠤᠮ᠎ᠤᠨ ᠴᠢᠰᠤ ᠬᠠᠨᠳᠢᠪᠯᠠᠬᠤ  ᠠᠵᠢᠯᠯᠠᠭ᠎ᠠ ᠵᠢ ᠥᠷᠨᠢᠭᠦᠯᠪᠡ᠃ ᠪᠦᠷᠢᠨ ᠪᠤᠰᠤ ᠪᠦᠷᠢᠳᠬᠡᠯ᠎ᠢ ᠦᠨᠳᠦᠰᠦᠯᠡᠪᠡᠯ᠂ ᠤᠳᠤ ᠪᠣᠯᠲᠠᠯ᠎ᠠ ᠲᠥᠭᠡᠷᠢᠭᠰᠡᠨ ᠨᠠᠰᠤᠲᠠᠨ ᠪᠠ ᠤᠶᠤᠨ᠎ᠤ ᠰᠠᠭ᠋ᠠᠳ᠎ᠲᠠᠢ ᠬᠡᠦᠬᠡᠳ᠎ᠢ 350 ᠭᠠᠷᠤᠢ ᠤᠳᠠᠭ᠎ᠠ ᠡᠷᠢᠵᠦ ᠣᠯᠪᠠ᠃ ᠪᠠᠰᠨ ᠶᠡᠬᠡ ᠳᠡᠭᠡᠳᠦ ᠰᠤᠷᠭ᠋ᠠᠭᠤᠯᠢ᠎ᠳᠤ ᠰᠢᠯᠭ᠋ᠠᠬᠤ ᠬᠤᠭᠤᠴᠠᠭ᠋ᠠᠨ᠎ᠳᠤ 12 ᠵᠢᠯ 《ᠰᠢᠯᠭ᠋ᠠᠭᠤᠯᠤᠬᠰᠠᠳ᠎ᠢ ᠬᠦᠷᠬᠡᠵᠤ》᠂ ᠰᠦᠢ᠍ᠳᠬᠡᠯ ᠬᠤᠷᠢᠶᠠᠬᠤ ᠦᠭᠡᠢ᠎ᠪᠠᠷ 2400 ᠭᠠᠷᠤᠢ ᠤᠳᠠᠭ᠎ᠠ ᠲᠡᠷᠭᠡ ᠬᠥᠳᠡᠯᠭᠡᠵᠦ᠂ 7000 ᠭᠠᠷᠤᠢ ᠰᠢᠯᠭ᠋ᠠᠭᠤᠯᠤᠭᠴᠢ ᠵᠢ ᠲᠤᠰᠴᠤ ᠬᠦᠷᠭᠡᠪᠡ᠃ ᠠᠵᠢᠯ᠎ᠤᠨ ᠪᠠᠢ᠌ᠷᠢ ᠳᠡᠭᠡᠷ᠎ᠡ᠎ᠪᠠᠨ ᠠᠯᠳᠠ ᠣᠯᠣᠭᠰᠠᠨ ᠴᠤ᠌ ᠠᠮᠢᠨ᠎ᠳᠤ᠎ᠪᠠᠨ ᠠᠪᠬᠤ ᠦᠬᠡᠢ᠎ᠪᠠᠷ ᠠᠵᠢᠯᠯᠠᠵᠤ᠂ ᠠᠶᠠᠨᠴᠢᠳ᠎ᠤᠨ ᠭᠡᠭᠡᠭᠰᠡᠨ ᠭᠠᠷ ᠤᠲᠠᠰᠤ 2000 ᠭᠠᠷᠤᠢ᠂ ᠪᠡᠯᠡᠨ ᠵᠣᠭᠣᠰ 24.5 ᠭᠠᠷᠤᠢ ᠲᠦᠮᠡᠨ ᠲᠥᠭᠥᠷᠢᠭ᠂ 30 ᠭᠠᠷᠤᠢ ᠲᠦᠮᠡᠨ ᠲᠥᠭᠥᠷᠢᠭ᠎ᠤᠨ ᠥᠷᠲᠡᠭ ᠪᠦᠬᠦᠢ ᠪᠤᠰᠤᠳ ᠡᠳ᠋ ᠪᠤᠳᠠᠰ᠎ᠢ ᠡᠵᠡᠨ᠎ᠳᠤ᠎ᠨᠢ ᠦᠭᠴᠤ ᠂ 《ᠯᠧᠢ ᠹᠧᠩ》᠎ᠤᠨ ᠤᠯᠠ ᠮᠥᠷ᠎ᠢ ᠬᠣᠲᠠ ᠵᠢᠨ ᠵᠡᠭᠡᠯᠢ ᠭᠤᠳᠤᠮᠵᠢ ᠪᠠ ᠨᠡᠢ᠌ᠭᠡᠮ ᠲᠣᠭᠣᠷᠢᠭ᠎ᠲᠤ ᠦᠯᠡᠳᠡᠭᠡᠵᠦ᠂ ᠬᠠᠷᠠᠮ ᠦᠭᠡᠢ ᠵᠢᠳᠬᠦᠬᠦ᠂ ᠨᠥᠬᠥᠷᠰᠡᠭ ᠬᠠᠨᠳᠤᠬᠤ᠂ ᠬᠠᠪᠰᠤᠷᠤᠯᠴᠠᠬᠤ᠂ ᠳᠠᠪᠰᠢᠬᠤ ᠰᠠᠢ᠌ᠨ ᠲᠤᠷᠠᠴᠤᠤᠯ᠎ᠤᠨ ᠦᠢ᠍ᠯᠡᠴᠢᠯᠡᠭᠡᠨ᠎ᠤ ᠵᠣᠷᠢᠭ ᠰᠠᠨᠠᠭ᠎ᠠ ᠵᠢ ᠤᠯᠠᠮᠵᠢᠯᠠᠬᠰᠠᠭ᠋ᠠᠷ ᠪᠠᠢ᠌ᠨ᠎ᠠ᠃

    ᠮᠡᠳᠡᠭᠡᠯᠡᠭᠴᠢ ᠵᠢᠨ ᠬᠠᠶᠢᠭ᠄ ᠦᠪᠡᠷᠲᠡᠭᠡᠨ ᠵᠠᠰᠠᠬᠤ ᠣᠷᠤᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ ᠬᠠᠮᠢᠶᠠᠷᠤᠯᠲᠠ ᠪᠠ ᠬᠠᠤᠯᠢ ᠬᠡᠷᠡᠭᠵᠢᠭᠦᠯᠦᠯᠲᠡ᠎ᠳᠤ ᠬᠢᠨᠠᠯᠲᠠ ᠲᠠᠯᠪᠢᠬᠤ ᠲᠣᠪᠴᠢᠶ᠎ᠠ  (ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ  ᠨᠠᠮ᠎ᠤᠨ ᠪᠠᠢ᠌ᠭᠤᠯᠤᠯᠲᠠ ᠵᠢᠨ ᠠᠯᠪᠠᠨ ᠭᠡᠷ)
  ᠤᠷᠴᠢᠭᠤᠯᠤᠬ᠍ᠴᠢ ᠵᠢᠨ ᠬᠠᠶᠢᠭ᠄ ᠬᠦᠬᠡᠬᠤᠳᠠ ᠵᠢᠨ ᠮᠤᠡᠭᠭᠤᠯ ᠰᠤᠷᠭ᠋ᠠᠭᠤᠯᠢ
 

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ
          
ᠬᠠᠮᠢᠶ᠎ᠡ ᠪᠦᠬᠦᠢ ᠰᠣᠨᠢᠨ
ᠶᠡᠭᠡ ᠡᠭᠡᠴᠢ
ᠤᠳᠠᠴᠢ
ᠪᠠᠬᠠᠷᠤᠮ᠎ᠠ ᠰᠠᠢ᠌ᠬᠠᠨ ᠪᠠᠶᠠᠨᠲᠠᠯ᠎ᠠ
ᠨᠤᠲᠤᠭ ᠨᠤᠲᠤᠭ᠎ᠤᠨ 《ᠨᠤᠭᠤᠨᠵᠠᠶᠠᠭ᠎ᠠ》
ᠨᠤᠲᠤᠭ᠎ᠲᠤ᠎ᠨᠢ ᠬᠦᠷᠴᠦ ᠬᠢᠮᠡᠯ ᠮᠥᠴᠢ ᠲᠠᠭ᠋ᠠᠷᠠᠭᠤᠯᠵᠦ ᠥᠭᠭᠦᠭᠡᠭᠡᠳ ᠵᠡᠮᠳᠡᠭᠴᠦᠳ᠎ᠤᠨ ᠰᠡᠳᠬᠢᠯ᠎ᠢ ᠳᠤᠯᠠᠭ᠋ᠠᠯᠠᠯ᠎ᠠ
 
            