ᠨᠠ᠊ ᠊ ᠭᠡᠭᠡᠨᠰᠠᠷᠠ ᠵᠣᠭᠢᠶᠠᠪᠠ
《 ᠪᠢ ᠪᠤᠯ ᠡ᠂ ᠶᠠᠭᠤ ᠶᠠᠭᠤᠨ᠎ᠠᠴᠠ ᠴᠦ᠍ ᠠᠶᠤᠬᠤ ᠦᠭᠡᠢ᠃ ᠨᠠᠰᠤ ᠪᠠᠷᠠᠭᠰᠠᠨ ᠬᠦᠮᠦᠨ᠎ᠠᠴᠠ ᠪᠠᠰᠠ ᠠᠶᠤᠬᠤ ᠦᠭᠡᠢ!》 ᠭᠡᠵᠦ ᠶᠡᠭᠡ ᠡᠭᠡᠴᠢ ᠵᠢᠨ ᠤᠮᠤᠭᠳᠠᠢ ᠪᠦᠭᠡᠳ ᠦᠭᠡ᠎ᠪᠠᠨ ᠲᠠᠰᠤᠯᠵᠤ ᠭᠡᠯᠡᠬᠦ ᠵᠢ᠎ᠨᠢ ᠪᠢ ᠨᠠᠮᠵᠢᠭᠤᠬᠠᠨ ᠪᠠᠢ᠌ᠵᠤ ᠰᠤᠨᠤᠰᠬᠤ ᠲᠤᠷᠠᠳᠠᠢ᠃ ᠢᠳᠡᠭᠡᠬᠦ ᠴᠤ᠌ ᠲᠤᠷᠠᠳᠠᠢ᠃ ᠶᠡᠭᠡ ᠡᠭᠡᠴᠢ ᠮᠢᠨᠢ ᠴᠢᠳᠬᠦᠷ᠎ᠠᠴᠠ ᠴᠤ᠌ ᠠᠶᠤᠳᠠᠭ ᠦᠭᠡᠢ᠎ᠳᠤᠨᠢ ᠪᠢ ᠦᠨᠡᠭᠡᠷ ᠭᠠᠢ᠌ᠬᠠᠯ ᠪᠢᠰᠢᠷᠠᠯ ᠲᠦᠷᠦᠳᠡᠭ ᠶᠤᠮ᠃ ᠬᠠᠷᠠᠩᠭᠤᠢ ᠰᠦᠨᠢ᠎ᠪᠠᠷ ᠭᠡᠭᠡᠷ᠎ᠡ ᠭᠠᠳᠠᠨ᠎ᠠ ᠮᠤᠷᠢ᠎ᠪᠠᠷ ᠵᠠᠮᠨᠠᠬᠤ᠎ᠳᠤ ᠠᠷᠤ᠎ᠠᠴᠠ᠎ᠨᠢ 《ᠬᠦᠯᠢᠶᠡᠵᠦ ᠪᠠᠢ᠂ ᠠᠬ᠎ᠠ ᠡ᠂ ᠮᠣᠷᠢᠨ ᠲᠡᠭᠡᠷ᠎ᠡ ᠴᠢᠨᠢ ᠤᠨᠤᠭ᠋ᠠᠳ ᠬᠠᠮᠳᠤ᠎ᠳᠤ᠎ᠪᠠᠨ ᠶᠠᠪᠤᠶ᠎ᠡ》 ᠭᠡᠳᠡᠭ ᠪᠦᠰᠡᠭᠦᠢ ᠬᠦᠮᠦᠨ᠎ᠤ ᠳᠠᠭᠤᠨ ᠰᠣᠨᠣᠰᠳᠠᠭ ᠭᠡᠨ᠎ᠡ ᠭᠡᠵᠦ ᠵᠠᠷᠢᠮᠠᠳ᠎ᠨᠢ ᠦᠯᠢᠭᠡᠷ ᠪᠤᠯᠭ᠋ᠠᠵᠤ ᠶᠠᠷᠢᠬᠤ ᠵᠢ᠎ᠨᠢ ᠰᠤᠨᠤᠰᠤᠭ᠋ᠠᠳ ᠮᠢᠨᠦ ᠬᠤᠢ᠌ᠬᠠ ᠵᠢᠨ ᠦᠰᠦ ᠪᠤᠰᠬᠤ ᠰᠢᠤᠬᠠᠨ ᠪᠤᠯᠳᠠᠭ᠃ ᠭᠡᠳᠡᠯ᠎ᠡ ᠶᠡᠭᠡ ᠡᠭᠡᠴᠢ ᠮᠢᠨᠢ ᠥᠨᠥᠬᠢ ᠦᠯᠢᠭᠡᠷ᠎ᠢ᠎ᠨᠢ ᠰᠣᠨᠣᠰᠴᠢᠬᠠᠭ᠋ᠠᠳ᠄ 《ᠬᠠᠮᠢᠭ᠎ᠠ ᠲᠡᠢ᠌ᠮᠦ ᠴᠢᠳᠬᠦᠷ ᠪᠠᠢ᠌ᠬᠤ ᠪᠤᠢ? ᠲᠤᠷ᠎ᠠ᠎ᠪᠠᠷ ᠵᠶ᠋ᠠᠨ ᠵᠤᠬᠢᠶᠠᠭ᠋ᠠᠳ ᠯᠡ ᠪᠠᠢ᠌ᠬᠤ ᠶᠤᠮ᠂ ᠪᠦᠷ ᠪᠤᠳᠤᠯᠭ᠎ᠠ᠎ᠠᠴᠠ᠎ᠪᠠᠨ ᠠᠶᠤᠵᠤ ᠪᠠᠢ᠌ᠨ᠎ᠠ》 ᠭᠡᠳᠡᠭ᠃
ᠲᠥᠷᠥᠭᠦᠦ ᠭᠡᠳᠦᠨ ᠵᠢᠯ ᠮᠠᠨ᠎ᠤ ᠨᠤᠳᠤᠭ᠎ᠲᠤ ᠬᠠᠰᠢᠶᠠᠯᠠᠨ ᠮᠠᠯᠵᠢᠭᠤᠯᠵᠤ ᠪᠠᠢ᠌ᠬᠤ᠎ᠳᠤ ᠶᠡᠭᠡ ᠡᠭᠡᠴᠢ ᠦᠷᠬᠦᠯᠵᠢ ᠬᠠᠷᠠᠩᠭᠤᠢ ᠰᠦᠨᠢ᠎ᠪᠠᠷ ᠬᠤᠨᠢ᠎ᠪᠠᠨ ᠬᠠᠷᠢᠭᠤᠯᠵᠤ ᠭᠡᠭᠡᠷ᠎ᠡ ᠭᠠᠳᠠᠨ᠎ᠠ ᠶᠠᠪᠤᠳᠠᠭ ᠪᠠᠢ᠌ᠵᠠᠢ᠃ ᠲᠡᠷᠡ᠎ᠪᠠᠷ ᠨᠢᠭᠡᠨ ᠰᠦᠨᠢ ᠬᠤᠨᠢ᠎ᠪᠠᠨ ᠬᠠᠷᠢᠭᠤᠯᠵᠤ ᠮᠠᠩᠬᠠᠨ ᠲᠤᠪᠤᠴᠠᠭ ᠵᠶ᠋ᠠᠷ ᠶᠠᠪᠤᠵᠤ ᠪᠠᠢ᠌ᠳᠠᠯ᠎ᠠ ᠬᠢᠰᠬᠢᠭᠰᠡᠨ ᠭᠠᠵᠠᠷ᠎ᠨᠢ ᠭᠡᠨᠡᠳᠳᠡ ᠴᠦᠮᠦᠷᠡᠵᠦ ᠡᠭᠡᠴᠢ ᠮᠢᠨᠢ ᠪᠦᠰᠡᠯᠡᠬᠦᠷ ᠴᠢᠨᠡᠭᠡ ᠭᠦᠨ ᠨᠦᠭᠡᠨ᠎ᠳᠤ ᠴᠦᠮᠦ ᠤᠴᠢᠭ᠋ᠠᠳ ᠤᠷᠤᠭᠰᠠᠨ ᠭᠡᠨ᠎ᠡ᠃ ᠡᠨᠡ ᠯᠠᠪ ᠤᠩᠭᠤᠨ ᠲᠠᠭ᠋ᠠᠷᠠᠵᠠᠢ᠃ ᠠᠪᠰᠠ᠎ᠨᠢ ᠦᠵᠢᠷᠡᠭᠡᠳ ᠪᠠᠢ᠌ᠭᠰᠠᠨ ᠲᠠᠭ᠋ᠠᠷᠠᠭ᠋ᠠᠳ ᠴᠦᠮᠦ ᠤᠴᠢᠴᠢᠬᠠᠭᠰᠠᠨ ᠭᠡᠵᠦ ᠡᠭᠡᠴᠢ ᠲᠡᠷᠡ ᠲᠤᠤᠷ᠎ᠠ᠎ᠨᠢ ᠮᠠᠭ᠋ᠠᠳᠯᠠᠵᠤ ᠮᠡᠳᠡᠭᠡᠳ ᠮᠠᠷᠭ᠋ᠠᠰᠢ᠎ᠨᠢ ᠡᠳᠦᠷ᠎ᠤᠨ ᠭᠡᠭᠡᠭᠡᠳᠡᠢᠳᠤ ᠶᠠᠪᠤᠭᠰᠠᠨ ᠭᠠᠵᠠᠷ ᠵᠶ᠋ᠠᠷ ᠵᠶ᠋ᠠᠨ ᠡᠷᠢᠵᠦ ᠤᠴᠢᠭ᠋ᠠᠳ ᠦᠵᠡᠭᠰᠡᠨ ᠴᠢᠨᠢ ᠦᠨᠡᠭᠡᠷ ᠨᠢᠭᠡ ᠬᠠᠭᠤᠴᠢᠨ ᠤᠩᠭᠤ᠎ᠨᠢ ᠴᠦᠮᠦ ᠬᠢᠰᠬᠢᠴᠢᠭᠡᠭᠰᠡᠨ᠂ ᠬᠠᠭ᠋ᠠᠰ ᠪᠡᠶ᠎ᠡ᠎ᠨᠢ ᠤᠩᠭᠤᠨ ᠲᠤᠳᠤᠷ᠎ᠠ ᠤᠷᠤᠴᠢᠬᠠᠭᠰᠠᠨ᠎ᠨᠢ ᠦᠨᠡᠨ ᠪᠠᠢ᠌ᠵᠤ ᠭᠡᠨ᠎ᠡ᠃ ᠡᠭᠡᠴᠢ ᠲᠡᠷᠡ ᠰᠦᠨᠢ ᠭᠡᠯᠡᠯᠭᠡᠨ ᠦᠭᠡᠢ ᠬᠦᠮᠦᠨ᠎ᠤ ᠭᠡᠬᠦᠷ ᠶᠠᠰᠤ ᠵᠢ ᠬᠢᠰᠬᠢᠵᠦ ᠨᠦᠭᠡᠨ᠎ᠠᠴᠠ ᠮᠤᠯᠳᠤᠷᠠᠵᠤ ᠭᠠᠷᠴᠤ ᠢᠷᠡᠭᠰᠡᠨ᠃ 《ᠡᠪᠠᠣ᠂ ᠶᠠᠮᠠᠷ ᠠᠶᠤᠮᠠᠷ ᠪᠤᠢ᠂ ᠲᠡᠭᠡᠭᠡᠳ ᠲᠠ ᠠᠶᠤᠭᠰᠠᠨ ᠦᠭᠡᠢ ᠤᠤ?》 ᠭᠡᠵᠦ ᠪᠢ ᠰᠠᠨᠳᠤᠷᠤᠨ ᠠᠰᠠᠭᠤᠪᠠᠯ᠂ ᠶᠡᠭᠡ ᠡᠭᠡᠴᠢ᠄ 《ᠨᠠᠰᠤ ᠪᠠᠷᠠᠴᠢᠬᠠᠭᠰᠠᠨ ᠬᠦᠮᠦᠨ ᠶᠠᠮᠠᠷ ᠠᠶᠤᠮᠠᠷ ᠭᠡᠵᠢ ᠳ᠋ᠠ᠂ ᠬᠦᠳᠡᠯᠵᠦ ᠪᠠᠰᠠ ᠴᠢᠳᠠᠬᠤ ᠦᠭᠡᠢ᠃ ᠰᠢᠷᠤᠢ ᠲᠤᠭᠤᠰᠤ ᠡ᠃ ᠬᠦᠮᠦᠨ ᠴᠢᠨᠢ ᠦᠬᠦᠪᠡᠯ ᠰᠢᠷᠤᠢ ᠲᠤᠭᠤᠰᠤ ᠡ ᠁》 ᠭᠡᠰᠡᠨ᠃ ᠡᠨᠡ ᠦᠭᠡ ᠵᠢ᠎ᠨᠢ ᠰᠤᠨᠤᠰᠤᠭ᠋ᠠᠳ ᠡᠵᠢ ᠵᠢᠨ ᠮᠢᠨᠢ ᠶᠠᠷᠢᠵᠤ ᠪᠠᠢ᠌ᠭᠰᠠᠨ 《ᠦᠬᠦᠭᠰᠡᠨ ᠬᠦᠮᠦᠨ ᠠᠶᠤᠮᠠᠷ ᠪᠢᠰᠢ᠂ ᠠᠮᠢᠳᠤ ᠬᠦᠮᠦᠨ ᠯᠠ ᠠᠶᠤᠮᠠᠷ᠃ ᠠᠮᠢᠳᠤ ᠬᠦᠮᠦᠨ ᠰᠠᠶᠢ ᠪᠤᠷᠬᠠᠨ ᠪᠠᠰᠠ ᠮᠦᠨ᠂ ᠴᠢᠳᠬᠦᠷ ᠪᠠᠰᠠ ᠮᠦᠨ᠂ ᠰᠠᠢ᠌ᠨ ᠬᠦᠮᠦᠨ ᠴᠢᠨᠢ ᠪᠤᠷᠬᠠᠨ ᠠᠳᠠᠯᠢ᠃ ᠮᠠᠭᠤ ᠬᠦᠮᠦᠨ ᠪᠤᠯ ᠴᠢᠳᠬᠦᠷ ᠠᠴᠠ ᠪᠠᠰᠠ ᠴᠠᠭ᠋ᠠᠰᠢ᠂ ᠠᠮᠢᠳᠤ ᠴᠢᠳᠬᠦᠷ ᠡ》 ᠭᠡᠳᠡᠭ᠎ᠨᠢ ᠨᠠᠳᠠ᠎ᠳᠤ ᠲᠠᠬᠢᠨᠳᠠ ᠪᠤᠳᠤᠭᠳᠠᠵᠤ ᠪᠢᠯᠡ᠃ 《ᠬᠦᠮᠦᠨ ᠴᠢᠨᠢ ᠦᠬᠦᠪᠡᠯ ᠰᠢᠷᠤᠢ ᠲᠤᠭᠤᠰᠤ ᠡ》 ᠭᠡᠬᠦ ᠡᠭᠡᠴᠢ ᠵᠢᠨ ᠮᠢᠨᠢ ᠦᠭᠡ ᠬᠠᠷᠠᠰᠠᠯᠳᠠᠢ ᠬᠦᠨᠳᠦ ᠠᠳᠠᠯ᠎ᠠ᠎ᠪᠠᠨ ᠨᠢᠴᠦᠭ᠋ᠠᠬᠤ ᠵᠢᠨ ᠠᠷᠭ᠎ᠠ ᠦᠭᠡᠢ ᠦᠨᠡᠨ᠃
ᠨᠠᠮ᠎ᠠ ᠵᠢ ᠨᠠᠢ᠍ᠮᠠᠨ ᠨᠠᠰᠤᠳᠠᠢ ᠲᠡᠷᠡ ᠵᠢᠯ ᠶᠡᠭᠡ ᠡᠭᠡᠴᠢ ᠲᠦᠩᠭᠡᠵᠦ ᠠᠷᠪᠠᠨ ᠲᠤᠯᠤᠭ᠋ᠠᠳᠠᠢ᠃ ᠶᠡᠭᠡ ᠡᠭᠡᠴᠢ ᠵᠢᠨ ᠮᠢᠨᠢ ᠠᠮᠢᠳᠤᠷᠠᠯ᠎ᠤᠨ ᠲᠡᠦᠭᠡ᠂ ᠪᠠᠰᠠ ᠡᠭᠡᠴᠢ ᠪᠢᠳᠡ ᠬᠤᠶᠠᠷ᠎ᠤᠨ ᠨᠦᠬᠦᠷᠯᠡᠯ᠎ᠤᠨ ᠦᠯᠢᠭᠡᠷ ᠲᠡᠷᠡ ᠦᠶ᠎ᠡ᠎ᠠᠴᠠ ᠡᠬᠢᠯᠡᠵᠦ ᠮᠢᠨᠦ ᠪᠠᠭ᠎ᠠ ᠨᠠᠰᠤᠨ᠎ᠤ ᠤᠢ ᠲᠣᠢ᠌ᠨᠳᠤ ᠲᠡᠮᠳᠡᠭᠯᠡᠭᠳᠡᠵᠦ ᠬᠤᠴᠤᠷᠤᠭᠰᠠᠨ ᠪᠢᠯᠡ᠃ ᠲᠦᠴᠢᠨ ᠭᠤᠷᠪᠠᠨ ᠵᠢᠯ᠎ᠤᠨ ᠡᠮᠦᠨᠡᠬᠢ ᠲᠡᠷᠡ ᠦᠶ᠎ᠡ᠎ᠳᠤ ᠮᠠᠨ᠎ᠤ᠎ᠬᠢᠨ ᠬᠤᠶᠠᠷ ᠲᠠᠰᠤᠯᠭ᠎ᠠ ᠬᠠᠪᠴᠢᠶᠠᠷᠢ᠎ᠲᠠᠢ ᠰᠢᠪᠠᠷ ᠪᠠᠢ᠌ᠰᠢᠩ᠎ᠳᠤ ᠠᠪᠤ ᠡᠵᠢ᠂ ᠬᠤᠶᠠᠷ ᠡᠭᠡᠴᠢ᠂ ᠬᠤᠶᠠᠳᠤᠭ᠋ᠠᠷ ᠠᠬ᠎ᠠ ᠬᠢᠭᠡᠳ ᠲ᠋ᠡᠬᠦᠦ᠂ ᠦᠬᠢᠨ ᠲᠡᠬᠦᠦ ᠨᠠᠢ᠍ᠮᠠᠨ ᠠᠮᠠ ᠬᠦᠮᠦᠨ ᠶᠠᠳᠠᠭᠤ ᠬᠦᠴᠢᠷᠳᠠᠢ ᠪᠤᠯᠪᠠᠴᠤ ᠡᠩᠭᠡ ᠲᠠᠢ᠌ᠪᠤᠩ ᠠᠵᠤ ᠲᠦᠷᠦᠵᠦ ᠪᠠᠢ᠌ᠵᠠᠢ᠃ ᠦᠨᠦ ᠬᠠᠪᠴᠢᠶᠠᠷᠢ᠎ᠲᠠᠢ ᠭᠡᠷ᠎ᠤᠨ ᠲᠤᠬᠠᠢ ᠠᠪᠤ ᠬᠤᠵᠢᠮ᠎ᠨᠢ 《ᠪᠢᠳᠡᠨ᠎ᠢ ᠬᠤᠶᠠᠷ ᠭᠡᠦᠭᠡᠳ ᠵᠶ᠋ᠠᠨ ᠠᠪᠴᠤ ᠲᠦᠷᠪᠡᠨ ᠠᠮᠠ᠎ᠪᠠᠷ ᠵᠶ᠋ᠠᠨ ᠬᠦᠯᠦᠭᠡᠨ ᠬᠠᠭᠤᠴᠢᠨ᠎ᠳᠤ ᠠᠩᠬ᠎ᠠ ᠨᠡᠬᠦᠵᠦ ᠢᠷᠡᠬᠦ᠎ᠳᠤ ᠡᠨᠳᠡᠬᠢ ᠵᠢᠨ ᠲᠡᠷᠡ ᠮᠤᠳᠤ ᠪᠤᠳᠠ ᠭᠡᠵᠦ ᠬᠦᠮᠦᠨ ᠰᠢᠷᠭᠤᠬᠤ ᠵᠢᠨ ᠠᠷᠭ᠎ᠠ ᠦᠭᠡᠢ ᠵᠤᠵᠠᠭ᠋ᠠᠨ ᠃ ᠡᠨᠡ ᠬᠤᠳᠤᠭᠤᠷ᠎ᠠᠴᠠ ᠭᠡᠷ ᠪᠠᠷᠢᠬᠤ ᠰᠢᠷᠤᠢ ᠴᠤ᠌ ᠤᠯᠳᠠᠵᠤ ᠦᠭᠬᠦ ᠦᠭᠡᠢ᠃ ᠡᠨᠡ ᠭᠡᠷ᠎ᠢ ᠪᠠᠷᠢᠬᠤ ᠮᠤᠳᠤ ᠵᠢ ᠡᠵᠢ᠎ᠲᠠᠢ ᠴᠢᠨᠢ ᠪᠢᠳᠡ ᠬᠤᠶᠠᠭᠤᠯᠬᠠᠨ ᠤᠭᠳᠤᠯᠵᠤ ᠵᠦᠭᠡᠭᠡᠵᠦ ᠢᠷᠡᠭᠰᠡᠨ ᠁》 ᠭᠡᠵᠦ ᠬᠠᠭᠤᠴᠢᠯᠠᠳᠠᠭ ᠪᠠᠢ᠌ᠭᠰᠠᠨ ᠶᠤᠮ᠃ ᠠᠪᠤ ᠡᠵᠢ ᠬᠤᠶᠠᠷ᠎ᠤᠨ ᠮᠢᠨᠢ ᠬᠤᠶᠠᠭᠤᠯᠬᠠᠨ ᠵᠶ᠋ᠠᠨ ᠮᠤᠳᠤ ᠤᠭᠳᠤᠯᠵᠤ ᠪᠠᠷᠢᠭᠰᠠᠨ ᠦᠨᠦ ᠮᠠᠭᠤ ᠬᠠᠪᠴᠢᠶᠠᠷᠢ᠎ᠲᠠᠢ ᠰᠢᠪᠠᠷ ᠪᠠᠢ᠌ᠰᠢᠩ᠎ᠨᠢ ᠪᠢᠳᠡᠨ᠎ᠤ ᠨᠢᠭᠡ ᠭᠡᠷ᠎ᠤᠨ᠎ᠬᠢᠨ᠎ᠤ ᠡᠷᠭᠡ ᠵᠢᠷᠭ᠋ᠠᠯ᠎ᠤᠨ ᠦᠯᠦᠭᠡᠢ ᠪᠠᠢ᠌ᠵᠠᠢ᠃
ᠶᠡᠭᠡ ᠡᠭᠡᠴᠢ ᠵᠢ ᠠᠷᠪᠠᠨ ᠲᠤᠯᠤᠭ᠋ᠠᠳᠠᠢ ᠪᠤᠯᠬᠤ ᠲᠡᠷᠡ ᠵᠢᠯ᠎ᠤᠨ᠎ᠬᠢ᠎ᠨᠢ ᠬᠠᠪᠤᠷ ᠠᠪᠤ ᠮᠢᠨᠢ ᠨᠤᠲᠤᠭ᠎ᠤᠨ ᠪᠠᠶᠠᠷ ᠠᠪᠠᠭ᠎ᠠ᠎ᠲᠠᠢ ᠬᠤᠶᠠᠭᠤᠯᠠ ᠨᠢᠭᠤᠴᠠ᠎ᠪᠠᠷ ᠵᠦᠪᠳᠡᠵᠦ ᠶᠡᠭᠡ ᠡᠭᠡᠴᠢ ᠪᠤᠯᠤᠨ ᠡᠵᠢ᠎ᠳᠤ ᠭᠡᠯᠡᠯ ᠦᠭᠡᠢ᠎ᠪᠠᠷ ᠶᠡᠭᠡ ᠡᠭᠡᠴᠢ ᠵᠢ ᠮᠠᠨ᠎ᠤ ᠨᠤᠲᠤᠭ᠎ᠤᠨ 《ᠭᠠᠵᠠᠷ᠎ᠤᠨ ᠡᠵᠡᠨ》 ᠭᠠᠷᠤᠯᠳᠠᠢ ᠬᠦᠮᠦᠨ᠎ᠤ ᠬᠦᠦ ᠪᠣᠯᠬᠣ ᠠᠬ᠎ᠠ᠎ᠳᠤ ᠭᠡᠷᠯᠡᠬᠦᠯᠵᠦ ᠦᠭᠬᠦ᠎ᠪᠠᠷ ᠤᠷᠤᠭ ᠲᠤᠭᠳᠠᠭᠰᠠᠨ ᠪᠠᠢ᠌ᠭᠰᠠᠨ᠎ᠢ ᠶᠡᠭᠡ ᠡᠭᠡᠴᠢ ᠵᠢᠨ ᠤᠷᠤᠭ ᠲᠤᠭᠳᠠᠬᠤ 《ᠠᠷᠢᠬᠢ ᠤᠤᠭᠤᠯᠭ᠋ᠠᠬᠤ》 ᠲᠡᠷᠡ ᠡᠳᠦᠷ᠎ᠨᠢ ᠰᠠᠶᠢ ᠤᠯᠵᠤ ᠮᠡᠳᠡᠵᠡᠢ᠃ ᠲᠡᠷᠡ ᠡᠳᠦᠷ ᠮᠠᠨ᠎ᠤ ᠬᠤᠶᠠᠷ ᠲᠠᠰᠤᠯᠭ᠎ᠠ ᠪᠠᠢ᠌ᠰᠢᠩ᠎ᠤᠨ ᠬᠠᠨᠵᠤᠨ ᠲᠤᠮᠳᠠ ᠤᠷᠳᠤ ᠲᠦᠷᠪᠡᠯᠵᠢᠨ ᠰᠢᠷᠡᠭᠡ ᠵᠢ ᠬᠦᠨᠳᠡᠯᠡᠨ ᠵᠶ᠋ᠠᠷ ᠵᠠᠰᠠᠨ ᠲᠠᠯᠪᠢᠭ᠋ᠠᠳ ᠠᠪᠤ ᠪᠤᠯᠤᠨ ᠠᠢ᠌ᠯ᠎ᠤᠨ ᠭᠡᠳᠦᠨ ᠠᠪᠠᠭ᠎ᠠ ᠠᠷᠢᠬᠢᠳᠡᠨ ᠰᠠᠭᠤᠵᠤ ᠂ ᠡᠵᠢ ᠬᠠᠨᠵᠤᠨ ᠵᠡᠬᠦᠨᠳᠡᠢ ᠦᠯᠪᠡᠷᠦᠯ ᠵᠠᠷᠯᠠᠨ ᠭᠡᠪᠳᠡᠵᠦ᠂ ᠶᠡᠭᠡ ᠡᠭᠡᠴᠢ ᠬᠠᠨᠵᠤᠨ᠎ᠤ ᠪᠠᠷᠠᠭᠤᠨ ᠵᠠᠬ᠎ᠠ᠎ᠪᠠᠷ ᠬᠠᠶᠠᠩ ᠢᠷᠮᠡᠭᠳᠡᠨ ᠰᠠᠨᠳᠠᠢ᠌ᠯᠠᠨ ᠰᠠᠭᠤᠭ᠋ᠠᠳ ᠵᠠᠬᠦᠨ ᠭᠠᠷ ᠵᠶ᠋ᠠᠷ ᠵᠶ᠋ᠠᠨ ᠭᠠᠵᠠᠷ ᠲᠤᠤᠷ᠎ᠠ ᠭᠡᠷ᠎ᠤᠨ ᠪᠠᠷᠠᠭᠤᠨ ᠬᠠᠨ᠎ᠠ ᠲᠠᠭ᠋ᠠᠭᠤᠯᠵᠤ ᠲᠠᠯᠪᠢᠭᠰᠠᠨ ᠬᠠᠭᠤᠴᠢᠨ ᠮᠠᠭᠤ ᠠᠪᠳᠠᠷ᠎ᠠ ᠵᠢ ᠲᠤᠬᠤᠢ᠌ᠯᠳᠠᠨ ᠨᠢᠭᠡ ᠯᠡ ᠬᠦᠭ ᠵᠶ᠋ᠠᠷ ᠨᠢᠯᠪᠤᠰᠤ ᠠᠰᠬᠠᠷᠠᠭᠤᠯᠵᠤ ᠪᠠᠢ᠌ᠯ᠎ᠡ᠃ ᠲᠡᠭᠡᠬᠦ᠎ᠳᠤ ᠡᠭᠡᠴᠢ ᠵᠢᠨ ᠮᠢᠨᠢ ᠲᠡᠷᠡ ᠨᠢᠯᠪᠤᠰᠤ᠎ᠨᠢ ᠠᠯᠢᠶ᠎ᠡ ᠪᠠᠭ᠎ᠠ ᠵᠢᠨ ᠲᠤᠮᠤᠭ᠎ᠠ ᠦᠭᠡᠢ ᠨᠠᠰᠤᠨ᠎ᠳᠤ ᠨᠠᠳᠠ᠎ᠳᠤ ᠬᠠᠮᠤᠭ ᠤᠨ ᠠᠩᠬ᠎ᠠ ᠴᠡᠭᠡᠵᠢᠯᠡᠭᠳᠡᠭᠰᠡᠨ ᠨᠢᠯᠪᠤᠰᠤ ᠪᠠᠢ᠌ᠵᠠᠢ᠃ ᠶᠡᠭᠡ ᠡᠭᠡᠴᠢ ᠵᠢᠨ ᠮᠢᠨᠢ ᠨᠢᠭᠡ ᠨᠠᠰᠤᠨ᠎ᠤ᠎ᠬᠢ᠎ᠨᠢ ᠶᠡᠭᠡ ᠪᠠᠶᠠᠷ᠎ᠤᠨ ᠶᠠᠪᠤᠳᠠᠯ᠎ᠨᠢ ᠲᠡᠬᠦᠨ᠎ᠤ ᠭᠠᠰᠢᠭᠤᠨ ᠨᠢᠯᠪᠤᠰᠤᠨ ᠲᠤᠮᠳᠠ ᠲᠡᠭᠡᠵᠦ ᠠᠩᠬᠠᠨ᠎ᠤ ᠬᠦᠰᠢᠭᠡ᠎ᠪᠠᠨ ᠨᠡᠭᠡᠭᠡᠭᠰᠡᠨ ᠠᠵᠢ᠃
ᠲᠡᠷᠡ ᠡᠳᠦᠷ᠎ᠠᠴᠠ ᠬᠤᠢ᠌ᠰᠢ ᠡᠵᠢ ᠠᠪᠤ ᠬᠤᠶᠠᠷ ᠪᠠᠢ᠌ᠨ ᠲᠠᠬᠢᠨ ᠭᠡᠷᠡᠬᠦᠯ ᠬᠢᠬᠦ ᠪᠤᠯᠤᠭᠰᠠᠨ ᠪᠦᠭᠡᠳ ᠶᠡᠭᠡ ᠡᠭᠡᠴᠢ ᠦᠷᠬᠦᠯᠵᠢ ᠨᠢᠯᠪᠦᠰᠦ ᠤᠷᠤᠰᠬᠠᠳᠠᠭ ᠪᠤᠯᠵᠠᠢ᠃ ᠠᠪᠤ ᠶᠡᠭᠡ ᠡᠭᠡᠴᠢ ᠵᠢ ᠪᠤᠯᠠᠭ ᠠᠬ᠎ᠠ᠎ᠳᠤ ᠦᠭᠬᠦᠨ᠎ᠡ ᠭᠡᠨ᠎ᠡ᠃ 《ᠡᠷ᠎ᠡ ᠬᠦᠮᠦᠨ ᠭᠡᠯᠡᠪᠡᠯ ᠦᠭᠡ ᠬᠢᠰᠬᠢᠪᠡᠯ ᠭᠠᠵᠠᠷ》 《ᠡᠷ᠎ᠡ ᠬᠦᠮᠦᠨ ᠭᠡᠳ ᠨᠢᠭᠡ ᠠᠮᠠ ᠦᠭᠡ ᠭᠡᠯᠡᠴᠢᠭᠡᠭᠰᠡᠨ ᠶᠤᠮ ᠴᠢᠨᠢ ᠦᠭᠡ᠎ᠪᠠᠨ ᠢᠳᠡᠬᠦ ᠦᠭᠡᠢ》 ᠭᠡᠨ᠎ᠡ᠃ ᠡᠵᠢ ᠦᠬᠦᠨ᠎ᠡ ᠭᠡᠨ᠎ᠡ᠃ ᠶᠡᠭᠡ ᠡᠭᠡᠴᠢ ᠮᠢᠨᠢ ᠠᠪᠤ ᠡᠵᠢ ᠬᠤᠶᠠᠷ᠎ᠤᠨ ᠠᠯᠢᠨᠤᠬᠢᠨᠢ ᠲᠠᠯ᠎ᠠ᠎ᠳᠤ ᠵᠤᠭᠰᠤᠬᠤ᠎ᠪᠠᠨ ᠤᠯᠬᠤ ᠦᠭᠡᠢ 《ᠬᠤᠶᠠᠷ ᠬᠠᠳᠠᠨ᠎ᠤ ᠵᠠᠭ᠋ᠠᠭ᠎ᠳᠤ ᠬᠠᠪᠴᠢᠭᠳᠠᠵᠤ》 ᠬᠤᠨᠤᠭ ᠡᠳᠦᠷ ᠢ ᠡᠨᠡᠯᠭᠡᠵᠦ ᠲᠤᠭᠤᠯᠵᠤ ᠪᠠᠢ᠌ᠯ᠎ᠠ᠃ ᠠᠬ᠎ᠠ ᠡᠭᠡᠴᠢ ᠲᠡᠬᠦᠦ ᠮᠠᠨ᠎ᠤ ᠭᠡᠳᠦᠬᠦᠯᠡ ᠵᠢᠨ ᠪᠠᠭ᠎ᠠ ᠨᠠᠰᠤ ᠭᠡᠵᠦ ᠭᠡᠷ ᠪᠦᠯᠢ ᠵᠢᠨ ᠲᠤᠳᠤᠭ᠋ᠠᠳᠤ ᠵᠢᠨ ᠲᠠᠢ᠌ᠨ᠎ᠤ ᠲᠤᠮᠳᠠ ᠰᠢᠷᠬᠠᠳᠤᠵᠤ ᠡᠷᠢᠶᠡᠨᠳᠦᠵᠦ ᠦᠭᠴᠡᠢ᠃ ᠡᠵᠢ ᠮᠢᠨᠢ ᠠᠬᠢᠨ ᠲᠡᠬᠢᠨ ᠦᠯᠪᠡᠷᠦᠯ ᠵᠠᠷᠯᠠᠵᠤ ᠪᠠᠢ᠌ᠭᠰᠠᠨ ᠪᠤᠯᠪᠠᠴᠤ ᠦᠷ᠎ᠡ ᠭᠡᠦᠭᠡᠳ᠎ᠨᠢ ᠪᠢᠳᠡ ᠲᠠᠯ᠎ᠠ ᠲᠠᠯ᠎ᠠ᠎ᠠᠴᠠ᠎ᠨᠢ ᠭᠤᠶᠤᠵᠤ ᠭᠤᠩᠰᠢᠭᠰᠠᠭ᠋ᠠᠷ ᠠᠷᠠᠢ ᠴᠢᠷᠠᠢ ᠬᠤᠭᠤᠯᠠ ᠪᠤᠳᠠᠭ᠎ᠠ ᠢᠳᠡᠵᠦ ᠠᠷᠢᠬᠢᠨ ᠠᠮᠢ᠎ᠲᠠᠢ ᠦᠯᠡᠳᠡᠨ᠂ ᠪᠡᠶ᠎ᠡ᠎ᠨᠢ ᠡᠴᠡᠵᠦ ᠲᠤᠷᠠᠭ᠋ᠠᠳ ᠨᠢᠭᠤᠷ ᠴᠢᠷᠠᠢ᠎ᠨᠢ ᠠᠳᠤᠷᠢᠵᠦ ᠲᠦᠴᠢ ᠬᠦᠷᠦᠭᠡ ᠦᠭᠡᠢ᠎ᠪᠠᠷ ᠭᠡᠳᠦᠨ ᠡᠬᠦᠳᠡᠨ ᠰᠢᠳᠦ᠎ᠨᠢ ᠤᠨᠠᠭ᠋ᠠᠳ ᠨᠠᠰᠤᠨ᠎ᠠᠴᠠ᠎ᠪᠠᠨ ᠭᠡᠳᠦ ᠡᠷᠳᠡ ᠦᠳᠡᠯᠵᠡᠢ᠃ ᠶᠡᠭᠡ ᠡᠭᠡᠴᠢ ᠮᠢᠨᠢ ᠤᠬᠢᠯᠠᠵᠤ ᠤᠨᠵᠢᠭᠰᠠᠭ᠋ᠠᠷ ᠪᠠᠢ᠌ᠵᠤ ᠪᠠᠷᠤᠭ ᠯᠡ ᠢᠨᠢᠶᠡᠬᠦ ᠵᠢ ᠮᠡᠳᠡᠳᠡᠭ ᠦᠭᠡᠢ ᠦᠭᠡ ᠲᠠᠭᠤ ᠴᠦᠭᠡᠨᠳᠡᠢ ᠬᠦᠮᠦᠨ ᠪᠤᠯᠵᠠᠢ᠃
ᠶᠡᠭᠡ ᠡᠭᠡᠴᠢ ᠮᠢᠨᠢ ᠵᠢᠭᠵᠢᠭᠡᠷ ᠵᠢᠭ᠋ᠠᠬᠠᠨ ᠪᠡᠶ᠎ᠡ᠎ᠲᠠᠢ᠂ ᠠᠪᠤ ᠵᠢ ᠲᠠᠭᠤᠷᠢᠶᠠᠭ᠋ᠠᠳ ᠲᠠᠪᠬᠤᠷ ᠠᠯᠠᠭ ᠨᠢᠳᠦ ᠪᠤᠰᠤᠭ᠎ᠠ ᠰᠠᠢ᠌ᠬᠠᠨ ᠬᠠᠮᠠᠷ᠎ᠲᠠᠢ᠂ ᠤᠷᠤᠭᠤᠯ ᠵᠶ᠋ᠠᠨ ᠲᠠᠰᠤ ᠬᠠᠮᠬᠢᠪᠠᠯ ᠲᠤᠤᠷ᠎ᠠ ᠤᠷᠤᠭᠤᠯ᠎ᠨᠢ ᠲᠡᠭᠡᠷ᠎ᠡ ᠤᠷᠤᠭᠤᠯᠠᠴᠠᠨᠢ ᠵᠢᠭ᠋ᠠᠬᠠᠨ ᠢᠯᠡᠬᠦᠦ ᠭᠠᠷᠳᠠᠭ ᠠᠴᠠ ᠪᠤᠰᠤᠳ᠎ᠨᠢ ᠶᠡᠭᠡ ᠯᠡ ᠡᠪᠯᠢᠭ ᠲᠦᠪᠯᠢᠭ ᠬᠠᠷᠠᠭᠳᠠᠨ᠎ᠠ᠃ ᠲᠡᠷᠡ ᠬᠦ᠌ ᠲᠦᠪ ᠡᠪᠯᠢᠭ ᠴᠢᠷᠠᠢ ᠲᠡᠭᠡᠬᠦᠷ ᠨᠢ ᠡᠭᠡᠴᠢ ᠵᠢᠨ ᠮᠢᠨᠢ ᠦᠬᠢᠨ ᠨᠠᠰᠤᠨ᠎ᠤ᠎ᠬᠢ᠎ᠨᠢ ᠨᠢᠯᠪᠤᠰᠤ ᠭᠡᠴᠢᠨᠡᠭᠡᠨ ᠤᠳᠠᠭ᠎ᠠ ᠤᠷᠤᠰᠤᠭᠰᠠᠨᠢ ᠪᠢ ᠦᠨᠡᠭᠡᠷ ᠪᠦᠷᠢᠳᠭᠡᠬᠦ ᠵᠢᠨ ᠠᠷᠭ᠎ᠠ ᠦᠭᠡᠢ᠃ ᠪᠤᠳᠤᠪᠠᠯ ᠡᠭᠡᠴᠢ ᠮᠢᠨᠢ ᠪᠤᠰᠤᠳ᠎ᠠᠴᠠ ᠲᠠᠯᠳᠠᠭᠤᠷ ᠤᠬᠢᠯᠠᠭᠰᠠᠨ ᠤᠳᠠᠭ᠎ᠠ᠎ᠨᠢ ᠨᠡᠩ ᠣᠯᠠᠨ ᠪᠠᠢ᠌ᠭ᠎ᠠ᠃ ᠲᠡᠭᠡᠭᠡᠳ ᠯᠡ ᠮᠢᠨᠦ ᠪᠠᠭ᠎ᠠ ᠨᠠᠰᠤᠨ᠎ᠤ ᠤᠢ ᠲᠣᠢ᠌ᠨᠳᠤ ᠶᠡᠭᠡ ᠡᠭᠡᠴᠢ ᠵᠢᠨ ᠮᠢᠨᠢ ᠲᠦᠷᠢ ᠲᠦᠷᠬᠦ ᠨᠢᠯᠪᠤᠰᠤ᠎ᠲᠠᠢ ᠯᠡ ᠭᠡᠪ ᠵᠶ᠋ᠠᠷ ᠵᠶ᠋ᠠᠨ ᠬᠠᠮᠤᠭ᠎ᠤᠨ ᠬᠦᠨ ᠰᠠᠭᠤᠭᠳᠠᠵᠤ ᠬᠣᠴᠣᠷᠣᠭᠰᠠᠨ ᠶᠤᠮ᠃ ᠤᠳᠤ ᠪᠤᠳᠤᠬᠤ᠎ᠳᠤ ᠶᠡᠭᠡ ᠡᠭᠡᠴᠢ ᠵᠢᠨ ᠭᠡᠯᠡᠳᠡᠭ 《ᠪᠢ ᠶᠠᠭᠤᠨ᠎ᠠᠴᠠ ᠴᠤ᠌ ᠠᠶᠤᠬᠤ ᠦᠭᠡᠢ!》 ᠭᠡᠬᠦ ᠦᠭᠡ᠎ᠨᠢ ᠲᠡᠳᠦᠢ ᠯᠡ ᠪᠤᠳᠠᠳᠠᠢ᠎ᠳᠤ ᠨᠡᠢ᠌ᠴᠡᠬᠦ ᠦᠭᠡᠢ ᠠᠵᠢ᠃ ᠲᠡᠷᠡ ᠠᠪᠤ ᠡᠵᠢ ᠵᠢᠨ ᠵᠦᠷᠢᠴᠡᠯᠳᠦᠯᠠᠴᠠ ᠠᠶᠤᠨ᠎ᠠ᠃ ᠨᠡᠩ ᠪᠤᠳᠠᠳᠠᠢ ᠰᠢᠭ᠋ ᠭᠡᠯᠡᠪᠡᠯ ᠠᠪᠤ ᠡᠵᠢ ᠵᠢᠨ ᠵᠶ᠋ᠠᠨ ᠰᠡᠳᠬᠢᠯ᠎ᠢ ᠡᠪᠡᠳᠭᠡᠬᠦ᠎ᠠᠴᠠ᠂ ᠬᠠᠢ᠌ᠷᠠᠳᠤ ᠬᠦᠮᠦᠰ ᠵᠶ᠋ᠠᠨ ᠵᠤᠪᠠᠭ᠋ᠠᠬᠤᠠᠴᠠ ᠠᠶᠤᠨ᠎ᠠ᠃ ᠠᠶᠤᠬᠤ ᠠᠶᠤᠬᠤᠳᠤᠪᠠᠨ ᠠᠷᠭ᠋ᠠᠴᠠᠭ᠋ᠠᠬᠤ ᠵᠢᠨ ᠠᠷᠭ᠎ᠠ ᠦᠭᠡᠢ ᠠᠶᠤᠳᠠᠭ ᠪᠠᠢ᠌ᠵᠠᠢ᠃ ᠶᠡᠭᠡ ᠡᠭᠡᠴᠢ᠂ ᠡᠵᠢ᠂ ᠠᠪᠤ ᠭᠤᠷᠪᠠᠭᠤᠯᠠ ᠵᠦᠷᠢᠴᠡᠯᠳᠦᠵᠦ ᠲᠠᠢ᠌ᠨ ᠲᠠᠵᠢᠨ ᠬᠢᠭᠰᠡᠭᠡᠷ ᠪᠠᠢ᠌ᠵᠤ ᠲᠠᠪᠤᠨ ᠵᠢᠯ᠎ᠤᠨ᠎ᠬᠢ᠎ᠨᠢ ᠲᠠᠷᠠᠭ᠎ᠠ ᠶᠡᠭᠡ ᠡᠭᠡᠴᠢ ᠬᠦᠷᠭᠡᠨ᠎ᠳᠤ ᠭᠠᠷᠴᠠᠢ᠃ ᠬᠤᠵᠢᠮ᠎ᠨᠢ ᠬᠦᠷᠭᠡᠨ ᠠᠬ᠎ᠠ ᠲᠡᠳᠡ ᠬᠤᠶᠠᠷ᠎ᠤᠨ ᠨᠢᠭᠡ ᠤᠳᠠᠭ᠋ᠠᠨ᠎ᠤ ᠶᠠᠷᠢᠯᠴᠠᠭ᠋ᠠᠨ᠎ᠠᠴᠠ ᠪᠢ ᠶᠡᠭᠡ ᠡᠭᠡᠴᠢ ᠤᠤᠯ᠎ᠠᠴᠠ᠎ᠪᠠᠨ ᠪᠤᠯᠠᠭ ᠠᠬ᠎ᠠ ᠵᠢ ᠲᠤᠭᠤᠳᠠᠭ ᠪᠠᠢ᠌ᠭᠰᠠᠨ ᠢ ᠤᠯᠵᠤ ᠮᠡᠳᠡᠭᠰᠡᠨ ᠪᠢᠯᠡ᠃
ᠶᠡᠭᠡ ᠡᠭᠡᠴᠢ ᠮᠢᠨᠢ ᠲᠠᠷᠢᠶᠠᠨ᠎ᠤ ᠠᠵᠢᠯ᠂ ᠮᠠᠯ᠎ᠤᠨ ᠠᠵᠢᠯ᠎ᠳᠤ ᠱᠠᠯᠠᠮᠠᠭ᠋ᠠᠢ ᠪᠠᠢ᠌ᠵᠤ᠂ ᠦᠭᠡᠷᠡᠴᠢᠯᠡᠯᠳᠠ ᠬᠢᠵᠦ ᠡᠷᠦᠭᠡ᠎ᠳᠤ ᠲᠠᠭ᠋ᠠᠭ᠋ᠠᠴᠢᠯᠠᠭᠤᠯᠤᠭᠰᠠᠨᠤ ᠰᠡᠬᠦᠯᠡᠷ ᠦᠪᠡᠷ ᠵᠶ᠋ᠠᠨ ᠬᠤᠨᠢ ᠲᠡᠵᠢᠭᠡᠵᠦ᠂ ᠲᠡᠳᠡᠨ᠎ᠤ᠎ᠬᠢᠨ ᠮᠠᠨ᠎ᠤ ᠭᠠᠴᠠᠭ᠋ᠠᠨ᠎ᠳᠤ᠎ᠪᠠᠨ ᠴᠤᠷ᠎ᠤᠨ ᠭᠠᠭᠴᠠ ᠬᠦ᠌ ᠬᠤᠨᠢᠨ᠎ᠤ ᠰᠦᠷᠦᠭ᠎ᠲᠠᠢ ᠠᠢ᠌ᠯ ᠪᠤᠯᠵᠠᠢ᠃ ᠬᠦᠷᠭᠡᠨ ᠠᠬ᠎ᠠ ᠭᠡᠭᠡᠷ᠎ᠡ ᠭᠠᠳᠠᠨ᠎ᠠ ᠵᠢᠨ ᠠᠵᠢᠯ᠎ᠳᠤ ᠶᠠᠭ᠋ᠠᠷᠠᠤ ᠪᠠᠢ᠌ᠬᠤ ᠦᠶ᠎ᠡ᠎ᠳᠤ ᠶᠡᠭᠡ ᠡᠭᠡᠴᠢ ᠢᠳᠡᠰᠢ ᠭᠠᠷᠭ᠋ᠠᠬᠤ᠎ᠳᠤ᠎ᠪᠠᠨ ᠬᠤᠨᠢᠨ᠎ᠤ᠎ᠪᠠᠨ ᠲᠦᠷᠪᠡᠨ ᠮᠦᠴᠢ ᠵᠢ ᠬᠦᠯᠢᠵᠦ ᠤᠶᠠᠴᠢᠬᠠᠭ᠋ᠠᠳ ᠭᠠᠭᠴᠠᠭ᠋ᠠᠷ ᠵᠶ᠋ᠠᠨ ᠠᠯᠠᠴᠢᠬᠠᠳᠠᠭᠢᠨᠢ ᠪᠢ ᠰᠤᠨᠤᠰᠤᠭ᠋ᠠᠳ ᠶᠡᠬᠡ ᠯᠠ ᠭᠠᠢ᠌ᠬᠠᠵᠤ ᠄ 《ᠬᠣᠨᠢ ᠠᠯᠠᠬᠤ᠎ᠠᠴᠠ ᠠᠶᠤᠬᠤ ᠦᠭᠡᠢ ᠤᠤ?》 ᠭᠡᠵᠦ ᠠᠰᠠᠭᠤᠭᠰᠠᠨ᠎ᠳᠤ ᠲᠡᠷᠡ᠄ 《ᠶᠠᠮᠠᠷ ᠯᠡ ᠠᠶᠤᠮᠠᠷ ᠶᠠᠭᠤᠮ᠎ᠠ ᠪᠠᠢ᠌ᠨ᠎ᠠ ᠳ᠋ᠠ? ᠦᠩᠭᠡᠷᠡᠭᠰᠡᠨ᠎ᠤ ᠲᠠᠢ᠌ᠨ ᠲᠠᠵᠢᠨ᠎ᠲᠠᠢ ᠦᠶ᠎ᠡ᠎ᠳᠤ ᠲᠦᠷᠦᠭᠰᠡᠨ ᠪᠤᠯ ᠪᠢ ᠲᠠᠢ᠌ᠨ᠎ᠳᠤ ᠮᠤᠷᠳᠠᠵᠤ ᠲᠠᠢ᠌ᠰᠦᠨᠢ ᠠᠯᠠᠬᠤ᠎ᠠᠴᠠ ᠪᠠᠰᠠ ᠠᠶᠤᠬᠤ ᠦᠭᠡᠢ!》 ᠭᠡᠵᠦ ᠢᠨᠢᠶᠡᠭᠰᠡᠭᠡᠷ ᠭᠡᠯᠡᠭᠰᠡᠨ ᠶᠤᠮ᠃
ᠶᠡᠭᠡ ᠡᠭᠡᠴᠢ᠎ᠠᠴᠠ ᠬᠤᠶᠠᠷ ᠬᠦᠦ᠎ᠲᠠᠢ᠃ ᠲᠡᠷᠡ ᠬᠤᠶᠠᠷ ᠬᠦᠦ᠎ᠪᠠᠨ ᠪᠢᠴᠢᠭ ᠡᠷᠳᠡᠮ ᠰᠤᠷᠭ᠋ᠠᠬᠤ ᠭᠡᠵᠦ ᠰᠡᠳᠬᠢᠯ ᠵᠢᠷᠦᠭᠡ᠎ᠪᠠᠨ ᠶᠡᠭᠡ ᠯᠡ ᠵᠦᠳᠡᠭᠡᠭᠰᠡᠨ ᠰᠢᠤ᠃ ᠮᠠᠨ᠎ᠤ ᠭᠠᠴᠠᠭ᠎ᠠ᠎ᠨᠢ ᠬᠦᠮᠦᠨ ᠠᠮᠠᠨ ᠴᠥᠬᠡᠨ᠎ᠲᠠᠢ ᠪᠤᠯᠬᠤᠷ ᠰᠤᠷᠤᠭᠴᠢ ᠵᠢᠨ ᠲᠤᠭ᠎ᠠ ᠴᠤ᠌ ᠮᠠᠰᠢ ᠪᠠᠭ᠎ᠠ ᠪᠠᠢ᠌ᠵᠤ ᠠᠢ᠌ᠯ᠎ᠤᠨ ᠰᠤᠷᠭ᠋ᠠᠭᠤᠯᠢ᠎ᠳᠤ ᠪᠠᠭᠰᠢ ᠲᠤᠭᠳᠠᠳᠠᠭ ᠦᠭᠡᠢ᠃ 《ᠮᠠᠩᠬᠠᠨ ᠬᠤᠳᠤᠭᠤᠷ᠎ᠠᠴᠠ ᠪᠢᠴᠢᠭ ᠦᠵᠡᠵᠦ ᠭᠠᠷᠬᠤ ᠠᠮᠠᠷ ᠦᠭᠡᠢ》 ᠭᠡᠵᠦ ᠶᠡᠭᠡ ᠡᠭᠡᠴᠢ ᠨᠠᠮ᠎ᠠ ᠵᠢ ᠪᠠᠭᠰᠢ ᠵᠢᠨ ᠰᠤᠷᠭ᠋ᠠᠭᠤᠯᠢ᠎ᠳᠤ ᠤᠷᠤᠭᠰᠠᠨ᠎ᠤ ᠰᠡᠬᠦᠯᠡᠷ ᠶᠡᠭᠡ ᠯᠡ ᠤᠴᠢᠷ ᠪᠤᠯᠭ᠋ᠠᠵᠤ ᠭᠡᠯᠡᠳᠡᠭ ᠪᠠᠢ᠌ᠭᠰᠠᠨ᠎ᠨᠢ ᠪᠠᠰᠠ ᠴᠤ᠌ ᠬᠤᠶᠠᠷ ᠬᠦᠦ ᠵᠢᠨ ᠵᠶ᠋ᠠᠨ ᠰᠤᠷᠤᠯᠭ᠎ᠠ᠎ᠳᠤ ᠰᠠᠨᠠᠭ᠋ᠠᠰᠢᠷᠠᠭᠰᠠᠨᠲᠠᠢᠨᠢ ᠬᠤᠯᠪᠤᠭ᠎ᠠ᠎ᠲᠠᠢ᠃ ᠶᠡᠭᠡ ᠡᠭᠡᠴᠢ ᠬᠠᠷᠠᠩᠭᠤᠢ ᠰᠦᠨᠢ᠎ᠪᠠᠷ ᠬᠤᠨᠢ᠎ᠪᠠᠨ ᠬᠠᠷᠢᠭᠤᠯᠵᠤ ᠤᠩᠭᠤᠨ ᠮᠤᠩᠭᠤᠨᠢ ᠴᠦᠯ᠎ᠳᠦ ᠴᠦᠯ᠎ᠳᠦ ᠬᠢᠰᠬᠢᠬᠦ᠎ᠠᠴᠠ ᠴᠤ᠌ ᠠᠶᠤᠬᠤ ᠦᠭᠡᠢ ᠪᠠᠢ᠌ᠭᠰᠠᠨ᠎ᠨᠢ ᠲᠡᠷᠡ ᠮᠢᠨᠢ ᠬᠤᠶᠠᠷ ᠬᠦᠦᠳᠤᠪᠠᠨ ᠬᠢᠵᠠᠭ᠋ᠠᠷ ᠦᠭᠡᠢ ᠶᠡᠭᠡ ᠬᠠᠢ᠌ᠷᠠᠳᠠᠢ ᠪᠠᠢ᠌ᠭᠰᠠᠨᠤᠬᠢᠨᠢ ᠬᠠᠳᠠᠨ ᠪᠠᠳᠤ ᠭᠡᠷᠡᠴᠢ ᠶᠤᠮ᠃ ᠬᠤᠶᠠᠷ ᠬᠦᠦᠳᠤᠪᠠᠨ ᠪᠢᠴᠢᠭ ᠦᠵᠡᠬᠦ ᠵᠤᠭᠤᠰ ᠵᠤᠭ᠎ᠠ ᠤᠯᠵᠤ ᠦᠭᠬᠦ ᠵᠢᠨ ᠲᠦᠯᠦᠭᠡ ᠶᠡᠭᠡ ᠡᠭᠡᠴᠢ ᠬᠤᠨᠢ᠂ ᠢᠮᠠᠭ᠎ᠠ᠂ ᠦᠭᠡᠷ᠂ ᠮᠤᠷᠢ᠂ ᠭᠠᠬᠠᠢ᠂ ᠲᠠᠬᠢᠶ᠎ᠠ᠂ ᠭᠠᠯᠠᠭᠤ᠂ ᠨᠤᠭᠤᠰᠤ ᠵᠡᠷᠭᠡ ᠤᠯᠠᠨ ᠭᠡᠷ᠎ᠤᠨ ᠲᠡᠵᠢᠭᠡᠪᠦᠷᠢ ᠪᠠᠢ᠌ᠭᠰᠠᠨ ᠲᠡᠭᠡᠷ᠎ᠡ ᠵᠠᠭᠤᠨ᠎ᠤ ᠶᠡᠷᠡᠭᠡᠳ ᠤᠨ᠎ᠤ ᠡᠬᠢᠨ᠎ᠤ ᠦᠶ᠎ᠡ᠎ᠪᠠᠷ ᠬᠦᠷᠭᠡᠨ ᠠᠬ᠎ᠠ ᠬᠠᠷᠢᠨ ᠠᠷᠢᠬᠢᠨ᠎ᠳᠤ ᠰᠢᠨᠤᠵᠤ ᠠᠳᠠᠯ ᠠᠮᠢᠳᠤᠷᠠᠯ ᠵᠶ᠋ᠠᠨ ᠤᠯᠠᠮ ᠵᠶ᠋ᠠᠷ ᠬᠠᠮᠢᠶᠠᠷᠬᠤ᠎ᠪᠠᠨ ᠪᠤᠯᠢᠵᠠᠢ᠃ ᠶᠠᠭ᠋ᠠᠷᠠᠬᠤᠳᠤᠪᠠᠨ ᠨᠢᠭᠤᠷ ᠭᠠᠷ ᠵᠶ᠋ᠠᠨ ᠴᠤ᠌ ᠲᠢᠭ᠎ᠲᠠᠢ ᠤᠬᠢᠶᠠᠵᠤ ᠠᠷᠠᠴᠢᠯᠠᠬᠤ ᠴᠢᠯᠦᠭᠡ ᠦᠭᠡᠢ᠂ ᠦᠰᠦ ᠭᠡᠵᠢᠭᠡ᠎ᠪᠠᠨ ᠦᠷᠪᠦᠢ᠌ᠯᠭᠡᠭᠰᠡᠨ ᠶᠡᠭᠡ ᠡᠭᠡᠴᠢ ᠵᠢᠨ ᠬᠤᠢ᠌ᠭᠤᠷ ᠤᠷᠳᠤᠭᠤᠷ ᠬᠤᠨᠢ᠂ ᠢᠮᠠᠭ᠎ᠠ᠂ ᠭᠠᠬᠠᠢ᠂ ᠲᠠᠬᠢᠶ᠎ᠠ᠂ ᠭᠠᠯᠠᠭᠤ ᠨᠤᠭᠤᠰᠤ᠎ᠨᠢ ᠢᠳᠡᠬᠦ ᠭᠡᠵᠦ ᠵᠢᠭᠤᠷᠠᠯᠳᠤᠨ ᠲᠠᠭ᠋ᠠᠯᠳᠤᠳᠠᠭᠨᠢ ᠶᠤᠰᠤᠳᠠᠢ ᠵᠦᠴᠦᠭᠡ᠎ᠳᠤ ᠭᠠᠷᠳᠠᠭ ᠦᠵᠡᠭᠳᠡᠯ ᠬᠡᠮᠡᠷ᠃ ᠲᠡᠷᠡ ᠤᠯᠠᠨ ᠲᠡᠵᠢᠭᠡᠪᠦᠷᠢ ᠵᠢ ᠠᠷᠠᠴᠢᠯᠠᠬᠤ ᠭᠡᠵᠦ ᠡᠭᠡᠴᠢ ᠮᠢᠨᠢ ᠵᠢᠯ᠎ᠤᠨ ᠲᠦᠷᠪᠡᠨ ᠤᠯᠠᠷᠢᠯ᠎ᠳᠤ ᠰᠦᠨᠢ᠎ᠨᠢ ᠲᠠᠪᠤᠨ ᠴᠠᠭ ᠤᠯᠵᠤ ᠤᠨᠳᠠᠭᠰᠠᠨ ᠤᠳᠠᠭ᠎ᠠ ᠦᠭᠡᠢ ᠭᠡᠵᠦ ᠶᠠᠷᠢᠳᠠᠭ ᠪᠠᠢ᠌ᠭᠰᠠᠨ᠃
ᠡᠭᠡᠴᠢ ᠵᠢ ᠶᠠᠭ ᠲᠡᠭᠡᠵᠦ ᠠᠮᠢᠳᠤᠷᠠᠯ᠎ᠤᠨ ᠵᠶ᠋ᠠᠨ ᠲᠦᠯᠦᠭᠡ ᠠᠮᠢ ᠲᠡᠮᠡᠴᠡᠨ ᠠᠵᠢᠯᠯᠠᠵᠤ᠂ ᠴᠢᠷᠮᠠᠢ᠌ᠨ ᠲᠡᠮᠡᠦᠯᠵᠦ ᠪᠠᠢ᠌ᠭᠰᠠᠨ ᠦᠶ᠎ᠡ᠎ᠳᠤ ᠰᠠᠨᠠᠭ᠎ᠠ ᠵᠠᠶᠠᠭ᠎ᠠ ᠨᠡᠢ᠌ᠯᠡᠬᠦ ᠦᠭᠡᠢ ᠭᠡᠳᠡᠭ᠎ᠨᠢ ᠪᠤᠯᠵᠤ ᠬᠦᠷᠭᠡᠨ ᠠᠬ᠎ᠠ ᠡᠯᠢᠭᠡ ᠬᠠᠳᠠᠭᠤᠷᠠᠬᠤ ᠡᠪᠡᠳᠴᠢᠨ ᠤᠯᠵᠤ᠂ ᠡᠭᠡᠴᠢ ᠮᠢᠨᠢ ᠬᠦᠷᠭᠡᠨ ᠠᠬ᠎ᠠ ᠵᠢᠨ ᠡᠪᠡᠳᠴᠢᠨ ᠢ ᠵᠠᠰᠠᠭᠤᠯᠬᠤ ᠭᠡᠵᠦ ᠬᠤᠨᠢ ᠮᠠᠯ ᠵᠶ᠋ᠠᠨ ᠬᠤᠳᠠᠯᠳᠤᠭᠰᠠᠭ᠋ᠠᠷ ᠪᠠᠢ᠌ᠵᠤ ᠠᠮᠢᠳᠤᠷᠠᠯ᠎ᠨᠢ ᠤᠷᠤᠭᠤᠳᠠᠭᠰᠠᠨᠤ ᠲᠡᠭᠡᠷ᠎ᠡ ᠬᠤᠶᠠᠷ ᠬᠦᠦ᠎ᠨᠢ ᠴᠤ᠌ ᠰᠤᠷᠭ᠋ᠠᠭᠤᠯᠢ᠎ᠠᠴᠠ᠎ᠪᠠᠨ ᠭᠠᠷᠴᠠᠢ᠃ ᠬᠦᠰᠡᠯ ᠵᠤᠷᠢᠯᠳᠠ᠂ ᠬᠠᠢ᠌ᠷ᠎ᠠ ᠰᠡᠳᠬᠢᠯ᠎ᠨᠢ ᠨᠢᠭᠡ ᠬᠦᠮᠦᠨ᠎ᠢ ᠤᠷᠤᠭᠰᠢ ᠵᠢᠳᠬᠦᠬᠦᠯᠬᠦ ᠬᠠᠳᠠᠨ ᠪᠠᠳᠤ ᠬᠦᠴᠦᠨ ᠪᠤᠯᠳᠠᠭ᠃ ᠬᠤᠶᠠᠷ ᠬᠦᠦ᠎ᠨᠢ ᠰᠤᠷᠤᠯᠭ᠎ᠠ ᠵᠤᠭᠰᠤᠵᠤ ᠡᠭᠡᠴᠢ ᠵᠢᠨ ᠮᠢᠨᠢ 《ᠬᠦᠦ᠎ᠪᠠᠨ ᠬᠦᠮᠦᠨ᠎ᠤ ᠵᠡᠷᠭᠡ᠎ᠳᠤ ᠦᠭᠡᠳᠡ᠎ᠲᠠᠢ ᠦᠩᠭᠡ᠎ᠲᠠᠢ ᠶᠠᠪᠤᠭᠤᠯᠬᠤ》 ᠭᠡᠰᠡᠨ ᠬᠦᠰᠡᠯ ᠵᠤᠷᠢᠯᠳᠠ᠎ᠨᠢ ᠬᠦᠰᠡᠷᠳᠡᠭᠰᠡᠨ ᠮᠦᠷᠳᠡᠭᠡᠨ ᠬᠦᠷᠭᠡᠨ ᠠᠬ᠎ᠠ ᠵᠢᠨ ᠪᠡᠶ᠎ᠡ᠎ᠨᠢ ᠡᠳᠦᠷ᠎ᠠᠴᠠ ᠡᠳᠦᠷ ᠮᠠᠭᠤᠵᠢᠷᠠᠭᠰᠠᠨ᠎ᠠᠴᠠ ᠪᠤᠯᠵᠤ ᠶᠡᠭᠡ ᠡᠭᠡᠴᠢ ᠮᠢᠨᠢ ᠲᠠᠬᠢᠭ᠋ᠠᠳ ᠯᠡ ᠬᠦᠮᠦᠨ᠎ᠤ ᠠᠮᠢᠳᠤᠷᠠᠯ᠎ᠤᠨ ᠭᠤᠨᠢᠭ ᠵᠤᠪᠠᠯᠠᠩᠳᠤ ᠲᠠᠷᠤᠭᠳᠠᠵᠤ ᠬᠠᠯᠳᠤᠰᠬᠢᠪᠡᠯ ᠨᠢᠯᠪᠤᠰᠤ ᠤᠨᠠᠭ᠋ᠠᠳᠠᠭ ᠭᠡᠮ᠎ᠲᠠᠢ ᠪᠤᠯᠵᠤ ᠪᠢᠯᠡ᠃ ᠨᠠᠮ᠎ᠠ ᠵᠢ ᠨᠢᠭᠡ ᠤᠳᠠᠭ᠎ᠠ ᠭᠡᠷ᠎ᠲᠤ᠎ᠨᠢ ᠤᠴᠢᠬᠤ᠎ᠳᠤ 《ᠬᠦᠷᠭᠡᠨ ᠠᠬ᠎ᠠ ᠴᠢᠨᠢ ᠡᠪᠡᠳᠴᠢᠯᠡᠭᠡᠳ ᠡᠢ᠌ᠮᠦ᠃ ᠭᠡᠦᠭᠡᠳ᠎ᠤᠳ ᠴᠤ᠌ ᠰᠤᠷᠭ᠋ᠠᠭᠤᠯᠢ᠎ᠠᠴᠠ᠎ᠪᠠᠨ ᠭᠠᠷᠴᠠᠢ᠃ ᠠᠮᠢᠳᠤᠷᠠᠯ ᠭᠡᠷᠡᠭ ᠦᠭᠡᠢ ᠪᠣᠯᠣᠭᠰᠠᠨ ᠁》 ᠭᠡᠳ ᠮᠡᠯᠳᠡᠷᠡᠳᠡᠯᠡ ᠤᠷᠤᠰᠬᠤ ᠨᠢᠯᠪᠤᠰᠤ᠎ᠪᠠᠨ ᠠᠷᠴᠢᠪᠠ᠃ ᠤᠳᠠᠯ ᠦᠭᠡᠢ ᠬᠦᠷᠭᠡᠨ ᠠᠬ᠎ᠠ ᠨᠠᠰᠤ ᠪᠠᠷᠠᠵᠤ᠂ ᠡᠭᠡᠴᠢ ᠵᠢᠨ ᠪᠠᠭ᠎ᠠ ᠬᠦᠦ᠎ᠨᠢ ᠥᠬᠢᠨ ᠨᠠᠢ᠌ᠵᠠ᠎ᠲᠠᠢ ᠪᠤᠯᠵᠤ᠂ ᠶᠡᠭᠡ ᠬᠦᠦ ᠵᠢ᠎ᠨᠢ ᠪᠢ ᠬᠦᠬᠡᠬᠤᠳᠠ᠎ᠳᠤ ᠠᠪᠴᠢᠷᠠᠵᠤ ᠲᠡᠭᠡᠳᠦ ᠲᠤᠮᠳᠠᠳᠤ᠎ᠳᠤ ᠪᠢᠴᠢᠭ ᠦᠵᠡᠬᠦᠯᠵᠡᠢ᠃
ᠲᠡᠷᠡ ᠵᠢᠯ᠎ᠨᠢ ᠡᠭᠡᠴᠢ ᠮᠢᠨᠢ ᠰᠠᠶᠢ ᠲᠦᠴᠢᠨ ᠲᠤᠯᠤᠭ᠋ᠠᠳᠠᠢ᠃ ᠬᠦᠷᠭᠡᠨ ᠠᠬ᠎ᠠ ᠲᠠᠪᠢᠨ ᠬᠤᠶᠠᠷᠳᠠᠢ᠃ ᠠᠢ᠂ ᠠᠷᠢᠬᠢᠨ᠎ᠤ ᠰᠠᠪᠠ ᠪᠤᠯᠤᠭᠰᠠᠨ ᠬᠦᠷᠭᠡᠨ ᠠᠬ᠎ᠠ ᠮᠢᠨᠢ ᠡᠷᠯᠢᠭ᠎ᠤᠨ ᠭᠠᠵᠠᠷ ᠵᠶ᠋ᠠᠨ ᠲᠡᠩᠳᠡᠬᠦᠦ ᠡᠷᠳᠡ ᠮᠤᠷᠳᠠᠵᠠᠢ᠃ ᠬᠦᠮᠦᠨ ᠪᠤᠯᠭ᠋ᠠᠨ᠎ᠳᠤ ᠭᠠᠭᠴᠠᠬᠠᠨ ᠤᠯᠳᠠᠳᠠᠭ ᠠᠮᠢ ᠨᠠᠰᠤ ᠡ᠂ ᠬᠢᠮᠠᠭ᠋ᠠᠳᠠᠬᠤ ᠦᠭᠡᠢ ᠪᠤᠯ ᠦᠩᠭᠡᠷᠡᠭᠡᠳ ᠤᠳᠳᠠᠭ ᠭᠡᠪᠡᠷᠡᠭᠭᠡᠨ ᠡᠳ᠋ ᠰᠢᠤ᠃
ᠬᠣᠵᠢᠮ᠎ᠨᠢ ᠶᠡᠭᠡ ᠡᠭᠡᠴᠢ ᠵᠢᠨ ᠶᠡᠭᠡ ᠬᠦᠦ᠎ᠨᠢ ᠶᠡᠭᠡ ᠰᠤᠷᠭ᠋ᠠᠭᠤᠯᠢ᠎ᠳᠤ ᠦᠨᠳᠦᠷ ᠪᠦᠳᠦᠮᠵᠢ᠎ᠪᠠᠷ ᠡᠯᠰᠡᠭᠳᠡᠭᠡᠳ ᠶᠡᠭᠡ ᠡᠭᠡᠴᠢ ᠵᠢᠨ ᠪᠠᠶᠠᠷᠯᠠᠭᠰᠠᠨ᠎ᠢ ᠶᠠᠭᠤᠨ ᠬᠡᠯᠡᠬᠦ ᠠᠵᠢ᠃ ᠪᠠᠭ᠎ᠠ ᠬᠦᠦ᠎ᠨᠢ ᠪᠠᠭ᠎ᠠ ᠰᠠᠭ᠎ᠠ ᠬᠦᠷᠦᠩᠭᠡ᠎ᠪᠠᠨ ᠰᠠᠬᠢᠵᠦ ᠪᠡᠷᠢ ᠪᠠᠭᠤᠯᠭ᠋ᠠᠵᠤ ᠨᠤᠳᠤᠭ ᠵᠶ᠋ᠠᠨ ᠰᠠᠬᠢᠵᠦ ᠬᠤᠴᠤᠷᠪᠠ᠃ ᠶᠡᠭᠡ ᠡᠭᠡᠴᠢ ᠮᠢᠨᠢ ᠶᠡᠭᠡ ᠬᠦᠦᠳᠤᠪᠠᠨ ᠰᠤᠷᠤᠯᠭ᠎ᠠ ᠵᠢᠨ ᠰᠦᠢ᠍ᠳᠭᠡᠯ ᠤᠯᠵᠤ ᠦᠭᠬᠦ ᠵᠢᠨ ᠲᠦᠯᠦᠭᠡ ᠬᠦᠬᠡᠬᠤᠳᠠ᠎ᠳᠤ ᠢᠷᠡᠭᠡᠳ ᠦᠰᠦ ᠭᠡᠵᠢᠭᠡ᠎ᠪᠠᠨ ᠪᠤᠯᠬᠤ ᠵᠢᠨ ᠲᠤᠳᠤᠷ᠎ᠠ ᠡᠪᠯᠡᠬᠦᠯᠦᠨ ᠵᠠᠰᠠᠭᠤᠯᠵᠤ ᠬᠤᠭᠤᠯᠠᠨ ᠭᠡᠷ᠎ᠲᠤ ᠠᠶᠠᠭ᠎ᠠ ᠤᠬᠢᠶᠠᠬᠤ᠂ ᠵᠢᠭ᠋ᠠᠰᠤ ᠠᠷᠢᠯᠭ᠋ᠠᠬᠤ ᠠᠵᠢᠯ ᠬᠢᠵᠦ ᠭᠡᠳᠦᠨ ᠵᠢᠯ᠎ᠢ ᠠᠷᠤ᠎ᠳᠤ᠎ᠪᠠᠨ ᠦᠳᠡᠭᠰᠡᠨ ᠶᠤᠮ᠃ ᠭᠡᠳᠡᠯ᠎ᠡ ᠰᠠᠨᠠᠭᠰᠠᠨ᠎ᠠᠴᠠ ᠭᠠᠳᠠᠭᠤᠷ ᠡᠭᠡᠴᠢ ᠵᠢᠨ ᠮᠢᠨᠢ ᠶᠡᠭᠡ ᠬᠦᠦ᠎ᠨᠢ ᠶᠡᠭᠡ ᠰᠤᠷᠭ᠋ᠠᠭᠤᠯᠢ᠎ᠳᠤ᠎ᠪᠠᠨ ᠬᠠᠷᠢᠨ ᠴᠢᠷᠮᠠᠢ᠌ᠵᠦ ᠰᠤᠷᠤᠯᠴᠠᠭᠰᠠᠨ ᠵᠶ᠋ᠠᠷ ᠠᠨᠠᠢ ᠪᠠᠢ᠌ᠵᠤ ᠰᠤᠷᠭ᠋ᠠᠭᠤᠯᠢ᠎ᠪᠠᠨ ᠲᠡᠬᠦᠰᠭᠡᠭᠡᠳ ᠭᠡᠳᠦᠨ ᠵᠢᠯ ᠠᠵᠢᠯ᠎ᠳᠤ ᠭᠠᠷᠤᠭᠰᠠᠨ ᠦᠭᠡᠢ᠂ ᠠᠮᠢᠳᠤᠷᠠᠯ ᠴᠤ᠌ ᠦᠭᠡᠢ᠂ ᠬᠠᠨᠢ ᠠᠮᠠᠷᠠᠭ ᠴᠤ᠌ ᠦᠭᠡᠢ᠃ ᠦᠭᠰᠦᠵᠦ ᠤᠷᠤᠭᠤᠳᠠᠬᠤ ᠠᠶᠠᠨ ᠵᠠᠮ᠂ ᠦᠭᠡᠳᠡᠯᠡᠵᠦ ᠪᠠᠭᠤᠷᠠᠬᠤ ᠬᠦᠮᠦᠨ᠎ᠤ ᠠᠮᠢᠳᠤᠷᠠᠯ ᠡ᠃ ᠶᠡᠭᠡ ᠡᠭᠡᠴᠢ ᠵᠢᠨ ᠮᠢᠨᠢ ᠲᠡᠩᠭᠡᠭᠡ ᠲᠠᠮᠢᠷ ᠴᠤ᠌ ᠤᠤᠯᠤᠨᠬᠢᠪᠠᠨ ᠬᠦᠷᠬᠦ᠎ᠪᠠᠨ ᠪᠣᠯᠢᠵᠦ᠂ ᠨᠠᠰᠤ ᠠᠬᠢᠭᠰᠠᠨ᠎ᠠᠴᠠ ᠬᠤᠳᠠ᠎ᠳᠤ ᠬᠦᠴᠦᠨ᠎ᠤ ᠠᠵᠢᠯ ᠬᠢᠬᠦ ᠵᠢᠨ ᠠᠷᠭ᠎ᠠ ᠦᠭᠡᠢ ᠪᠤᠯᠵᠠᠢ᠃ ᠶᠡᠭᠡ ᠡᠭᠡᠴᠢ ᠮᠢᠨᠢ ᠪᠠᠭ᠎ᠠ ᠬᠦᠦ ᠵᠢᠨ᠎ᠳᠤ᠎ᠪᠠᠨ ᠰᠠᠭᠤᠭᠰᠠᠨ ᠪᠣᠯᠪᠠᠴᠦ ᠶᠡᠭᠡ ᠬᠦᠦ ᠵᠢᠨ ᠵᠶ᠋ᠠᠨ ᠲᠦᠯᠦᠭᠡ ᠵᠤᠪᠠᠭᠰᠠᠭ᠋ᠠᠷ ᠪᠠᠢ᠌ᠵᠤ ᠤᠨᠳᠠᠵᠤ ᠢᠳᠡᠵᠦ ᠤᠷᠤᠬᠤ᠎ᠪᠠᠨ ᠪᠤᠯᠢᠭ᠋ᠠᠳ ᠭᠡᠪᠳᠡᠷᠢ᠎ᠳᠤ ᠤᠷᠤᠵᠤ ᠨᠠᠰᠤ ᠪᠠᠷᠠᠵᠠᠢ᠃
ᠠᠢ ᠳ᠋ᠠ᠂ ᠡᠭᠡᠴᠢ ᠮᠢᠨᠢ᠂ ᠠᠳᠠᠭ᠋ᠠᠳᠠᠨ ᠲᠠᠢ᠌ᠰᠤᠨ᠂ ᠠᠳᠠ ᠴᠢᠳᠬᠦᠷ᠎ᠤᠨ ᠠᠯᠢᠨ᠎ᠠᠴᠠ ᠴᠤ᠌ ᠠᠶᠤᠳᠠᠭ ᠦᠭᠡᠢ ᠪᠠᠭ᠋ᠠᠳᠤᠷ ᠡᠭᠡᠴᠢ ᠮᠢᠨᠢ᠃ ᠠᠪᠤ ᠡᠵᠢ ᠬᠠᠢ᠌ᠷᠠᠳᠤ ᠬᠦᠮᠦᠰ᠎ᠤᠨ ᠵᠶ᠋ᠠᠨ ᠰᠡᠳᠬᠢᠯ᠎ᠢ ᠵᠤᠪᠠᠭ᠋ᠠᠬᠤᠠᠴᠠᠪᠠᠨ ᠬᠠᠷᠢᠨ ᠦᠬᠦᠳᠡᠯ᠎ᠡ ᠠᠶᠤᠳᠠᠭ᠃ ᠠᠩᠭ᠎ᠠ ᠦᠷ᠎ᠡ᠎ᠪᠠᠨ ᠠᠮᠢᠳᠤᠷᠠᠯ᠎ᠤᠨ ᠵᠠᠮ᠎ᠳᠤ ᠲᠤᠷᠴᠤ ᠪᠦᠳᠦᠷᠢᠬᠦ᠎ᠠᠴᠠ ᠦᠬᠦᠳᠡᠯ᠎ᠡ ᠠᠶᠤᠳᠠᠭ ᠡᠭᠡᠴᠢ ᠮᠢᠨᠢ ᠃ ᠬᠤᠤᠷᠳᠠᠨ ᠲᠠᠢ᠌ᠰᠤᠨᠠᠴᠠ ᠠᠶᠤᠳᠠᠭ ᠦᠭᠡᠢ ᠵᠤᠷᠢᠭᠳᠤ ᠡᠭᠡᠴᠢ ᠮᠢᠨᠢ᠂ ᠬᠤᠩᠭᠤᠷ ᠦᠷ᠎ᠡ᠎ᠪᠠᠨ 《ᠬᠦᠮᠦᠨ ᠪᠤᠯᠵᠤ ᠲᠡᠢ᠌ᠯᠬᠦ ᠦᠭᠡᠢ》᠎ᠠᠴᠠ ᠦᠬᠦᠳᠡᠯ᠎ᠡ᠎ᠪᠠᠨ ᠠᠶᠤᠳᠠᠭᠢ ᠰᠡᠬᠦᠯ᠎ᠳᠤ ᠪᠢ ᠮᠡᠳᠡᠭᠰᠡᠨ ᠶᠤᠮ᠃ ᠬᠦᠬᠡᠷᠦᠬᠦᠢ ᠡᠭᠡᠴᠢ ᠮᠢᠨᠢ᠂ ᠬᠦᠮᠦᠨ᠎ᠤ ᠠᠮᠢᠳᠤᠷᠠᠯ᠎ᠤᠨ ᠪᠠᠶᠠᠷ ᠵᠢᠷᠭ᠋ᠠᠯ᠎ᠢ ᠬᠦᠷᠳᠡᠵᠦ ᠭᠡᠳᠦᠢ᠌ᠭᠡᠨ ᠴᠢᠳᠠᠪᠠ ᠳ᠋ᠠ? ᠦᠷ᠎ᠡ ᠵᠢᠨ ᠵᠶ᠋ᠠᠨ ᠲᠦᠯᠦᠭᠡ ᠠᠮᠢᠳᠤᠷᠠᠵᠤ ᠦᠷ᠎ᠡ ᠵᠢᠨ ᠵᠶ᠋ᠠᠨ ᠲᠦᠯᠦᠭᠡ ᠦᠬᠦᠭᠰᠡᠨ! ᠬᠤᠩᠭᠤᠷᠬᠠᠨ ᠡᠭᠡᠴᠢ ᠮᠢᠨᠢ ᠳ᠋ᠠ᠃
ᠵᠣᠬᠢᠶᠠᠭᠴᠢ ᠵᠢᠨ ᠬᠠᠶᠢᠭ᠄ ᠦᠪᠦᠷ ᠮᠣᠩᠭᠣᠯ᠎ᠤᠨ ᠨᠡᠢ᠌ᠭᠡᠮ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ