ᠭᠠᠵᠠᠷ ᠤᠨ ᠨᠡᠷ᠎ᠡ ᠶᠢᠨ ᠨᠣᠲᠠᠯᠠᠯᠲᠠ᠄ ᠠᠪᠤ ᠠᠭᠤᠯᠠ
ᠨᠡᠶᠢᠲᠡᠯᠡᠭᠰᠡᠨ ᠴᠠᠭ᠄
2021/10/9
 ᠭᠠᠵᠠᠷ ᠤᠨ ᠨᠡᠷ᠎ᠡ ᠶᠢᠨ ᠨᠣᠲᠠᠯᠠᠯᠲᠠ᠄ ᠠᠪᠤ ᠠᠭᠤᠯᠠ                                     ᠴᠦ᠋ ᠢ ᠵᠤᠬᠢᠶᠠᠪᠠ                                                                          ᠠᠪᠤ ᠠᠭᠤᠯᠠ ᠪᠣᠯ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠣᠨ ᠡᠮᠦᠨᠡᠲᠦ ᠬᠤᠰᠢᠭᠤᠨ ᠤ ᠲᠣᠬᠤᠮ ᠰᠤᠮᠤ  ᠪᠠ ᠲᠦᠴᠢᠦᠸᠠᠨ ᠰᠢᠶᠠᠨ  ᠤ ᠬᠢᠵᠠᠭᠠᠷ ᠤᠨ ᠠᠭᠤᠯᠵᠠᠷ ᠲᠤ ᠪᠠᠶᠢᠷᠢᠯᠠᠵᠤ ᠪᠠᠶᠢᠳᠠᠭ᠃ ᠲᠣᠰ ᠠᠭᠤᠯᠠ ᠨᠢ ᠣᠯᠠᠨ ᠪᠠᠶᠢᠴᠠ ᠶᠢᠨ ᠵᠢᠯᠠᠭ᠎ᠠ ᠶᠢᠨ ᠵᠡᠭᠦᠨ᠂ ᠬᠠᠶᠢᠷ ᠤᠨ ᠵᠢᠯᠠᠭ᠎ᠠ ᠶᠢᠨ ᠡᠮᠦᠨ᠎ᠡ᠂ ᠠᠪᠤ ᠠᠭᠤᠯᠠ ᠶᠢᠨ ᠬᠥᠨᠳᠡᠢ ᠶᠢᠨ ᠬᠤᠶᠢᠨ᠎ᠠ  ᠂ ᠴᠠᠭᠠᠨᠴᠢᠯᠠᠭᠤᠲᠦ ᠶᠢᠨ ᠵᠢᠯᠠᠭ᠎ᠠ ᠶᠢᠨ ᠪᠠᠷᠠᠭᠤᠨ ᠪᠡᠶ᠎ᠡ ᠪᠠᠷ ᠪᠠᠶᠢᠷᠢᠯᠠᠵᠤ ᠪᠠᠶᠢᠳᠠᠭ᠃ ᠳᠠᠯᠠᠢ ᠶᠢᠨ ᠲᠥᠪᠰᠢᠨ  ᠠᠴᠠ1392.1 ᠮᠧᠲᠷ ᠡᠷᠭᠦᠭᠳᠡᠵᠦ᠂  ᠭᠠᠵᠠᠷ ᠤᠨ ᠪᠠᠶᠢᠴᠠ ᠨᠢ ᠵᠡᠭᠦᠨ ᠤᠷᠳᠤᠷᠢᠭ ᠤᠨ 120°56′15"᠂  ᠤᠮᠠᠷᠠᠲᠤ ᠦᠷᠭᠡᠷᠢᠭ ᠤᠨ 45°56′32" ᠲᠤ ᠣᠷᠣᠰᠢᠵᠤ ᠪᠠᠶᠢᠳᠠᠭ᠃    ᠯᠣᠣ ᠲᠸᠦ ᠱᠠᠨ   ︵老头山︶ ᠪᠣᠯ ᠬᠢᠲᠠᠳ ᠬᠡᠯᠡᠨ ᠳᠡᠭᠡᠷ᠎ᠡ ᠤᠳᠬᠠᠴᠢᠯᠠᠨ‌ᠣᠷᠴᠢᠭᠤᠯᠣᠭᠰᠠᠨ ᠳᠠᠭᠤᠳᠠᠯᠭ᠎ᠠ ᠪᠣᠯᠣᠨ᠎ᠠ᠂ ᠠᠪᠤ ᠰᠢᠭ᠋ ᠠᠭᠤᠯᠠ ᠭᠡᠳᠡᠭ ᠤᠳᠬ᠎ᠠ ᠲᠠᠢ᠃ ᠲᠤᠬᠠᠢ  ᠶᠢᠨ ᠭᠠᠵᠠᠷ ᠤᠨ ᠮᠣᠩᠭᠤᠯᠴᠣᠳ  ᠯᠣᠣ ᠲᠸᠦ ᠱᠠᠨ ︵ 老头山︶   ᠠᠭᠤᠯᠠ ᠶᠢ  ᠠᠪᠤ ᠠᠭᠤᠯᠠ ᠭᠡᠵᠦ ᠨᠡᠷᠡᠯᠡᠭᠰᠡᠭᠡᠷ ᠢᠷᠡᠵᠡᠢ᠃    ᠯᠣᠣ ᠲᠸᠦ ᠱᠠᠨ   ︵老头山︶ ᠭᠡᠳᠡᠭ ᠨᠡᠷᠡᠶᠢᠳᠦᠯ ᠨᠢ ᠲᠤᠬᠠᠢ ᠶᠢᠨ ᠭᠠᠵᠠᠷ ᠣᠷᠣᠨ ᠤ ᠬᠦᠮᠦᠰ ᠤᠨ ᠳᠠᠭᠤᠳᠠᠯᠭ᠎ᠠ ᠶᠢ ᠭᠠᠯᠢᠭᠯᠠᠨ ᠪᠠᠭᠤᠯᠭᠠᠭᠰᠠᠨ ᠪᠢᠰᠢ᠂ ᠬᠢᠲᠠᠳ ᠬᠡᠯᠡᠨ ᠳᠡᠭᠡᠷ᠎ᠡ ᠣᠷᠴᠢᠭᠤᠯᠣᠨ ᠪᠠᠭᠤᠯᠭᠠᠭᠰᠠᠨ ᠠᠴᠠ ᠪᠣᠯᠵᠤ  ᠂ ᠭᠠᠵᠠᠷ ᠤᠨ ᠨᠡᠷ᠎ᠡ ᠶᠢᠨ ᠣᠣᠯ ᠤᠳᠬ᠎ᠠ ᠪᠠ ᠲᠡᠭᠦᠨ ᠳᠤ  ᠠᠭᠤᠯᠤᠭᠳᠠᠬᠤ ᠰᠢᠲᠦᠯᠭᠡ ᠪᠢᠰᠢᠷᠡᠯ ᠤᠨ ᠤᠬᠠᠮᠰᠠᠷ ᠢ ᠵᠥᠪ ᠣᠨᠣᠪᠴᠢᠲᠠᠢ ᠢᠯᠡᠷᠡᠭᠦᠯᠵᠤ ᠴᠢᠳᠠᠬᠤ ᠦᠭᠡᠢ ᠪᠠᠶᠢᠨ᠎ᠠ᠃ ᠲᠣᠰ ᠭᠠᠵᠠᠷ ᠤᠨ  ᠨᠠᠷ᠎ᠡ ᠶᠢᠨ ᠳᠠᠭᠤᠳᠠᠯᠭ᠎ᠠ ᠳᠤ ᠪᠠᠰᠠ ᠬᠢᠲᠠᠳ ᠮᠣᠩᠭᠤᠯ ᠬᠡᠯᠡ ᠶᠢ ᠬᠤᠯᠢᠵᠤ ᠬᠡᠷᠡᠭᠯᠡᠵᠦ ᠪᠠᠶᠢᠭ᠎ᠠ ᠪᠠᠶᠢᠳᠠᠯ ᠣᠷᠣᠰᠢᠵᠤ ᠪᠠᠶᠢᠨ᠎ᠠ  ᠂ ᠡᠶᠢᠮᠦ ᠠᠴᠠ ᠲᠣᠰ ᠭᠠᠵᠠᠷ ᠤᠨ  ᠨᠡᠷ᠎ᠡ ᠪᠣᠯ ᠠᠰᠠᠭᠤᠳᠠᠯ ᠲᠠᠢ ᠭᠠᠵᠠᠷ ᠤᠨ ᠨᠡᠷ᠎ᠡ ᠪᠠᠶᠢᠵᠤ ᠴᠢᠨᠠᠭᠰᠢᠲᠠ ᠲᠥᠷᠢᠮᠵᠢᠭᠦᠯᠦᠨ ᠪᠢᠴᠢᠬᠦ  ᠴᠢᠬᠤᠯᠠ ᠲᠠᠢ  ᠪᠣᠯᠵᠠᠢ᠃            ᠳᠥᠷᠢᠮᠵᠢᠭᠦᠯᠦᠨ ᠪᠢᠴᠢᠬᠦ ᠰᠠᠨᠠᠭᠠᠣᠯᠭ᠎ᠠ᠄   ᠯᠣᠣ ᠲᠸᠦ ᠱᠠᠨ   ︵老头山︶  ︵ᠠᠪᠤ ᠠᠭᠤᠯᠠ︶ ᠭᠡᠳᠡᠭ ᠭᠠᠵᠠᠷ ᠤᠨ ᠨᠡᠷ᠎ᠡ ᠨᠢ  ᠲᠡᠦᠬᠡ ᠶᠢᠨ ᠠᠳᠠᠯᠢ ᠪᠤᠰᠤ ᠴᠠᠭ ᠦᠶ᠎ᠡ ᠳᠤ  ᠠᠳᠠᠯᠢ ᠪᠤᠰᠤ ᠪᠠᠷ ᠲᠡᠮᠳᠡᠭᠯᠡᠭᠳᠡᠵᠦ ᠢᠷᠡᠪᠡ᠃ ᠳᠠᠷᠤᠢ“艾吉喇克山”(“ ᠠᠵᠢᠷᠭᠠᠨ ᠠᠭᠤᠯᠠ”)“老頭山”( ᠠᠪᠤ ᠠᠭᠤᠯᠠ)“老头山” ᠠᠪᠤ ᠠᠭᠤᠯᠠ︶“滕格日大坝”( ᠲᠡᠭᠷᠢ ᠳᠠᠪᠠᠭ᠎ᠠ”)“阿巴哈喇”( ᠠᠪᠤ ᠬᠠᠷ᠎ᠠ)᠂摩天岭 ︵ᠮᠥᠸᠧ ᠲᠢᠶᠠᠨ ᠯᠢᠩ︶ ᠭᠡᠬᠦ ᠮᠡᠲᠦ ᠪᠠᠷ ᠨᠡᠷᠡᠶᠢᠳᠦᠵᠦ ᠥᠩᠭᠡᠷᠡᠪᠡ᠃      ⒈  ︽ᠪᠠᠳᠠᠷᠠᠭᠤᠯᠲᠦ  ᠲᠥᠷᠥ ᠶᠢᠨ ᠭᠤᠴᠢᠨ ᠭᠤᠷᠪᠠᠳᠤᠭᠠᠷ ᠣᠨ ᠤ ᠡᠪᠣᠯ ᠤᠨ ᠳᠤᠮᠳᠠᠳᠦ ᠰᠠᠷ᠎ᠠ ᠶᠢᠨ ᠬᠤᠷᠢᠨ ᠨᠢᠭᠡᠨ᠎ᠡ︾ ︵1907 ᠣᠨ︶ ᠳᠤ ᠵᠢᠷᠤᠭᠰᠠᠨ ᠭᠠᠵᠠᠷ ᠤᠨ ᠵᠢᠷᠤᠭ ᠳᠡᠭᠡᠷ᠎ᠡ“艾吉喇克山”(“ ᠠᠵᠢᠷᠭᠠᠨ ᠠᠭᠤᠯᠠ”) ᠭᠡᠵᠦ ᠲᠡᠮᠳᠡᠭᠯᠡᠵᠦ ᠪᠠᠶᠢᠳᠠᠭ᠃ ᠳᠠᠷᠤᠢ  ︽ᠳᠡᠯ ᠢᠶᠠᠨ ᠪᠣᠰᠬᠠᠨ ᠳᠠᠪᠬᠢᠵᠤ ᠪᠠᠶᠢᠭ᠎ᠠ ᠬᠠᠷ᠎ᠠ ᠠᠵᠢᠷᠭ᠎ᠠ ᠰᠢᠭ᠋ ᠭᠡᠳᠡᠭ ᠳᠦᠷᠰᠦᠯᠡᠭᠰᠡᠨ ᠬᠡᠯᠡᠯᠭᠡ ᠠᠴᠠ ᠢᠷᠡᠯᠲᠡᠢ ᠨᠡᠷᠡᠶᠢᠳᠦᠯ︾ ᠪᠣᠯᠣᠨ᠎ᠠ᠃ ᠠᠪᠤ ᠠᠭᠤᠯᠠ ᠨᠢ ᠮᠠᠨ ᠤ ᠬᠤᠰᠢᠭᠤᠨ ᠤ ᠪᠠᠷᠠᠭᠤᠨ ᠡᠮᠦᠨᠡᠭᠦᠷ ᠰᠢᠭ ᠪᠠᠶᠢᠷᠢᠯᠠᠵᠤ ᠪᠠᠶᠢᠳᠠᠭ ᠲᠤᠯᠠ ᠦᠳᠡ ᠶᠢᠨ ᠡᠮᠦᠨ᠎ᠡ ᠠᠭᠤᠯᠠ ᠶᠢ ᠬᠤᠶᠢᠨ᠎ᠠ ᠠᠴᠠ ᠨᠢ ᠬᠠᠷᠠᠪᠠᠯ ᠬᠠᠷ᠎ᠠ ᠥᠩᠭᠡᠲᠡᠢ ᠰᠡᠬᠦᠶᠢᠨ ᠰᠦᠨᠳᠡᠷᠡᠯᠵᠦ ᠬᠠᠷᠠᠭᠳᠠᠳᠠᠭ᠃ ᠠᠭᠤᠯᠠ ᠶᠢᠨ ᠣᠷᠣᠢ ᠳᠡᠭᠡᠷ᠎ᠡ ᠭᠠᠷᠴᠤ ᠠᠵᠢᠭᠯᠠᠪᠠᠯ ᠠᠭᠤᠯᠠ ᠶᠢᠨ  ᠣᠷᠣᠢ ᠪᠠᠷ ᠳᠥᠷᠪᠡᠯᠵᠢᠨ ᠪᠠᠭᠠᠨ᠎ᠠ ᠰᠢᠭ᠋ ᠬᠠᠳᠠ ᠨᠤᠭᠤᠳ ᠡᠭᠴᠡᠯᠡᠨ ᠪᠣᠰᠴᠦ ᠠᠷᠪᠠ ᠬᠤᠷᠢᠨ ᠮᠧᠲᠷ ᠦᠨᠳᠦᠷ ᠪᠠᠷᠢᠭᠰᠠᠨ  ᠬᠡᠷᠡᠮ ᠰᠢᠭ ᠬᠠᠷᠠᠭᠳᠠᠳᠠᠭ ᠪᠢᠯᠡ ᠃  ᠡᠶᠢᠮᠦᠷᠬᠦᠦ ᠪᠠᠭᠠᠨᠠᠴᠢᠷ ᠬᠠᠳᠠ ᠨᠢ ᠠᠭᠤᠯᠠ ᠶᠢᠨ ᠣᠷᠣᠢ ᠶᠢᠨ   ᠪᠠᠷᠠᠭᠤᠨ ᠠᠴᠠ ᠵᠡᠭᠦᠨ ᠤᠷᠤᠭᠰᠢ ᠬᠡᠳᠦᠨ ᠭᠠᠵᠠᠷ ᠰᠣᠨᠣᠨ ᠥᠷᠭᠦᠯᠵᠢᠯᠡᠵᠦ᠂ ᠬᠦᠮᠦᠨ ᠠᠮᠢᠲᠠᠨ ᠬᠦᠷᠴᠦ ᠴᠢᠳᠠᠰᠢ ᠦᠭᠡᠢ ᠬᠡᠮᠡᠷ ᠡᠭᠴᠡ  ᠣᠷᠭᠢᠯ ᠪᠣᠯᠵᠤ ᠰᠡᠬᠦᠶᠢᠨ ᠰᠣᠨᠣᠯᠵᠠᠭᠰᠠᠭᠠᠷ ᠪᠠᠶᠢᠳᠠᠭ᠃ ᠲᠡᠭᠦᠨ  ᠤ ᠪᠦᠬᠦᠶᠢᠯᠠ ᠳᠦᠷᠰᠦ ᠪᠠᠶᠢᠳᠠᠯ ᠨᠢ ᠦᠨᠡᠬᠡᠷ ᠳᠡᠯ ᠰᠡᠭᠦᠯ ᠢᠶᠠᠨ ᠪᠣᠰᠬᠠᠨ ᠣᠩᠭᠤᠳᠯᠠᠨ ᠳᠠᠪᠬᠢᠵᠤ ᠪᠠᠶᠢᠭ᠎ᠠ ᠬᠠᠷ᠎ᠠ ᠠᠵᠢᠷᠭ᠎ᠠ  ᠰᠢᠭ᠋ ᠪᠣᠯᠬᠤᠷ ᠡᠷᠲᠡᠨ ᠤ ᠬᠦᠮᠦᠰ ᠲᠡᠭᠡᠵᠦ ᠨᠡᠷᠡᠯᠡᠭᠰᠡᠨ ᠶᠤᠮ᠃ ᠠᠭᠤᠯᠠᠨ ᠡᠮᠦᠨ᠎ᠡ ᠲᠠᠯ᠎ᠠ ᠳᠤ  ᠠᠮᠢᠳᠤᠷᠠᠳᠠᠭ ᠲᠦᠴᠢᠦᠸᠠᠨ ᠰᠢᠶᠠᠨ ᠤ ᠬᠢᠲᠠᠳ ᠬᠦᠮᠦᠰ ᠲᠣᠰ ᠬᠠᠳᠠ ᠨᠤᠭᠤᠳ ᠢ “长城岭”ᠤᠷᠲᠤ ᠬᠡᠷᠡᠮ ᠤᠨ ᠳᠠᠪᠠᠭ᠎ᠠ ᠭᠡᠳᠡᠭ᠃      ⒉ ︽ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠬᠢᠵᠠᠭᠠᠷ ᠤᠨ ᠵᠢᠷᠤᠭ︾ ︵《科爾沁右翼前旗管境地图》︶(1939年) ᠲᠤ ᠠᠪᠤ ᠠᠭᠤᠯᠠ ᠶᠢ“老頭山”ᠭᠡᠵᠦ ᠲᠡᠮᠳᠡᠭᠯᠡᠵᠦ ᠪᠠᠶᠢᠳᠠᠭ  ᠃      ⒊ᠵᠠᠩ ᠮᠦ ᠶᠢᠨ ᠵᠣᠬᠢᠶᠠᠭᠰᠠᠨ ︽ᠮᠣᠩᠭᠤᠯ ᠳᠤ ᠵᠢᠭᠤᠯᠠᠴᠢᠯᠠᠭᠰᠠᠨ ᠲᠡᠮᠳᠡᠭᠯᠡᠯ︾ ᠳᠤ ᠳᠡᠮᠳᠡᠭᠯᠡᠭᠰᠡᠨ ᠢᠶᠠᠷ᠄ ︽“旗東北百七十里有黑山蒙古名阿巴哈喇” ︵ᠬᠤᠰᠢᠭᠤᠨ ᠤ ᠵᠡᠭᠦᠨ ᠬᠤᠶᠢᠨ᠎ᠠ ᠵᠠᠭᠤ ᠳᠠᠯᠠᠨ ᠭᠠᠵᠠᠷ ᠲᠤ ᠨᠢᠭᠡ ᠬᠠᠷ᠎ᠠ  ᠠᠭᠤᠯᠠ ᠪᠠᠶᠢᠵᠤ ᠮᠣᠩᠭᠤᠯ ᠨᠡᠷ᠎ᠡ ᠨᠢ ᠠᠪᠤ ᠬᠠᠷ᠎ᠠ ᠭᠡᠳᠡᠭ︶︾ᠭᠡᠵᠡᠢ᠃    ⒋ᠪᠠᠢ ᠳ᠋ᠦ᠋(百度) ᠠᠴᠠ ᠬᠠᠶᠢᠵᠤ ᠣᠯᠣᠭᠰᠠᠨ ᠭᠠᠵᠠᠷ ᠤᠨ ᠵᠢᠷᠤᠭ ᠪᠠ  ︽ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠭᠠᠵᠠᠷ ᠤᠨ  ᠵᠢᠷᠤᠭ︾ ︵1980 ᠣᠨ︶ ᠤᠨ   ᠵᠢᠷᠤᠭ ᠲᠤ ᠠᠪᠤ ᠠᠭᠤᠯᠠ ᠶᠢ ᠴᠥᠮ “老头山” ᠭᠡᠵᠦ ᠲᠡᠮᠳᠡᠭᠯᠡᠭᠰᠡᠨ ᠪᠠᠶᠢᠳᠠᠭ᠃    ᠪᠠᠶᠢᠭᠠᠯᠢ ᠰᠢᠲᠦᠯᠭᠡ ᠪᠣᠯ ᠮᠣᠩᠭᠤᠯᠴᠣᠳ ᠤᠨ ᠤᠵᠠᠭᠤᠷ ᠰᠢᠲᠦᠯᠭᠡ ᠪᠠᠶᠢᠵᠤ᠂  ᠲᠦᠮᠡᠨ ᠪᠣᠳᠠᠰ ᠢ ᠰᠦᠭ ᠰᠦᠨᠡᠰᠦ ᠲᠠᠢ ᠭᠡᠮᠡᠨ  ᠰᠦᠰᠦᠭᠯᠡᠨ ᠰᠢᠲᠦᠳᠡᠭ ᠪᠠᠶᠢᠭᠰᠠᠨ  ᠪᠥᠭᠡ ᠮᠥᠷᠭᠦᠯ ᠤᠨ ᠰᠢᠲᠦᠯᠭᠡ ᠠᠴᠠ ᠤᠯᠪᠠᠭ᠎ᠠ ᠲᠠᠢ  ᠶᠤᠮ᠃  ᠮᠣᠩᠭᠤᠯᠴᠣᠳ  ᠶᠡᠷᠦ ᠨᠢ ᠠᠭᠤᠯᠠ ᠬᠠᠶᠢᠷᠬᠠᠨ ᠢᠶᠠᠨ ᠠᠪᠤ  ᠭᠡᠵᠦ  ᠂ ᠣᠰᠤ  ᠪᠤᠯᠠᠭ ᠢᠶᠠᠨ ᠷᠠᠰᠢᠶᠠᠨ ᠭᠡᠮᠡᠨ ᠬᠦᠨᠳᠦᠯᠡᠨ ᠳᠠᠭᠤᠳᠠᠳᠠᠭ ᠤᠯᠠᠮᠵᠢᠯᠠᠯ ᠲᠠᠢ ᠪᠠᠶᠢᠳᠠᠭ ᠰᠠᠨ᠃ ᠡᠨᠡ ᠨᠢ  ᠬᠥᠬᠡ ᠮᠥᠩᠬᠡ ᠲᠡᠭᠷᠢ ᠬᠦᠷᠦᠰᠦᠲᠦ ᠡᠲᠦᠭᠡᠨ ᠭᠠᠵᠠᠷ ᠣᠰᠣᠨ ᠢᠶᠠᠨ ᠰᠢᠲᠦᠨ ᠪᠢᠰᠢᠷᠡᠵᠦ ᠰᠦᠰᠦᠭᠯᠡᠨ ᠲᠠᠬᠢᠳᠠᠭ ᠰᠢᠲᠦᠯᠭᠡ  ᠪᠢᠰᠢᠷᠡᠯ ᠤᠨ  ᠵᠠᠩ  ᠰᠡᠳᠬᠢᠯᠭᠡᠨ ᠲᠠᠢ ᠬᠤᠯᠪᠣᠭ᠎ᠠ ᠲᠠᠢ ᠶᠤᠮ᠃   ᠡᠶᠢᠮᠦ ᠠᠴᠠ ᠠᠪᠤ ᠠᠭᠤᠯᠠ ᠭᠡᠳᠡᠭ ᠢ  ᠯᠣᠣ ᠲᠸᠦ ᠱᠠᠨ ︵老头山︶ ᠭᠡᠵᠦ ᠳᠠᠭᠤᠳᠠᠬᠤ  ᠦᠶ᠎ᠡ ᠳᠤ ᠲᠡᠷᠡ ᠨᠢ ᠡᠪᠦᠭᠡᠨ ᠠᠭᠤᠯᠠ ᠭᠡᠳᠡᠭ ᠤᠳᠬ᠎ᠠ ᠲᠠᠢ ᠪᠣᠯᠵᠤ᠂ ᠠᠭᠤᠯᠠ  ᠤᠰᠤ ᠪᠠᠨ ᠠᠪᠤ  ᠰᠢᠭ᠋ ᠭᠡᠮᠡᠨ ᠬᠦᠨᠳᠦᠯᠡᠨ ᠰᠢᠲᠦᠭᠳᠡᠳᠡᠭ  ᠰᠢᠲᠦᠯᠭᠡ  ᠪᠢᠰᠢᠷᠡᠯ ᠤᠨ ᠰᠡᠳᠬᠢᠯᠭᠡᠨ ᠨᠢ ᠬᠠᠶᠠᠭᠳᠠᠵᠤ ᠠᠯᠠᠭ᠎ᠠ ᠪᠣᠯᠳᠠᠭ᠃     ᠯᠣᠣ ᠲᠸᠦ ᠱᠠᠨ ︵老头山︶ ︵ᠠᠪᠤ ᠠᠭᠤᠯᠠ︶  ᠭᠡᠳᠡᠭ ᠬᠤᠶᠠᠷ ᠨᠡᠷᠡᠶᠢᠳᠦᠯ ᠢᠶᠠᠷ ᠳᠡᠮᠳᠡᠭᠯᠡᠵᠦ ᠪᠠᠶᠢᠭ᠎ᠠ ᠨᠢ ᠬᠢᠲᠠᠳ ᠮᠣᠩᠭᠤᠯ ᠬᠡᠯᠡ ᠶᠢ ᠬᠤᠯᠢᠮᠠᠭ ᠬᠡᠷᠡᠭᠯᠡᠵᠦ ᠪᠠᠶᠢᠭ᠎ᠠ ᠶᠢᠨ ᠨᠡᠶᠢᠲᠡᠯᠢᠭ ᠵᠢᠱᠢᠶ᠎ᠡ ᠪᠣᠯᠣᠨ᠎ᠠ᠃ ᠡᠶᠢᠮᠦ ᠠᠴᠠ ᠲᠡᠦᠬᠡ ᠪᠠ ᠵᠠᠩ ᠵᠠᠩᠰᠢᠯ ᠢ ᠬᠦᠨᠳᠦᠳᠭᠡᠵᠦ᠂ ᠲᠤᠬᠠᠢ ᠶᠢᠨ ᠭᠠᠵᠠᠷ ᠤᠨ ᠠᠷᠠᠳ ᠲᠦᠮᠡᠨ ᠤ ᠰᠢᠲᠦᠯᠭᠡ ᠪᠢᠰᠢᠷᠡᠯ ᠤᠨ ᠤᠬᠠᠮᠰᠠᠷ ᠢ ᠬᠠᠮᠠᠭᠠᠯᠠᠨ᠂ ᠨᠤᠲᠤᠭ ᠤᠨ ᠬᠦᠮᠦᠰ ᠤᠨ ᠣᠯᠠᠨ ᠵᠢᠯ ᠲᠡᠦᠬᠡᠨ ᠶᠠᠪᠤᠴᠠ ᠳᠤ ᠳᠠᠭᠤᠳᠠᠵᠤ ᠪᠠᠶᠢᠭ᠎ᠠ ᠠᠪᠤ ᠠᠭᠤᠯᠠ ᠭᠡᠳᠡᠭ ᠨᠡᠷ᠎ᠡ ᠶᠢ ᠵᠥᠪ ᠠᠪᠢᠶᠠᠯᠠᠨ ᠲᠡᠮᠳᠡᠭᠯᠡᠵᠦ᠂  ᠦᠯᠡᠳᠡᠭᠡᠨ ᠬᠠᠳᠠᠭᠠᠯᠠᠬᠤ ᠨᠢ ᠵᠦᠢᠲᠡᠢ᠃      ⒌ᠣᠯᠣᠰ ᠤᠨ ᠬᠡᠮᠵᠢᠨ  ᠵᠢᠷᠤᠭᠯᠠᠬᠤ ᠲᠣᠪᠴᠢᠶᠠᠨ ᠤ ᠶᠡᠷᠦᠩᠬᠡᠢ  ᠱᠠᠲ᠋ᠣᠪ ᠤᠨ ᠬᠡᠯᠲᠡᠰ ᠤᠨ ᠨᠠᠶᠢᠷᠠᠭᠤᠯᠣᠨ ᠪᠢᠴᠢᠭᠰᠡᠨ ︽ᠳᠤᠮᠳᠠᠳᠦ ᠣᠯᠣᠰ ᠤᠨ ᠴᠥᠭᠡᠨ ᠲᠣᠭᠠᠲᠦ ᠦᠨᠳᠦᠰᠦᠲᠡᠨ ᠤ ᠭᠠᠵᠠᠷ ᠤᠨ ᠨᠡᠷᠡᠰ ᠤᠨ ᠮᠣᠩᠭᠤᠯ ᠠᠪᠢᠶᠠᠯᠯᠠᠯᠭ᠎ᠠ ᠶᠢᠨ ᠭᠠᠷ ᠳᠡᠪᠲᠡᠷ︾ ︵1986 ᠣᠨ︶  ᠳᠤ ᠲᠡᠮᠳᠡᠭᠯᠡᠭᠰᠡᠨ ᠢᠶᠠᠷ ᠮᠣᠩᠭᠤᠯ ᠬᠡᠯᠡᠨ ᠤ ᠠᠪᠤ ᠭᠡᠳᠡᠭ ᠦᠭᠡ ᠶᠢ aab ᠭᠡᠵᠦ ᠭᠠᠯᠢᠭᠯᠠᠨ  ᠬᠢᠲᠠᠳ ᠢᠶᠠᠷ“阿布” ᠭᠡᠵᠦ ᠤᠩᠰᠢᠯᠭ᠎ᠠ ᠪᠠᠷ ᠨᠢ ᠭᠠᠯᠢᠭᠯᠠᠨ ᠲᠡᠮᠳᠡᠭᠯᠡᠭᠰᠡᠨ ᠪᠠᠶᠢᠳᠠᠭ᠃ ᠭᠡᠬᠦ  ᠳᠤ ᠪᠠᠨ ᠮᠣᠩᠭᠤᠯᠴᠣᠳ ᠤᠨ ᠠᠮᠠᠨ ᠶᠠᠷᠢᠶᠠᠨ  ᠳᠤ ᠠᠪᠤ ᠭᠡᠳᠡᠭ ᠢ“阿爸” ᠭᠡᠵᠦ ᠠᠪᠢᠶᠠᠯᠠᠨ ᠬᠡᠯᠡᠬᠦ ᠨᠢ ᠣᠯᠠᠨ ᠪᠠᠶᠢᠵᠤ᠂“阿布” ᠭᠡᠳᠡᠭ ᠠᠪᠢᠶ᠎ᠠ ᠶᠢ ᠬᠡᠷᠡᠭᠯᠡᠳᠡᠭ ᠦᠭᠡᠢ᠃       ᠳᠡᠭᠡᠷᠡᠬᠢ ᠡᠯ᠎ᠡ ᠪᠠᠷᠢᠮᠲᠠ ᠠᠴᠠ ᠦᠵᠡᠪᠡᠯ ᠲᠣᠰ ᠭᠠᠵᠠᠷ ᠤᠨ ᠨᠡᠷ᠎ᠡ  ᠳᠤ ᠬᠢ ᠠᠪᠤ ᠭᠡᠳᠡᠭ ᠢ ᠵᠠᠩ ᠮᠦ ᠶᠢᠨ ᠲᠡᠮᠳᠡᠭᠯᠡᠭᠰᠡᠨ  ᠄ “旗東北百七十里有黑山蒙古名阿巴哈喇” ᠭᠡᠳᠡᠭ  ᠲᠤ ᠬᠢ “阿巴” ᠭᠡᠳᠡᠭ ᠢ ᠪᠠᠷᠢᠮᠲᠠᠯᠠᠨ ᠬᠡᠷᠡᠭᠯᠡᠪᠡᠯ ᠨᠡᠩ ᠣᠨᠣᠪᠴᠢᠲᠠᠢ ᠪᠣᠯᠣᠨ᠎ᠠ᠃ ᠡᠶᠢᠮᠦ ᠠᠴᠠ  ᠯᠣᠣ ᠲᠸᠦ ᠱᠠᠨ ︵老头山︶  ︵ ᠠᠪᠤ ᠠᠭᠤᠯᠠ︶ ᠭᠡᠳᠡᠭ ᠢ“阿巴乌拉”(“ ᠠᠪᠤ ᠠᠭᠤᠯᠠ”“Aab uula”) ᠭᠡᠵᠦ ᠲᠡᠮᠳᠡᠭᠯᠡᠪᠡᠯ ᠵᠦᠢᠲᠡᠢ  ᠃          ᠬᠤᠯᠪᠤᠭᠳᠠᠯ ᠪᠦᠬᠦᠢ ᠦᠯᠢᠭᠡᠷ  ᠳᠣᠮᠤᠭ᠄            ᠳᠣᠮᠤᠭ  ︵ᠨᠢᠭᠡ︶     ᠠᠪᠤ ᠠᠭᠤᠯᠠ ︵老头山︶  ᠪᠣᠯ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠣᠨ ᠡᠮᠦᠨᠡᠲᠦ ᠬᠤᠰᠢᠭᠤᠨ ᠤ ᠲᠣᠬᠤᠮ ᠰᠤᠮᠤ ᠶᠢᠨ ᠬᠢᠵᠠᠭᠠᠷ ᠲᠤ ᠪᠠᠶᠢᠷᠢᠯᠠᠵᠤ ᠪᠠᠶᠢᠳᠠᠭ᠃ ᠣᠣᠯ ᠨᠡᠷ᠎ᠡ ᠨᠢ ᠠᠪᠤ ᠠᠭᠤᠯᠠ ᠭᠡᠳᠡᠭ᠃ ᠳᠣᠮᠤᠭ ᠶᠠᠷᠢᠶ᠎ᠠ ᠶᠢ ᠦᠨᠳᠦᠰᠦᠯᠡᠪᠡᠯ᠂ ᠡᠷᠲᠡ ᠤᠷᠢᠳᠦ ᠶᠢᠨ ᠴᠠᠭ ᠲᠤ ᠨᠢᠭᠡ ᠵᠠᠯᠭᠠᠤ  ᠪᠠᠷᠠᠭᠤᠨ‌ᠦᠵᠦᠮᠦᠴᠢᠨ ᠬᠤᠰᠢᠭᠤᠨ ᠳᠤ ᠣᠴᠢᠵᠤ ᠨᠣᠲᠣᠭᠰᠢᠨ ᠠᠮᠢᠳᠤᠷᠠᠵᠠᠢ᠃ ᠲᠡᠷᠡ ᠵᠠᠯᠠᠭᠤ ᠠᠵᠢᠯᠴᠢ ᠠᠷᠪᠢᠴᠢ ᠪᠠᠶᠢᠭᠰᠠᠨ ᠲᠤᠯᠠ  ᠪᠠᠶᠠᠨ ᠲᠠᠩᠰᠤᠭ ᠠᠮᠢᠳᠤᠷᠠᠳᠠᠭ ᠪᠣᠯᠵᠠᠢ᠃ ᠣᠯᠠᠨ ᠵᠢᠯ ᠥᠩᠭᠡᠷᠡᠬᠦ ᠶᠢ ᠳᠠᠭᠠᠯᠳᠣᠨ ᠨᠣᠲᠤᠭ ᠢᠶᠠᠨ ᠰᠠᠨᠠᠬᠤ ᠰᠡᠳᠬᠢᠯ ᠨᠢ ᠳᠡᠪᠡᠷᠡᠵᠦ ᠥᠪᠡᠷ ᠤᠨ ᠲᠥᠷᠥᠯᠬᠢ ᠨᠤᠲᠤᠭ ᠵᠠᠰᠠᠭᠲᠤ ᠶᠢᠨ ᠬᠤᠰᠢᠭᠤᠨ  ᠳᠤ ᠪᠠᠨ ᠬᠠᠷᠢᠬᠤ ᠶᠢ ᠬᠦᠰᠡᠨ  ᠮᠥᠷᠥᠭᠡᠳᠬᠦ ᠪᠣᠯᠵᠠᠢ  ᠃ ᠭᠡᠪᠡᠴᠦ ᠦᠵᠦᠮᠦᠴᠢᠨ ᠸᠠᠩ ᠲᠡᠭᠦᠨ ᠢ ᠨᠤᠲᠤᠭ  ᠲᠤ ᠪᠠᠨ ᠬᠠᠷᠢᠬᠤ ᠶᠢ ᠵᠥᠪᠰᠢᠶᠡᠷᠡᠬᠦ ᠦᠭᠡᠢ ᠪᠠᠶᠢᠭᠰᠠᠨ ᠭᠡᠨ᠎ᠡ᠃ ᠲᠡᠭᠡᠭᠡᠳ ᠨᠢᠭᠡᠨ ᠰᠥᠨᠢ ᠲᠡᠷᠡ ᠪᠦᠰᠡᠭᠦᠢ ᠲᠠᠢ ᠪᠠᠨ ᠬᠤᠷᠳᠤᠨ  ᠮᠣᠷᠢᠨ ᠳᠤ ᠪᠠᠨ ᠮᠣᠷᠳᠠᠭᠠᠳ  ᠵᠠᠰᠠᠭᠲᠤ ᠶᠢᠨ ᠬᠤᠰᠢᠭᠤᠨ ᠵᠦᠭ ᠢᠶᠠᠨ ᠳᠠᠪᠬᠢᠨ ᠣᠳᠪᠠ᠂ ᠬᠠᠷᠠᠮᠰᠠᠯᠲᠠᠢ ᠨᠢ ᠦᠵᠦᠮᠦᠴᠢᠨ ᠸᠠᠩ ᠲᠡᠭᠦᠨ ᠤ ᠵᠢᠭᠤᠳᠠᠨ ᠶᠠᠪᠤᠬᠤ ᠰᠤᠷᠠᠭ ᠢ ᠣᠯᠵᠤ ᠴᠡᠷᠢᠭ ᠮᠣᠷᠢ ᠪᠠᠷ ᠨᠡᠬᠡᠭᠦᠯᠵᠡᠢ᠃  ᠲᠡᠷᠡ ᠡᠷ᠎ᠡ ᠡᠮ᠎ᠡ ᠬᠤᠶᠠᠭᠤᠯᠠ ᠬᠤᠶᠠᠷ ᠦᠨᠳᠦᠷ ᠰᠠᠬᠤᠯᠢᠭ ᠣᠢ ᠲᠠᠶᠢᠭ᠎ᠠ ᠪᠦᠷᠬᠦᠭᠰᠡᠨ ᠠᠭᠤᠯᠠ ᠲᠠᠭᠠᠷᠢᠭᠰᠠᠨ ᠳᠤ ᠡᠷᠡᠭᠲᠡᠢ ᠨᠢ ᠨᠢᠭᠡ ᠠᠭᠤᠯᠠᠨ ᠳᠤ ᠨᠢᠭᠤᠭᠳᠠᠨ᠂ ᠡᠮᠡᠭᠲᠡᠢ ᠨᠢ ᠨᠥᠭᠦᠭᠡ ᠠᠭᠤᠯᠠᠨ ᠳᠤ ᠨᠢᠭᠤᠭᠳᠠᠵᠤ ᠠᠮᠢ ᠭᠠᠷᠤᠭᠰᠠᠨ ᠭᠡᠳᠡᠭ᠃ ᠡᠭᠦᠨ ᠠᠴᠠ ᠪᠣᠯᠵᠤ ᠡᠨᠡ ᠬᠤᠶᠠᠷ ᠠᠭᠤᠯᠠ ᠶᠢ ᠠᠪᠤ ᠠᠭᠤᠯᠠ ᠪᠠ ᠡᠵᠢ ︵ ᠡᠶ᠋ᠢ ᠠᠭᠤᠯᠠ  ᠭᠡᠵᠦ ᠨᠣᠲᠤᠭ ᠤᠨ ᠬᠦᠮᠦᠰ ᠨᠡᠷᠡᠯᠡᠳᠡᠭ︶ ᠠᠭᠤᠯᠠ ᠭᠡᠵᠦ ᠨᠡᠷᠡᠶᠢᠳᠬᠦ ᠪᠣᠯᠣᠭᠰᠠᠨ ᠭᠡᠳᠡᠭ  ᠃                    ᠳᠣᠮᠤᠭ  ︵ᠬᠤᠶᠠᠷ︶      ᠠᠪᠤ ᠠᠭᠤᠯᠠ ᠶᠢᠨ ᠣᠷᠭᠢᠯ ᠤᠨ ᠪᠠᠷᠠᠭᠤᠨ ᠲᠠᠯ᠎ᠠ ᠶᠢᠨ  ᠳᠠᠪᠠᠭᠠᠨ ᠳᠡᠭᠡᠷ᠎ᠡ ᠨᠢᠭᠡ ᠵᠣᠷᠪᠣᠰ ᠨᠤᠲᠤᠭ ᠤᠨ ᠰᠢᠷ᠎ᠠ ᠵᠠᠮ ᠪᠠᠶᠢᠳᠠᠭ᠃ ᠡᠨᠡ  ᠬᠦ ᠳᠠᠪᠠᠭᠠᠨ ᠤ ᠬᠡᠰᠡᠭ ᠨᠢ  ᠡᠷᠭᠦᠭᠳᠡᠴᠡ ᠪᠠᠷ ᠬᠠᠷᠢᠴᠠᠩᠭᠤᠢ ᠳᠤᠤᠷ᠎ᠠ  ᠰᠢᠭ᠋  ᠪᠣᠯᠪᠠᠴᠤ ᠮᠠᠰᠢᠨ ᠲᠧᠭᠨᠢᠭ ᠦᠭᠡᠢ ᠪᠠᠶᠢᠭᠰᠠᠨ ᠦᠶ᠎ᠡ ᠳᠤ  ᠮᠣᠷᠢᠨ ᠲᠡᠷᠭᠡ ᠪᠠ ᠦᠬᠡᠷ ᠲᠡᠷᠭᠡ ᠪᠠᠷ ᠬᠤᠨᠣᠵᠤ  ᠥᠨᠵᠢᠨ ᠠᠮᠠᠷᠠᠨ ᠪᠠᠶᠢᠵᠤ  ᠳᠠᠪᠠᠳᠠᠭ  ᠪᠠᠶᠢᠪᠠ᠃  ᠡᠶᠢᠮᠦ ᠠᠴᠠ ᠲᠤᠬᠠᠢ ᠶᠢᠨ ᠭᠠᠵᠠᠷ ᠣᠷᠣᠨ ᠤ ᠮᠣᠩᠭᠤᠯᠴᠣᠳ ᠡᠨᠡ ᠳᠠᠪᠠᠭ᠎ᠠ ᠪᠠᠨ ᠳᠡᠭᠷᠢ ᠳᠠᠪᠠᠭ᠎ᠠ ︵滕格日大坝︶ ᠭᠡᠵᠦ ᠨᠡᠷᠡᠯᠡᠳᠡᠭ᠃ ᠳᠠᠪᠠᠭᠠᠨ ᠤ ᠣᠷᠣᠢ ᠳᠡᠭᠡᠷ᠎ᠡ ᠨᠢ ᠬᠠᠭᠤᠴᠢᠨ ᠴᠠᠭ ᠠᠴᠠ ᠪᠣᠰᠬᠠᠵᠤ ᠣᠳᠣ ᠬᠦᠷᠲᠡᠯ᠎ᠡ ᠭᠠᠷᠬᠤ ᠪᠠᠭᠤᠬᠤ ᠶᠢᠨ ᠳᠠᠯᠢᠮ  ᠳᠤ ᠪᠠᠨ ᠭᠤᠷᠪᠠᠨ ᠴᠢᠯᠠᠭᠤ ᠪᠠᠨ ᠨᠡᠮᠡᠵᠦ ᠦᠨᠳᠦᠷᠯᠡᠭᠦᠯᠦᠭᠰᠡᠨ ᠲᠡᠭᠷᠢ ᠳᠠᠪᠠᠭᠠᠨ  ᠤ ᠣᠪᠣᠭ᠎ᠠ ᠪᠠᠶᠢᠳᠠᠭ᠃ ᠲᠣᠰ ᠨᠡᠷᠡᠶᠢᠳᠦᠯ ᠳᠤ ᠲᠡᠭᠷᠢ ᠲᠣᠯᠣᠭᠰᠠᠨ ᠦᠨᠳᠦᠷ ᠳᠠᠪᠠᠭ᠎ᠠ ᠭᠡᠰᠡᠨ ᠤᠳᠬ᠎ᠠ ᠲᠠᠢ ᠮᠥᠷᠲᠡᠭᠡᠨ ᠲᠡᠭᠷᠢ ᠰᠢᠭ ᠲᠦᠰᠢᠭ ᠲᠠᠢ ᠳᠠᠪᠠᠭ᠎ᠠ ᠭᠡᠰᠡᠨ ᠰᠠᠨᠠᠭ᠎ᠠ ᠠᠭᠤᠯᠠᠭᠳᠠᠳᠠᠭ᠃      ᠲᠡᠭᠷᠢ ᠳᠠᠪᠠᠭᠠᠨ ᠤ ᠲᠤᠬᠠᠢ ᠲᠤᠬᠠᠢ ᠶᠢᠨ ᠭᠠᠵᠠᠷ ᠤᠨ ᠬᠦᠮᠦᠰ ᠤᠨ ᠳᠤᠮᠳᠠ ᠶᠠᠷᠢᠭᠳᠠᠳᠠᠭ ᠪᠠᠰᠠ ᠨᠢᠭᠡ ᠦᠯᠢᠭᠡᠷ ᠪᠠᠶᠢᠳᠠᠭ᠄  ︽ᠬᠤᠭᠤᠷ ᠤᠨ ᠦᠯᠢᠭᠡᠷ  ︿ ᠰᠦᠢ ᠲᠠᠩ ᠤᠨ ᠦᠯᠢᠭᠡᠷ  ﹀ ᠲᠤ ᠲᠡᠷᠡ ᠨᠢ ᠲᠠᠩ ᠣᠯᠣᠰ ᠤᠨ ᠦᠶ᠎ᠡ ᠶᠢᠨ ᠶᠡᠭᠡ ᠵᠠᠩᠵᠣᠨ ᠰᠢᠦᠸᠠᠢ ᠷᠧᠨ ᠭᠦᠢ ᠤᠮᠠᠷᠠᠲᠦ ᠶᠢᠨ ᠨᠡᠭᠦᠳᠡᠯᠴᠢᠨ ᠠᠶᠢᠮᠠᠭ ᠲᠠᠢ ᠲᠣᠰ  ᠠᠭᠤᠯᠠᠨ ᠳᠤ ᠶᠡᠭᠡ ᠲᠤᠯᠤᠯᠳᠤᠭᠠᠨ ᠬᠢᠭᠰᠡᠨ ᠭᠡᠳᠡᠭ᠃ ᠲᠤᠬᠠᠢ ᠶᠢᠨ ᠦᠶ᠎ᠡ ᠳᠤ ᠬᠦᠮᠦᠰ ᠲᠣᠰ ᠳᠠᠪᠠᠭ᠎ᠠ ᠶᠢ ᠲᠡᠭᠷᠢ ᠳᠠᠪᠠᠭ᠎ᠠ  ᠭᠡᠵᠦ ᠳᠠᠭᠤᠳᠠᠵᠤ᠂ ᠬᠢᠲᠠᠳ ᠬᠡᠯᠡᠨ ᠳᠤ摩天岭 ᠭᠡᠳᠡᠭ ᠪᠠᠶᠢᠵᠤ ᠭᠡᠨ᠎ᠡ︾᠃ ᠵᠡᠭᠦᠨ ᠣᠷᠣᠨ ᠤ  ᠮᠣᠩᠭᠤᠯᠴᠣᠳ ᠤᠨ ᠳᠤᠮᠳᠠ ᠥᠷᠭᠡᠨ ᠢᠶᠠᠷ ᠤᠯᠠᠮᠵᠢᠯᠠᠭᠳᠠᠵᠤ ᠲᠦᠮᠡᠨ ᠣᠯᠠᠨ ᠤ ᠬᠦᠷᠢᠶᠡᠯᠡᠯ ᠢ  ᠣᠯᠣᠭᠰᠠᠨ ᠬᠤᠭᠤᠷ ᠤᠨ ᠦᠯᠢᠭᠡᠷ ᠪᠣᠯ  ᠶᠣᠰᠣᠲᠠᠢ ᠬᠢᠲᠠᠳ ᠮᠣᠩᠭᠤᠯ ᠠᠷᠠᠳ ᠲᠦᠮᠡᠨ ᠤ ᠰᠣᠶᠣᠯ ᠤᠨ ᠬᠠᠷᠢᠯᠴᠠᠭᠠᠨ ᠤ ᠲᠥᠷᠦᠳᠡᠰᠦ ᠪᠠᠶᠢᠵᠤ᠂ ᠬᠠᠷᠢᠯᠴᠠᠨ ᠬᠠᠷᠢᠯᠴᠠᠵᠤ᠂ ᠬᠠᠷᠢᠯᠴᠠᠨ ᠰᠣᠯᠢᠯᠴᠠᠨ᠂ ᠬᠠᠷᠢᠯᠴᠠᠨ  ᠠᠭᠤᠰᠤᠯᠴᠠᠬᠤ ᠶᠠᠪᠤᠴᠠ ᠳᠤ ᠪᠣᠢ ᠪᠣᠯᠣᠭᠰᠠᠨ ᠠᠷᠠᠳ ᠤᠨ ᠤᠷᠠᠯᠢᠭ ᠪᠣᠯᠬᠤ ᠶᠣᠮᠰᠠᠨ᠃  ︽ᠲᠤᠬᠠᠢ ᠶᠢᠨ ᠭᠠᠵᠠᠷ ᠤᠨ ᠬᠦᠮᠦᠰ ᠤᠨ ᠬᠡᠯᠡᠬᠦ  ᠪᠠᠷ ᠳᠡᠭᠡᠷ᠎ᠡ ᠵᠠᠭᠤᠨ ᠤ ᠲᠠᠪᠢᠭᠠᠳ ᠣᠨ ᠤ ᠦᠶ᠎ᠡ ᠳᠤ ᠠᠪᠤ ᠠᠭᠤᠯᠠ ᠶᠢᠨ  ᠵᠡᠭᠦᠨ ᠡᠮᠦᠨ᠎ᠡ ᠬᠢᠷ᠎ᠠ ᠳᠡᠭᠡᠷ᠎ᠡ ᠠᠴᠠ ᠮᠠᠰᠢ ᠣᠯᠠᠨ ᠬᠦᠮᠦᠨ ᠤ ᠬᠡᠭᠦᠷ ᠶᠠᠰᠤ ᠶᠢ ᠢᠯᠡᠷᠡᠭᠦᠯᠦᠭᠰᠡᠨ ᠭᠡᠳᠡᠭ  ︾᠃              ᠠᠷᠠᠳ ᠤᠨ ᠳᠠᠭᠤᠤ ︵ᠭᠤᠷᠪᠠ︶      ᠵᠡᠭᠦᠨ ᠣᠷᠣᠨ ᠤ ᠠᠷᠠᠳ ᠤᠨ ᠳᠠᠭᠤᠤ ︽ᠸᠧᠨ ᠵᠠᠩ ᠰᠦᠢ ᠯᠢᠩ︾ ᠳᠤ ᠠᠪᠤ ᠠᠭᠤᠯᠠ ᠶᠢᠨ ᠲᠤᠬᠠᠢ ᠪᠠᠰᠠ ᠨᠢᠭᠡ ᠥᠭᠦᠯᠡᠮᠵᠢ ᠶᠢ ᠲᠡᠮᠳᠡᠭᠯᠡᠨ ᠣᠷᠣᠭᠤᠯᠣᠭᠰᠠᠨ ᠪᠠᠶᠢᠳᠠᠭ᠃ ᠲᠣᠰ ᠠᠷᠠᠳ ᠤᠨ  ᠳᠠᠭᠤᠤ ᠳᠤ ᠰᠦᠢ ᠯᠢᠩ ᠭᠡᠳᠡᠭ ᠬᠦᠮᠦᠨ ᠨᠠᠢᠮᠠᠨ ᠵᠠᠭᠤᠨ ᠵᠢᠯ ᠤᠨ ᠲᠡᠦᠬᠡ ᠶᠢ ᠲᠣᠭᠤᠷᠪᠢᠵᠦ ᠪᠠᠶᠢᠬᠤ ᠪᠠᠷ ᠬᠦᠦᠷᠨᠢᠭᠰᠡᠨ ᠪᠠᠶᠢᠳᠠᠭ᠃ ᠲᠣᠰ ᠳᠠᠭᠤᠤ ᠨᠢ ᠭᠤᠷᠪᠠᠳᠤᠭᠠᠷ ᠪᠡᠶ᠎ᠡ ᠶᠢᠨ ᠬᠠᠷᠠᠭᠠᠨ ᠠᠴᠠ ᠰᠦᠢ ᠯᠢᠩ ᠤᠨ ᠵᠣᠬᠢᠶᠠᠭᠰᠠᠨ ᠣᠯᠠᠨ ᠪᠦᠯᠦᠭᠲᠦ ᠦᠯᠢᠭᠡᠷ ᠲᠡᠦᠬᠡ ᠪᠢᠴᠢᠭᠰᠡᠨ ᠶᠠᠪᠤᠳᠠᠯ ᠢ ᠬᠦᠦᠷᠨᠢᠨ ᠳᠠᠭᠤᠯᠠᠳᠠᠭ ᠪᠦᠭᠡᠳ ᠪᠦᠯᠦᠭ ᠪᠦᠷᠢ ᠳᠤ ᠲᠡᠮᠳᠡᠭᠯᠡᠭᠰᠡᠨ ᠦᠯᠢᠭᠡᠷ ᠲᠡᠦᠬᠡ  ᠶᠢᠨ ᠭᠤᠣᠯ ᠣᠴᠢᠷ ᠶᠠᠪᠤᠳᠠᠯ ᠢ ᠨᠢ ᠲᠤᠭᠠᠴᠢᠭᠰᠠᠨ ᠪᠠᠶᠢᠳᠠᠭ᠃ ᠲᠣᠰ  ᠳᠠᠭᠤᠤ ᠶᠢᠨ ᠨᠠᠢᠮᠠᠳᠤᠭᠠᠷ ᠪᠦᠯᠦᠭ ᠲᠤ ᠪᠢᠴᠢᠭᠰᠡᠨ ᠦᠯᠢᠭᠡᠷ ᠲᠤ ᠮᠥᠸᠧ ᠲᠢᠶᠠᠨ ᠯᠢᠩ ᠳᠤ ᠲᠠᠩ ᠤᠨ ᠵᠠᠩᠵᠣᠨ ᠰᠢᠦᠸᠠᠢ ᠷᠧᠨ ᠭᠦᠢ ᠪᠠᠶᠢᠯᠳᠤᠭᠠᠨ ᠬᠢᠵᠦ ᠪᠠᠶᠢᠭᠰᠠᠨ ᠢ ᠲᠡᠮᠳᠡᠭᠯᠡᠵᠡᠢ ᠭᠡᠵᠦ ᠭᠠᠷᠳᠠᠭ ᠪᠠᠶᠢᠨ᠎ᠠ᠃             ᠵᠣᠬᠢᠶᠠᠭᠴᠢ ᠶᠢᠨ ᠬᠠᠶ᠋ᠢᠭ᠄       ᠥᠪᠦᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ               
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号