ᠭᠠᠵᠠᠷ ᠤᠨ ᠨᠡᠷ᠎ᠡ ᠶᠢᠨ ᠨᠣᠲᠠᠯᠠᠯᠲᠠ᠄ ᠨᠦᠬᠡᠰ ᠤᠨ ᠭᠤᠣᠯ
ᠨᠡᠶᠢᠲᠡᠯᠡᠭᠰᠡᠨ ᠴᠠᠭ᠄
2021/7/1
ᠭᠠᠵᠠᠷ ᠤᠨ ᠨᠡᠷ᠎ᠡ ᠶᠢᠨ ᠨᠣᠲᠠᠯᠠᠯᠲᠠ᠄ ᠨᠦᠬᠡᠰ ᠤᠨ ᠭᠤᠣᠯ                  ᠴ᠊· ᠴᠣᠯᠮᠣᠨ ᠵᠤᠬᠢᠶᠠᠪᠠ     ᠨᠦᠬᠡᠰ ᠤᠨ ᠭᠤᠣᠯ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠢᠯᠢ ᠶᠢᠨ ᠭᠤᠣᠯ ᠠᠶᠢᠮᠠᠭ ᠤᠨ ᠰᠥᠨᠢᠳ ᠵᠡᠭᠦᠨ ᠬᠤᠰᠢᠭᠤᠨ ᠤ ᠪᠠᠶᠠᠨᠨᠠᠭᠤᠷ ᠪᠠᠯᠭᠠᠰᠤᠨ ᠤ ᠵᠢᠪᠬᠤᠯᠠᠩᠲᠤ ᠭᠠᠴᠠᠭ᠎ᠠ ᠶᠢᠨ ᠨᠤᠲᠤᠭ  ᠂ ᠵᠡᠭᠦᠨ ᠤᠷᠳᠤᠷᠢᠭ ᠤᠨ114。51' 50''  ᠂ ᠤᠮᠠᠷᠠᠲᠤ ᠥᠷᠭᠡᠷᠢᠭ ᠤᠨ 43。13' 57.8'' ᠢᠶᠠᠷ ᠤᠷᠤᠰᠤᠨ ᠥᠩᠭᠡᠷᠡᠵᠦ᠂ ᠬᠦᠷ ᠴᠠᠭᠠᠨ ᠨᠠᠭᠤᠷ ᠲᠤ ᠴᠢᠳᠬᠤᠳᠠᠭ᠃ ᠰᠥᠨᠢᠳ ᠵᠡᠭᠦᠨ ᠬᠤᠰᠢᠭᠤᠨ ᠤ ᠨᠡᠷᠡᠲᠦ ᠪᠠᠶᠢᠭᠠᠯᠢ ᠶᠢᠨ ᠦᠵᠡᠮᠵᠢᠲᠦ ᠭᠠᠵᠠᠷ ᠤᠨ ᠨᠢᠭᠡ ᠶᠤᠮ᠃   ᠨᠦᠬᠡᠰ ᠤᠨ ᠭᠤᠣᠯ ᠰᠢᠯᠤᠭᠤᠨ ᠬᠥᠬᠡ ᠬᠤᠰᠢᠭᠤᠨ ᠤ ᠵᠢᠭᠠᠰᠤᠲᠠᠢ ᠰᠤᠮᠤ ᠶᠢᠨ ᠪᠠᠶᠠᠨᠨᠠᠭᠤᠷ ᠭᠠᠴᠠᠭᠠᠨ ᠤ ᠬᠠᠷᠭᠠᠨᠠᠲᠠᠢ ᠣᠪᠣᠭ᠎ᠠ ᠶᠢᠨ ᠬᠠᠷᠭᠠᠨᠠᠲᠠᠢ ᠭᠤᠣᠯ ᠠᠴᠠ ᠡᠬᠢ ᠠᠪᠴᠤ᠂ ᠤᠮᠠᠷᠠᠰᠢ ᠮᠠᠩᠬᠠᠨ ᠳᠤᠮᠳᠠᠭᠤᠷ ᠮᠤᠷᠤᠯᠵᠠᠨ ᠤᠷᠤᠰᠴᠤ᠂ ᠰᠥᠨᠢᠳ ᠵᠡᠭᠦᠨ ᠬᠤᠰᠢᠭᠤᠨ ᠤ ᠡᠩᠭᠡᠷ ᠨᠠᠮᠤᠭ ᠤᠨ ᠬᠥᠨᠳᠡᠢ ᠳᠤ ᠢᠷᠡᠳᠡᠭ᠃ ᠥᠷᠭᠡᠨ ᠢᠶᠠᠷ ᠢᠶᠠᠨ ᠭᠤᠷᠪᠠᠨ ᠮᠧᠲᠷ᠂ ᠤᠷᠲᠤ ᠪᠠᠷ ᠢᠶᠠᠨ46 ᠺᠢᠯᠣᠮᠧᠲᠷ ᠪᠠᠶᠢᠵᠤ᠂ ᠤᠷᠤᠰᠬᠠᠯ ᠤᠨ ᠶᠡᠷᠦᠩᠬᠡᠢ ᠲᠠᠯᠠᠪᠠᠢ ᠨᠢ 2125 ᠪᠣᠰᠤᠭ᠎ᠠ ᠳᠥᠷᠪᠡᠯᠵᠢᠨ ᠺᠢᠯᠣᠮᠧᠲᠷ ᠪᠠᠶᠢᠳᠠᠭ᠃ᠨᠦᠬᠡᠰ ᠤᠨ ᠭᠤᠣᠯ ᠤᠨ ᠨᠡᠷ᠎ᠡ ᠶᠢᠨ ᠢᠷᠠᠯ ᠭᠠᠷᠤᠯ ᠤᠨ ᠲᠤᠬᠠᠢ ᠶᠠᠩᠵᠤ ᠪᠦᠷᠢ ᠶᠢᠨ ᠬᠠᠭᠤᠴᠢ ᠶᠠᠷᠢᠶ᠎ᠠ   ᠪᠠᠶᠢᠳᠠᠭ ᠪᠥᠭᠡᠳ ᠳᠠᠭᠤᠳᠠᠯᠭ᠎ᠠ ᠪᠢᠴᠢᠯᠭᠡ ᠨᠢ ᠠᠳᠠᠯᠢ ᠪᠤᠰᠤ ᠪᠠᠷ ᠤᠯᠠᠮᠵᠢᠯᠠᠭᠳᠠᠵᠤ ᠪᠤᠢ᠃   ᠰᠥᠨᠢᠳ ᠵᠡᠭᠦᠨ ᠬᠤᠰᠢᠭᠤᠨ ᠤ ᠭᠠᠵᠠᠷ ᠤᠨ ᠨᠡᠷ᠎ᠡ ᠶᠢᠨ ᠪᠦᠷᠢᠳᠬᠡᠯ ︽ᠮᠥᠩᠬᠡ ᠨᠤᠲᠤᠭ︾ ﹇1﹈ ᠨᠣᠮ ᠮᠥᠨ ︽ᠨᠥᠬᠦᠰ ᠤᠨ ᠭᠤᠣᠯ︾ ᠭᠡᠵᠦ ᠲᠡᠮᠳᠡᠭᠯᠡᠭᠡᠳ ︽ᠴᠢᠩ ᠤᠯᠤᠰ ᠤᠨ ︿ᠮᠣᠩᠭᠤᠯ ᠤᠨ ᠨᠡᠭᠦᠳᠡᠯ ᠮᠠᠯᠵᠢᠯ ᠤᠨ ᠲᠡᠮᠳᠡᠭᠯᠡᠯ﹀ ᠢ ᠦᠨᠳᠦᠰᠦᠯᠡᠪᠡᠯ᠂ ᠮᠠᠯᠵᠢᠬᠤ ᠭᠠᠵᠠᠷ ᠠᠨᠤ ᠭᠤᠷᠪᠠᠨ ᠤᠰᠤ ᠪᠣᠯᠪᠠᠰᠤ ᠶᠡᠷᠦᠩᠬᠡᠢ ᠨᠡᠷ᠎ᠡ ᠪᠣᠯᠠᠢ︾ ᠭᠡᠬᠦ ᠦᠭᠡ ᠶᠢ  ᠡᠰᠢᠯᠡᠨ ︽ᠭᠤᠷᠪᠠᠨ ᠤᠰᠤ ᠭᠡᠳᠡᠭ ᠨᠢ ᠨᠥᠬᠦᠰ ᠤᠨ ᠭᠤᠣᠯ᠂ ᠤᠷᠲᠤ ᠭᠤᠣᠯ᠂ ᠪᠡᠷᠬᠡ ᠶᠢᠨ ᠭᠤᠣᠯ ᠭᠡᠳᠡᠭ ᠠᠴᠠ ᠡᠭᠦᠰᠦᠯᠲᠡᠢ︾ ᠭᠡᠵᠦ ᠲᠠᠶᠢᠯᠪᠤᠷᠢᠯᠠᠵᠠᠢ᠃ ︽ᠰᠥᠨᠢᠳ ᠵᠡᠭᠦᠨ ᠬᠤᠰᠢᠭᠤᠨ ᠤ ᠭᠠᠵᠠᠷ ᠤᠨ ᠨᠡᠷᠡᠰ ᠤᠨ ᠳᠣᠮᠤᠭ︾ ﹇2﹈ ᠲᠤ ︽ᠨᠥᠬᠦᠰ ᠤᠨ ᠭᠤᠣᠯ︾ ᠬᠡᠮᠡᠨ ᠪᠢᠴᠢᠵᠦ ᠪᠣᠢ᠃   ︽ᠨᠦᠬᠡᠰ ᠤᠨ ᠭᠤᠣᠯ ᠤᠨ ᠨᠡᠷᠡᠶᠢᠳᠦᠯ ᠤᠨ ᠨᠤᠲᠤᠭ ᠤᠨ ᠠᠷᠠᠳ ᠤᠨ ᠬᠠᠭᠤᠴᠢᠯᠠᠬᠤ ᠪᠠᠷ ᠨᠦᠬᠡᠰ ᠤᠨ ᠭᠤᠣᠯ  ᠨᠢ ᠬᠠᠷᠭᠠᠨᠠᠲᠠᠢ ᠶᠢᠨ ᠪᠤᠯᠠᠭ ᠠᠴᠠ ᠡᠬᠢ ᠠᠪᠤᠨ᠂ ᠤᠷᠤᠰᠬᠤ ᠵᠠᠮ ᠳᠠᠭᠠᠨ ᠲᠣᠭᠤᠷᠢᠬᠤ ᠶᠢᠨ ᠪᠤᠯᠠᠭ᠂ ᠪᠤᠬᠠᠨ ᠤ ᠪᠤᠯᠤᠩ ᠤᠨ ᠪᠤᠯᠠᠭ᠂ ᠳᠡᠷᠡᠰᠦᠲᠠᠢ ᠶᠢᠨ ᠪᠤᠯᠠᠭ᠂ ᠤᠷᠲᠤ ᠶᠢᠨ ᠪᠤᠯᠠᠭ᠂ ᠯᠠᠮᠠ ᠶᠢᠨ ᠪᠤᠯᠠᠭ᠂ ᠬᠠᠷᠠᠵᠠ ᠪᠤᠯᠠᠭ ᠵᠡᠷᠭᠡ108 ᠪᠤᠯᠠᠭ ᠤᠨ ᠤᠨᠳᠤᠷᠤᠯ ᠢᠶᠠᠷ ᠨᠥᠬᠦᠭᠳᠡᠵᠦ ︵ᠰᠡᠯᠪᠢᠭᠳᠡᠵᠦ︶ ᠤᠷᠤᠰᠳᠠᠭ ᠪᠣᠯᠬᠤᠷ ᠨᠥᠬᠦᠭᠡᠰᠦ ᠶᠢᠨ ᠭᠤᠣᠯ ᠭᠡᠵᠦ ᠨᠡᠷᠡᠯᠡᠭᠰᠡᠨ ᠭᠡᠳᠡᠭ᠃ ᠨᠥᠬᠦᠵᠦ ᠰᠡᠯᠪᠢᠬᠦ ᠶᠢᠨ ᠨᠥᠬᠦᠭᠡᠰᠦ ᠭᠡᠰᠡᠨ ᠦᠭᠡ ᠨᠢ ᠰᠡᠭᠦᠯ ᠳᠡᠭᠡᠨ ᠬᠤᠪᠢᠷᠠᠭᠠᠳ ︿ᠨᠦᠬᠡᠰ﹀ ᠪᠣᠯᠣᠭᠰᠠᠨ ᠭᠡᠵᠦ ᠨᠤᠲᠤᠭ ᠤᠨ ᠠᠷᠠᠳ ᠬᠠᠭᠤᠴᠢᠯᠠᠳᠠᠭ᠃ ᠪᠠᠰᠠ ᠵᠠᠷᠢᠮ ᠨᠢ ᠨᠤᠭᠤᠰᠤ ᠶᠢᠨ ᠭᠤᠣᠯ ᠭᠡᠰᠡᠨ ᠦᠭᠡ ᠨᠢ ᠬᠤᠪᠢᠷᠠᠭᠠᠳ ᠨᠦᠬᠡᠰ ᠤᠨ ᠭᠤᠣᠯ ᠪᠣᠯᠣᠭᠰᠠᠨ ᠭᠡᠵᠦ ᠶᠠᠷᠢᠳᠠᠭ︾ ﹇3﹈᠃ ᠠᠳᠡ ᠡᠨᠡ ᠭᠤᠣᠯ ᠤᠨ ᠨᠡᠷ᠎ᠡ ᠨᠢ ︽ᠨᠥᠬᠦᠭᠡᠰᠦ︾ ᠪᠤᠶᠤ ︽ᠨᠤᠭᠤᠰᠤ︾ ᠭᠡᠬᠦ ᠦᠭᠡ ᠠᠴᠠ ᠤᠯᠠᠷᠢᠨ ᠨᠡᠷᠡᠰᠢᠭᠰᠡᠨ ᠭᠡᠬᠦ ᠬᠤᠶᠠᠷ ᠵᠦᠢᠯ ᠤᠨ ᠠᠳᠠᠯᠢ ᠪᠤᠰᠤ ᠬᠡᠯᠡᠯᠭᠡ ᠭᠠᠷᠴᠤ ᠪᠠᠶᠢᠨ᠎ᠠ᠃   1979 ᠣᠨ ᠳᠤ ᠬᠡᠪᠯᠡᠭᠦᠯᠦᠭᠰᠡᠨ ᠥᠪᠥᠷ ᠮᠣᠩᠭᠤᠯ ᠤᠨ ᠮᠣᠩᠭᠤᠯ ᠭᠠᠵᠠᠷ ᠤᠨ ᠵᠢᠷᠤᠭ ᠲᠤ ︽ᠨᠤᠭᠤᠰᠤ ᠭᠤᠣᠯ︾ ﹇4﹈᠂1987 ᠣᠨ ᠳᠤ ᠬᠡᠪᠯᠡᠭᠦᠯᠦᠭᠰᠡᠨ ᠮᠣᠩᠭᠤᠯ ᠭᠠᠵᠠᠷ ᠤᠨ ᠵᠢᠷᠤᠭ  ᠳᠡᠭᠡᠷ᠎ᠡ ︽ᠨᠤᠭᠤᠰᠤ ᠶᠢᠨ ᠭᠤᠣᠯ︾﹇5﹈  ᠭᠡᠵᠦ ᠲᠡᠮᠳᠡᠭᠯᠡᠭᠰᠡᠨ ᠪᠣᠢ᠃   ︽ᠰᠥᠨᠢᠳ ᠵᠡᠭᠦᠨ ᠬᠤᠰᠢᠭᠤᠨ ᠤ ᠭᠠᠵᠠᠷ ᠤᠨ ᠨᠡᠷᠡᠰ︾  ᠲᠤ ︽ᠨᠦᠬᠡᠰ ᠤᠨ ᠭᠤᠣᠯ︾ ﹇6﹈ ᠭᠡᠵᠦ ᠲᠡᠮᠳᠡᠭᠯᠡᠭᠰᠡᠨ ᠪᠠᠶᠢᠨ᠎ᠠ᠃   ᠡᠮᠦᠨ᠎ᠡ ᠡᠰᠢᠯᠡᠭᠰᠡᠨ ᠣᠷᠣᠨ ᠨᠤᠲᠤᠭ ᠤᠨ ᠰᠣᠶᠣᠯ ᠲᠡᠦᠬᠡ ᠶᠢᠨ ᠮᠠᠲ᠋ᠧᠷᠢᠶᠠᠯ ᠠᠴᠠ ᠦᠵᠡᠬᠦ ᠳᠤ ᠡᠨᠡ ᠬᠦ ᠭᠤᠣᠯ ᠤᠨ ᠨᠡᠷᠡᠶᠢᠳᠦᠯ ᠤᠨ ᠢᠷᠠᠯ ᠭᠠᠷᠤᠯ ᠨᠢ ︽ᠨᠥᠬᠦᠰ︾᠂ ︽ᠨᠤᠭᠤᠰᠤ︾᠂  ︿ᠨᠦᠬᠡᠰ︾ ᠵᠡᠷᠭᠡ ᠭᠤᠷᠪᠠᠨ ᠵᠦᠢᠯ ᠤᠨ ᠠᠳᠠᠯᠢ ᠪᠤᠰᠤ ᠬᠡᠯᠡᠯᠭᠡ ᠲᠠᠢ ᠪᠠᠶᠢᠭ᠎ᠠ ᠪᠥᠭᠡᠳ ᠡᠳᠡᠭᠡᠷ ᠤᠨ ᠠᠯᠢ ᠨᠢ ᠵᠢᠩᠬᠢᠨᠢ ᠭᠠᠷᠪᠠᠯᠢ ᠪᠣᠯᠬᠤ ᠲᠤᠬᠠᠢ ᠦᠵᠡᠯᠲᠡ ᠨᠢᠭᠡᠳᠦᠭᠰᠡᠨ ᠨᠤᠲᠠᠯᠠᠭ᠎ᠠ ᠭᠠᠷᠤᠭ᠎ᠠ ᠦᠭᠡᠢ ᠪᠠᠶᠢᠨ᠎ᠠ᠃ ᠲᠡᠶᠢᠨ ᠬᠦ ᠭᠠᠷ ᠲᠤ ᠥᠷᠲᠥᠭᠰᠡᠨ ᠲᠡᠦᠬᠡ ᠰᠣᠶᠣᠯ ᠤᠨ ᠬᠤᠯᠪᠣᠭᠳᠠᠯ ᠪᠦᠬᠦᠢ ᠮᠠᠲ᠋ᠧᠷᠢᠶᠠᠯ ᠳᠤ ᠲᠤᠯᠭᠠᠭᠤᠷᠢᠯᠠᠵᠤ ᠤᠴᠢᠭ ᠢ ᠨᠢ ᠰᠦᠪᠡᠭᠴᠢᠯᠡᠨ᠂ ᠤᠯᠪᠠᠭ᠎ᠠ ᠶᠢ  ᠨᠢ ᠲᠣᠳᠣᠷᠠᠭᠤᠯᠬᠤ ᠶᠢ ᠵᠣᠷᠢᠯ᠎ᠠ᠃   1719 ᠣᠨ ᠤ ᠡᠩᠬᠡ ᠠᠮᠤᠭᠤᠯᠠᠩ ᠬᠠᠭᠠᠨ ᠤ ᠦᠶ᠎ᠡ ᠶᠢᠨ ᠭᠠᠵᠠᠷ ᠤᠨ ᠵᠢᠷᠤᠭ ︽ᠭᠤᠷᠪᠠᠨ ᠨᠦᠬᠡᠰ︾ ﹇7﹈ ᠭᠡᠵᠦ ᠲᠡᠮᠳᠡᠭᠯᠡᠵᠡᠢ᠃  ᠮᠥᠨ ᠴᠢᠩ ᠤᠯᠤᠰ ᠤᠨ ᠪᠠᠳᠠᠷᠠᠭᠤᠯᠲᠤ ᠲᠥᠷᠥ ᠶᠢᠨ ᠦᠶ᠎ᠡ ᠶᠢᠨ ᠰᠥᠨᠢᠳ ᠵᠡᠭᠦᠨ ᠭᠠᠷᠤᠨ ᠬᠤᠰᠢᠭᠤᠨ ᠤ ᠭᠠᠵᠠᠷ ᠤᠨ ᠵᠢᠷᠤᠭ ᠲᠤ ︽ᠭᠤᠷᠪᠠᠨ ᠨᠦᠬᠡᠰ︾ ﹇8﹈ ᠭᠡᠵᠦ ᠲᠡᠮᠳᠡᠭᠯᠡᠭᠰᠡᠨ ᠪᠠᠶᠢᠳᠠᠭ᠃ ᠡᠨᠡ ᠬᠤᠶᠠᠷ ᠲᠡᠮᠳᠡᠭᠯᠡᠯ ᠳᠠᠬᠢ ︽ᠭᠤᠷᠪᠠᠨ ᠨᠦᠬᠡᠰ︾ ᠭᠡᠳᠡᠭ ᠨᠢ ᠨᠢᠭᠡᠳᠦᠯ ᠲᠠᠢ ᠪᠠᠶᠢᠭ᠎ᠠ ᠪᠥᠭᠡᠳ ︽ᠨᠦᠬᠡᠰ︾ ᠭᠡᠳᠡᠭ ᠨᠢ ᠡᠮᠦᠨ᠎ᠡ ᠳᠤᠷᠠᠳᠤᠭᠰᠠᠨ ᠵᠠᠷᠢᠮ ᠮᠠᠲ᠋ᠧᠷᠢᠶᠠᠯ  ᠳᠤ ᠬᠢ ᠨᠡᠷᠡᠶᠢᠳᠦᠯ ᠯᠦᠭᠡ ᠨᠡᠶᠢᠯᠡᠵᠦ ᠪᠠᠶᠢᠨ᠎ᠠ᠃  ᠲᠡᠶᠢᠮᠦ ᠠᠴᠠ ︽ᠭᠤᠷᠪᠠᠨ ᠨᠦᠬᠡᠰ︾ ᠭᠡᠳᠡᠭ ᠤᠨ ᠤᠴᠢᠷ ᠢ ᠲᠣᠳᠣᠯᠠᠬᠤ ᠨᠢ ᠬᠠᠮᠤᠭ ᠤᠨ ᠵᠠᠩᠭᠢᠯᠠᠭ᠎ᠠ ᠶᠢᠨ ᠠᠰᠠᠭᠤᠳᠠᠯ ᠪᠣᠯᠣᠨ᠎ᠠ᠃   ᠴᠢᠩ ᠤᠯᠤᠰ ᠤᠨ ᠦᠶ᠎ᠡ ᠶᠢᠨ ᠲᠡᠮᠳᠡᠭᠯᠡᠯ ᠳᠤ ︽ᠴᠠᠩ ᠰᠦᠢ ︵长水) ᠵᠡᠭᠦᠨ ᠬᠤᠰᠢᠭᠤ ︵ ᠲᠤᠬᠠᠢ ᠶᠢᠨ ᠰᠥᠨᠢᠳ ᠵᠡᠭᠦᠨ ᠭᠠᠷᠤᠨ ᠬᠤᠰᠢᠭᠤ- ᠡᠰᠢᠯᠡᠭᠴᠢ︶ ᠠᠴᠠ ᠪᠠᠷᠠᠭᠤᠨ ᠤᠷᠤᠭᠰᠢ ᠶᠡᠷᠡᠨ ᠭᠠᠵᠠᠷ ᠲᠤ ᠪᠣᠢ᠂ ᠮᠣᠩᠭᠤᠯ ᠨᠡᠷ᠎ᠡ ᠨᠢ ᠤᠷᠲᠤ᠃ ᠬᠤᠷᠠᠬᠤ ᠠᠭᠤᠯᠠ ᠶᠢᠨ ᠪᠠᠷᠠᠭᠤᠨ ᠡᠮᠦᠨ᠎ᠡ ᠠᠴᠠ ᠤᠷᠤᠰᠤᠨ ᠢᠷᠡᠳᠡᠭ᠃  ᠲᠥ᠋ ᠶᠤᠸᠠᠨ ᠰᠦᠢ ︵兔园水) ᠵᠡᠭᠦᠨ ᠬᠤᠰᠢᠭᠤᠨ ᠠᠴᠠ ᠵᠡᠭᠦᠨ ᠤᠷᠤᠭᠰᠢ ᠶᠡᠷᠡᠨ ᠭᠠᠵᠠᠷ ᠲᠤ ᠪᠣᠢ᠂ ᠮᠣᠩᠭᠤᠯ ᠨᠡᠷ᠎ᠡ ᠨᠢ ᠨᠦᠬᠡᠲᠦ᠃  ᠰᠢᠯᠤᠭᠤᠨ ᠬᠥᠬᠡ ᠬᠤᠰᠢᠭᠤ ᠴᠠᠬᠠᠷ ᠤᠨ ᠵᠠᠭᠠᠭ ᠠᠴᠠ ᠤᠷᠤᠰᠤᠨ ᠢᠷᠠᠵᠤ ᠹᠦ᠋ ᠱᠠᠨ ᠠᠭᠤᠯᠠ ᠶᠢᠨ ᠬᠤᠶᠢᠭᠤᠷ ᠬᠦᠷ ᠨᠠᠭᠤᠷ ᠲᠤ ᠴᠢᠳᠬᠤᠨ᠎ᠠ︾ ﹇9﹈ ᠬᠡᠮᠡᠨ ᠲᠡᠮᠳᠡᠭᠯᠡᠭᠰᠡᠨ ᠤ ︽ᠨᠦᠬᠡᠲᠦ︾ ᠭᠡᠳᠡᠭ ᠨᠢ ᠣᠳᠣ ᠶᠢᠨ ᠰᠥᠨᠢᠳ ᠵᠡᠭᠦᠨ ᠬᠤᠰᠢᠭᠤᠨ ᠤ ᠨᠤᠲᠤᠭ ᠲᠠᠬᠢ ᠨᠦᠬᠡᠰ ᠤᠨ ᠭᠤᠣᠯ ᠢ ᠵᠢᠭᠠᠵᠤ ᠪᠣᠢ᠃   ᠵᠠᠩ ᠮᠦ ᠶᠢᠨ ︽ᠮᠣᠩᠭᠤᠯ ᠤᠨ ᠬᠤᠰᠢᠭᠤ ᠨᠤᠲᠤᠭ ᠤᠨ ᠲᠡᠮᠳᠡᠭᠯᠡᠯ︾ ᠳᠠᠬᠢ ︽ᠰᠥᠨᠢᠳ ᠵᠡᠭᠦᠨ ᠭᠠᠷᠤᠨ ᠬᠤᠰᠢᠭᠤ︾ ᠭᠡᠬᠦ ᠬᠡᠰᠡᠭ ᠲᠤ ︽ᠨᠤᠲᠤᠭ ᠤᠨ ᠭᠠᠵᠠᠷ ᠭᠤᠷᠪᠠᠨ ᠨᠦᠬᠡᠰ ᠭᠤᠣᠯ ᠪᠠᠶᠢᠮᠤᠢ᠃ ᠬᠤᠰᠢᠭᠤᠨ ᠤ ᠵᠠᠭᠠᠭ ᠭᠠᠵᠠᠷ ᠲᠤᠷ ᠲᠥ᠋ ᠶᠤᠸᠠᠨ ᠰᠦᠢ ᠪᠣᠢ᠂ ᠮᠣᠩᠭᠤᠯ ᠨᠡᠷ᠎ᠡ ᠨᠢ ᠨᠦᠬᠡᠲᠦ ᠪᠣᠯᠠᠢ᠃ ᠴᠠᠩ ᠰᠦᠢ᠂ ᠮᠣᠩᠭᠤᠯ ᠢᠶᠠᠷ ᠤᠷᠲᠤ᠃  ᠭᠤᠷᠪᠠᠨ ᠨᠦᠬᠡᠰ ᠢᠨᠦ ᠲᠡᠭᠦᠨ ᠤ ᠶᠡᠷᠦᠩᠬᠡᠢ ᠨᠡᠷ᠎ᠡ ᠪᠤᠯᠠᠢ᠃ ᠬᠦᠷ ᠴᠠᠭᠠᠨ ᠨᠠᠭᠤᠷ ᠵᠡᠭᠦᠨ ᠭᠠᠷᠤᠨ ᠬᠤᠰᠢᠭᠤᠨ ᠠᠴᠠ ᠵᠡᠭᠦᠨ ᠤᠷᠤᠭᠰᠢ ᠵᠢᠷᠠᠨ ᠲᠠᠪᠤᠨ ᠭᠠᠵᠠᠷ ᠲᠤᠷ ᠠᠮᠤᠢ᠃ ᠨᠤᠲᠤᠭ ᠤᠨ ᠨᠡᠷᠡᠶᠢᠳᠦᠯ ᠨᠢ ᠬᠦᠷ ᠴᠠᠭᠠᠨ ᠨᠠᠭᠤᠷ᠃ ᠭᠤᠪᠢ ᠮᠠᠩᠬᠠᠨ ᠳᠤ ᠬᠡᠳᠦᠨ ᠠᠷᠪᠠᠨ ᠭᠠᠵᠠᠷ ᠤᠷᠤᠰᠤᠮᠤᠢ᠂  ᠡᠬᠢ ᠢᠨᠦ ᠬᠤᠶᠠᠷ ᠪᠣᠢ᠃ ᠵᠡᠭᠦᠨ ᠡᠮᠦᠨ᠎ᠡ ᠠᠴᠠ ᠨᠦᠬᠡᠲᠦ ᠭᠤᠣᠯ᠂ ᠴᠠᠬᠠᠷ ᠤᠨ ᠰᠢᠯᠤᠭᠤᠨ ᠬᠥᠬᠡ ᠬᠤᠰᠢᠭᠤᠨ ᠤ ᠬᠤᠶᠢᠲᠤ ᠬᠢᠵᠠᠭᠠᠷ ᠠᠴᠠ ᠤᠷᠤᠰᠤᠨ ᠢᠷᠠᠵᠤ᠂ ᠪᠠᠷᠠᠭᠤᠨ ᠭᠠᠷᠤᠨ ᠬᠤᠰᠢᠭᠤᠨ ᠠᠴᠠ ᠤᠷᠤᠭᠰᠢ ᠨᠠᠶᠠᠨ ᠭᠠᠵᠠᠷ  ᠲᠤ ᠬᠢ ᠬᠡᠰᠡᠭ ᠠᠭᠤᠯᠠ ᠶᠢᠨ ᠬᠤᠶᠢᠭᠤᠷ ᠨᠠᠭᠤᠷ ᠲᠤ ᠴᠢᠳᠬᠤᠮᠤᠢ᠃ ᠡᠮᠦᠨ᠎ᠡ ᠠᠴᠠ ᠢᠷᠡᠬᠦ ᠤᠷᠲᠤ ᠭᠤᠣᠯ ᠠᠨᠤ ᠬᠤᠷᠠᠬᠤ ᠠᠭᠤᠯᠠᠨ ᠠᠴᠠ ᠡᠬᠢ ᠠᠪᠤᠨ ᠭᠤᠷᠪᠠᠨ ᠭᠤᠣᠯ ᠨᠡᠶᠢᠯᠡᠨ ᠬᠦᠷ ᠨᠠᠭᠤᠷ ᠲᠤᠷ ᠴᠢᠳᠬᠤᠮᠤᠢ᠃ ᠁ ᠭᠤᠷᠪᠠᠨ ᠭᠤᠣᠯ ᠨᠡᠶᠢᠯᠡᠭᠰᠡᠨ ᠠᠴᠠ ᠮᠣᠩᠭᠤᠯᠴᠤᠳ ᠭᠤᠷᠪᠠᠨ ᠭᠤᠣᠯ ᠬᠡᠮᠡᠵᠦᠬᠦᠢ︾ ﹇10﹈ ᠭᠡᠵᠦ ᠲᠡᠮᠳᠡᠭᠯᠡᠭᠰᠡᠨ ᠨᠢ ᠴᠦ ︽ᠭᠤᠷᠪᠠᠨ ᠨᠦᠬᠡᠰ︾ ᠭᠡᠳᠡᠭ ᠲᠠᠢ ᠬᠤᠯᠪᠣᠭᠳᠠᠵᠤ ᠪᠠᠶᠢᠨ᠎ᠠ᠃    ᠬᠠᠷᠢᠨ ᠨᠢᠭᠡᠨ ᠵᠦᠢᠯ ᠢ ᠬᠠᠪᠴᠢᠭᠤᠯᠤᠨ ᠶᠠᠷᠢᠶ᠎ᠠ᠃ ︽ᠮᠣᠩᠭᠤᠯ ᠬᠤᠰᠢᠭᠤ ᠨᠤᠲᠤᠭ ᠤᠨ ᠲᠡᠮᠳᠡᠭᠯᠡᠯ︾ ᠤᠨ ᠮᠣᠩᠭᠤᠯ ᠣᠷᠴᠢᠭᠤᠯᠭ᠎ᠠ ᠳᠤ ᠤᠭ ᠡᠬᠢ ᠳᠠᠬᠢ ︽固爾班烏斯克河︾ ᠭᠡᠳᠡᠭ ᠢ ︽ᠨᠤᠲᠤᠭ ᠤᠨ ᠭᠠᠵᠠᠷ ᠲᠤᠷ ᠭᠤᠷᠪᠠᠨ ᠦᠰᠦᠭ ᠤᠨ ᠭᠤᠣᠯ ᠪᠣᠢ︾ ﹇11﹈ ᠭᠡᠵᠦ ᠣᠷᠴᠢᠭᠤᠯᠵᠠᠢ᠃ ᠠᠳᠡ ᠤᠭ ᠡᠬᠢ ᠳᠠᠬᠢ ᠠᠪᠢᠶᠠᠴᠢᠯᠠᠭ᠎ᠠ ᠶᠢᠨ ᠠᠨᠳᠠᠭᠤᠷᠠᠯ ᠭᠠᠷᠤᠭᠰᠠᠨ ᠠᠴᠠ ᠣᠷᠴᠢᠭᠤᠯᠭ᠎ᠠ ᠶᠢᠨ ᠠᠯᠳᠠᠭ᠎ᠠ ᠭᠠᠷᠤᠭᠰᠠᠨ ᠪᠣᠯᠣᠯᠲᠠᠢ᠃ ︽烏斯克︾ ᠭᠡᠳᠡᠭ ᠦᠭᠡ ᠨᠢ ᠮᠣᠩᠭᠤᠯ ᠭᠠᠵᠠᠷ ᠤᠨ ᠵᠢᠷᠤᠭ ᠳᠡᠭᠡᠷᠡᠬᠢ ︽ᠨᠦᠬᠡᠰ︾ ᠭᠡᠳᠡᠭ ᠦᠭᠡ ᠶᠢᠨ ᠳᠤᠰᠤᠯ ᠢ ᠨᠢ ᠣᠷᠬᠢᠨ ︽ᠦᠭᠡᠰ︾ ᠪᠣᠯᠭᠠᠨ ᠤᠩᠰᠢᠭᠠᠳ ︽烏克斯︾ ᠭᠡᠵᠦ ᠪᠢᠴᠢᠬᠦ ᠭᠡᠳ︽烏斯克︾ ᠭᠡᠵᠦ ᠠᠪᠢᠶ᠎ᠠ ᠲᠣᠩᠭᠤᠷᠠᠭᠤᠯᠵᠤ ᠪᠢᠴᠢᠭᠰᠡᠨ ᠪᠠᠶᠢᠬᠤ ᠮᠠᠭᠠᠳᠯᠠᠯ ᠲᠠᠢ᠃ ᠡᠰᠡᠪᠡᠯ ︽ᠭᠤᠷᠪᠠᠨ ᠤᠰᠤ︾ ᠭᠡᠰᠡᠨ ᠦᠭᠡ ᠶᠢᠨ ᠠᠪᠢᠶᠠᠯᠠᠭ᠎ᠠ ᠪᠠᠶᠢᠬᠤ ᠪᠣᠯᠣᠮᠵᠢ ᠲᠠᠢ᠃ ᠶᠠᠭᠤ ᠴᠦ ᠭᠡᠰᠡᠨ ︽ᠭᠤᠷᠪᠠᠨ ᠦᠰᠦᠭ︾ ᠭᠡᠳᠡᠭ ᠨᠡᠷ᠎ᠡ ᠲᠠᠢ ᠭᠤᠣᠯ ᠰᠥᠨᠢᠳ ᠵᠡᠭᠦᠨ ᠬᠤᠰᠢᠭᠤᠨ ᠤ ᠨᠤᠲᠤᠭ ᠠᠴᠠ ᠣᠯᠳᠠᠬᠤ ᠦᠭᠡᠢ ᠪᠠᠶᠢᠨ᠎ᠠ᠃ ᠶᠡᠷᠦ ᠨᠢ ᠴᠢᠩ ᠤᠯᠤᠰ ᠤᠨ ᠦᠶ᠎ᠡ ᠶᠢᠨ ᠬᠢᠲᠠᠳ ᠰᠤᠷᠪᠤᠯᠵᠢ ᠳᠤ ᠮᠣᠩᠭᠤᠯ ᠭᠠᠵᠠᠷ ᠤᠰᠤᠨ ᠤ ᠨᠡᠷ᠎ᠡ᠂ ᠬᠥᠮᠥᠨ ᠤ ᠨᠡᠷ᠎ᠡ ᠶᠢ ᠠᠪᠢᠶᠠᠴᠢᠯᠠᠨ ᠪᠢᠴᠢᠬᠦ ᠳᠡᠭᠡᠨ ᠪᠤᠷᠤᠭᠤ ᠭᠠᠯᠢᠭᠯᠠᠬᠤ᠂ ᠲᠣᠩᠭᠤᠷᠠᠭᠤᠯᠤᠨ ᠭᠠᠯᠢᠭᠯᠠᠬᠤ ᠵᠡᠷᠭᠡ ᠦᠵᠡᠭᠳᠡᠯ ᠵᠥᠩᠳᠡᠭᠡᠨ ᠬᠠᠷᠠᠭᠳᠠᠳᠠᠭ ᠶᠤᠮ᠃ ᠡᠨᠡ ᠲᠠᠯ᠎ᠠ ᠪᠠᠷ ᠳᠠᠷᠠᠭᠠᠴᠢ ᠶᠢᠨ ᠰᠤᠳᠤᠯᠤᠯ ᠳᠤ ᠲᠣᠳᠣᠷᠠᠭᠤᠯᠬᠤ ᠪᠣᠯᠣᠨ᠎ᠠ᠃   ᠡᠮᠦᠨᠡᠬᠢ ᠲᠡᠦᠬᠡᠨ ᠰᠤᠷᠪᠤᠯᠵᠢ ᠳᠤ ᠭᠠᠷᠴᠤ ᠪᠣᠢ ︽ᠤᠷᠲᠤ ᠭᠤᠣᠯ︾ ᠨᠢ ᠰᠥᠨᠢᠳ ᠵᠡᠭᠦᠨ ᠬᠤᠰᠢᠭᠤᠨ ᠤ ᠪᠠᠶᠠᠨᠨᠠᠭᠤᠷ ᠪᠠᠯᠭᠠᠰᠤᠨ ᠤ ᠳᠠᠪᠰᠢᠯᠲᠠ ᠭᠠᠴᠠᠭᠠᠨ ᠤ ᠨᠤᠲᠤᠭ ᠲᠠᠬᠢ ᠤᠷᠲᠤ ᠪᠤᠯᠠᠭ ᠪᠣᠯᠣᠯᠲᠠᠢ᠃ ᠤᠷᠲᠤ ᠪᠤᠯᠠᠭ  ᠨᠢ ︽ᠵᠡᠭᠦᠨ ᠤᠷᠳᠤᠷᠢᠭ ᠤᠨ114。52' 46.5''  ᠂ ᠤᠮᠠᠷᠠᠲᠤ ᠥᠷᠭᠡᠷᠢᠭ ᠤᠨ 43。13' 17.5'' ᠲᠤ ᠪᠠᠶᠢᠷᠢᠰᠢᠵᠤ᠂ ᠳᠠᠯᠠᠢ ᠲᠦᠪᠰᠢᠨ ᠠᠴᠠ1054 ᠮᠧᠲᠷ ᠥᠨᠳᠥᠷ ᠲᠤ ᠡᠷᠭᠦᠭᠳᠡᠵᠦ ᠪᠠᠶᠢᠳᠠᠭ᠃ ᠨᠥᠬᠦᠰ ᠤᠨ ᠭᠤᠣᠯ ᠳᠤ ᠴᠢᠳᠬᠤᠳᠠᠭ ᠣᠷᠭᠢᠯᠤᠮᠠᠯ ᠪᠤᠯᠠᠭ︾ ﹇12﹈ ᠲᠣᠳᠣᠷᠬᠠᠶᠢᠯᠠᠭᠰᠠᠨ ᠪᠣᠢ᠃ ᠳᠠᠷᠤᠢ ︽ᠨᠥᠬᠦᠰ ᠤᠨ ᠭᠤᠣᠯ ᠳᠤ ᠴᠢᠳᠬᠤᠳᠠᠭ︾ ᠭᠡᠬᠦ ᠲᠣᠳᠣᠷᠬᠠᠶᠢᠯᠠᠯᠲᠠ ᠨᠢ ᠲᠡᠦᠬᠡᠨ ᠰᠤᠷᠪᠤᠯᠵᠢ ᠶᠢᠨ ᠮᠡᠳᠡᠭᠡ ᠵᠠᠩᠭᠢ ᠲᠠᠢ ᠨᠡᠶᠢᠯᠡᠵᠦ ᠪᠠᠶᠢᠨ᠎ᠠ᠃   ︽ᠪᠡᠷᠬᠡ ᠶᠢᠨ ᠭᠤᠣᠯ ︵ᠲᠠᠰᠤᠷᠬᠠᠢ ᠭᠤᠣᠯ︶ ᠁ ᠪᠠᠶᠠᠨᠨᠠᠭᠤᠷ ᠪᠠᠯᠭᠠᠰᠤᠨ ᠤ ᠵᠢᠪᠬᠤᠯᠠᠩᠲᠤ ᠭᠠᠴᠠᠭᠠᠨ ᠤ ᠨᠤᠲᠤᠭ᠂ ᠵᠡᠭᠦᠨ ᠤᠷᠳᠤᠷᠢᠭ ᠤᠨ114。 42' 35.6''  ᠂ ᠤᠮᠠᠷᠠᠲᠤ ᠥᠷᠭᠡᠷᠢᠭ ᠤᠨ 43。13' 02.6''  ᠲᠤ ᠪᠠᠶᠢᠷᠢᠰᠢᠵᠤ᠂ ᠳᠠᠯᠠᠢ ᠶᠢᠨ ᠲᠦᠪᠰᠢᠨ ᠠᠴᠠ1099 ᠮᠧᠲᠷ ᠥᠨᠳᠥᠷ ᠲᠤ ᠡᠷᠭᠦᠭᠳᠡᠵᠦ ᠪᠠᠶᠢᠳᠠᠭ᠃ ᠡᠨᠡ ᠭᠤᠣᠯ ᠨᠢ ᠁ ᠣᠯᠠᠨ ᠪᠤᠯᠠᠭ ᠲᠠᠢ ᠁᠃ ᠡᠷᠲᠡ ᠦᠶ᠎ᠡ ᠡᠨᠡ ᠭᠤᠣᠯ ᠢ ᠭᠤᠷᠪᠠᠨ ᠨᠥᠬᠦᠰ ᠤᠨ ᠪᠠᠷᠠᠭᠤᠨ ᠨᠥᠬᠦᠰ ᠭᠡᠵᠦ ᠳᠠᠭᠤᠳᠠᠳᠠᠭ ᠪᠠᠶᠢᠭᠰᠠᠨ ᠪᠥᠭᠡᠳ ᠳᠡᠨᠵᠢᠨ ᠳᠤᠨᠢ ᠨᠤᠲᠤᠭᠰᠢᠵᠤ ᠪᠠᠶᠢᠭᠰᠠᠨ ᠠᠬ᠎ᠠ ᠳᠡᠭᠦᠦ ᠭᠤᠷᠪᠠᠨ ᠪᠠᠶᠠᠨ ᠪᠤᠯᠠᠭ ᠤᠳ ᠢ ᠨᠢ ᠳᠠᠬᠢᠬᠤ ᠤᠩᠰᠢᠯᠭ᠎ᠠ ᠳᠤ ᠪᠡᠨ‌ᠠᠭᠤᠯᠠ᠂ ᠷᠠᠰᠢᠶᠠᠨ᠂ ᠭᠤᠷᠪᠠᠨ ᠨᠥᠬᠦᠰ ᠭᠡᠰᠡᠨ ᠥᠭᠦᠯᠡᠪᠦᠷᠢ ᠶᠢ ᠬᠡᠷᠡᠭᠯᠡᠵᠦ ᠪᠠᠶᠢᠯ᠎ᠠ ᠭᠡᠰᠡᠨ ᠤᠯᠠᠮᠵᠢᠯᠠᠯ ᠶᠠᠷᠢᠶ᠎ᠠ ᠲᠠᠢ︾ ﹇13﹈  ᠠᠵᠢ᠃   ᠡᠶᠢᠨ ᠬᠦ ᠤᠷᠤᠰᠬᠠᠯ ᠨᠡᠶᠢᠯᠡᠨ ᠤᠷᠤᠰᠳᠠᠭ ᠡᠨᠡ ᠭᠤᠷᠪᠠᠨ ᠭᠤᠣᠯ ᠢ ᠭᠤᠷᠪᠠᠨ ᠨᠦᠬᠡᠰ ᠭᠡᠳᠡᠭ ᠪᠠᠶᠢᠭᠰᠠᠨ ᠨᠢ ᠲᠣᠳᠣ ᠪᠣᠯᠵᠤ ᠢᠷᠠᠪᠠ᠃ ᠨᠡᠷᠡᠶᠢᠳᠦᠯ ᠪᠠ ᠭᠠᠵᠠᠷ ᠵᠦᠢ ᠶᠢᠨ ᠪᠠᠶᠢᠷᠢᠰᠢᠯ ᠢᠶᠠᠷ ᠨᠢ ᠦᠵᠡᠭᠰᠡᠨ ᠴᠦ ᠣᠳᠣ ᠶᠢᠨ ᠨᠦᠬᠡᠰ ᠤᠨ ᠭᠤᠣᠯ ᠨᠢ ᠡᠷᠲᠡ ᠦᠶ᠎ᠡ ᠳᠡᠭᠡᠨ ᠢᠩᠭᠢᠵᠦ ᠨᠡᠷᠡᠯᠡᠭᠳᠡᠵᠦ ᠪᠠᠶᠢᠵᠠᠢ ᠭᠡᠳᠡᠭ ᠨᠢ ᠴᠦ ᠮᠠᠳᠠᠭ ᠦᠭᠡᠢ ᠲᠣᠳᠣᠯᠠᠭᠳᠠᠵᠤ ᠪᠠᠶᠢᠨ᠎ᠠ᠃   ᠤᠴᠢᠷ ᠨᠢ ᠵᠠᠩ ᠮᠦ ᠡᠨᠡ ᠲᠡᠮᠳᠡᠭᠯᠡᠯ ᠳᠤ ︽努克黑忒︾ ᠭᠡᠵᠦ ᠬᠢᠲᠠᠳ ᠢᠶᠠᠷ ᠠᠪᠢᠶᠠᠴᠢᠯᠠᠨ ᠪᠢᠴᠢᠭᠰᠡᠨ ᠨᠢ ︽ᠨᠦᠬᠡᠲᠦ︾ ᠪᠤᠶᠤ ︽ᠨᠦᠬᠡᠲᠡᠢ︾ ᠭᠡᠰᠡᠨ ᠮᠣᠩᠭᠤᠯ ᠦᠭᠡ ᠪᠣᠯᠣᠨ᠎ᠠ᠃ ᠮᠥᠨ ᠪᠠᠰᠠ ᠨᠢᠭᠡᠨ ᠲᠡᠦᠬᠡᠨ ᠰᠤᠷᠪᠤᠯᠵᠢ ᠳᠤ ︽ᠨᠦᠬᠡᠲᠦ(努黑特) ᠭᠤᠣᠯ ᠰᠢᠯᠤᠭᠤᠨ ᠬᠥᠬᠡ ᠠᠴᠠ ᠬᠤᠶᠢᠰᠢ ᠵᠢᠷᠠᠨ ᠨᠢᠭᠡᠨ ᠭᠠᠵᠠᠷ ᠵᠢᠷᠢᠮᠲᠠᠢ ᠨᠠᠭᠤᠷ ᠠᠴᠠ ᠪᠠᠷᠠᠭᠤᠨ ᠬᠤᠶᠢᠰᠢ ᠤᠷᠤᠰᠤᠨ ᠠᠪᠠᠭ᠎ᠠ ᠪᠠᠷᠠᠭᠤᠨ ᠬᠤᠰᠢᠭᠤᠨ ᠤ ᠬᠢᠵᠠᠭᠠᠷ ᠲᠤ ᠣᠷᠣᠮᠤᠢ︾  ᠭᠡᠵᠦ ᠪᠢᠴᠢᠭᠰᠡᠨ ᠪᠠᠶᠢᠭ᠎ᠠ ᠨᠢ ᠰᠥᠨᠢᠳ ᠵᠡᠭᠦᠨ ᠬᠤᠰᠢᠭᠤᠨ  ᠳᠤ ᠬᠢ ᠨᠦᠬᠡᠰ ᠤᠨ ᠭᠤᠣᠯ ᠤᠨ ᠡᠬᠢ ᠶᠢ ᠨᠤᠲᠠᠯᠠᠨ ᠦᠵᠡᠭᠦᠯᠵᠦ ᠪᠠᠶᠢᠨ᠎ᠠ᠃   ᠳᠡᠭᠡᠷᠡᠬᠢ ᠬᠠᠷᠢ ᠬᠡᠯᠡ ᠪᠠᠷ ᠠᠪᠢᠶᠠᠴᠢᠯᠠᠭᠰᠠᠨ ᠳᠠᠭᠤᠳᠠᠯᠭ᠎ᠠ ᠶᠢ ︽ᠨᠥᠬᠦᠲᠦ︾ ᠭᠡᠵᠦ ᠤᠩᠰᠢᠬᠤ ᠠᠷᠭ᠎ᠠ ᠦᠭᠡᠢ᠃ ᠤᠴᠢᠷ ᠨᠢ ᠮᠣᠩᠭᠤᠯ ᠬᠡᠯᠡᠨ ᠤ ᠦᠭᠡ ᠪᠦᠲᠦᠭᠡᠬᠦ ᠵᠠᠷᠴᠢᠮ ᠢᠶᠠᠷ ︽ᠨᠥᠬᠦ︾ ᠭᠡᠳᠡᠭ ᠢᠵᠠᠭᠤᠷ ᠲᠤ ︽ ᠳᠤ︾ ᠳᠠᠭᠠᠪᠤᠷᠢ ᠶᠢ ᠵᠠᠯᠭᠠᠨ᠂ ︽ᠨᠥᠬᠦᠲᠦ︾ ᠭᠡᠬᠦ ᠦᠭᠡ ᠪᠦᠲᠦᠬᠦ ᠪᠣᠯᠣᠮᠵᠢ ᠦᠭᠡᠢ᠃ ᠬᠠᠷᠢᠨ ︽ᠨᠦᠬᠡ︾ ᠭᠡᠳᠡᠭ ᠦᠭᠡᠨ ᠳᠤ ︽ ᠳᠤ︾᠂ ︽ ᠤᠨ︾ ᠪᠤᠶᠤ ︽‍ᠰ︾ ᠳᠠᠭᠠᠪᠤᠷᠢ ᠵᠠᠯᠭᠠᠵᠤ᠂ ︽ᠨᠦᠬᠡᠲᠦ︾᠂ ︽ᠨᠦᠬᠡᠳ︾ ᠂ ︽ᠨᠦᠬᠡᠰ︾ ᠭᠡᠵᠦ ᠦᠭᠡ ᠪᠦᠲᠦᠭᠡᠵᠦ ᠪᠣᠯᠣᠨ᠎ᠠ᠃    ᠲᠡᠶᠢᠮᠦ ᠠᠴᠠ ᠳᠡᠭᠡᠷᠡᠬᠢ ᠪᠠᠷᠢᠮᠲᠠ ᠨᠤᠭᠤᠳ ᠲᠤ ᠦᠨᠳᠦᠰᠦᠯᠡᠨ᠂ ᠡᠨᠡ ᠬᠦ ᠭᠤᠣᠯ ᠤᠨ ᠨᠡᠷᠡᠶᠢᠳᠦᠯ ᠨᠢ ︽ᠨᠦᠬᠡᠰ ᠤᠨ ᠭᠤᠣᠯ︾ ᠬᠡᠮᠡᠨ ᠪᠢᠴᠢᠬᠦ ᠨᠢ ᠵᠥᠪ ᠭᠡᠳᠡᠭ ᠢ ᠨᠤᠲᠠᠯᠠᠵᠤ ᠪᠣᠯᠬᠤ ᠪᠥᠭᠡᠳ ︽ᠭᠤᠷᠪᠠᠨ ᠨᠦᠬᠡᠰ︾ ᠭᠡᠳᠡᠭ ᠨᠢ ᠬᠠᠭᠤᠴᠢᠨ ᠨᠡᠷᠡᠶᠢᠳᠦᠯ ᠪᠠᠶᠢᠭᠰᠠᠨ ᠭᠡᠳᠡᠭ ᠢ ᠴᠦ ᠲᠣᠳᠣᠷᠬᠠᠶᠢᠯᠠᠵᠤ ᠪᠣᠯᠬᠤ ᠶᠤᠮ᠃  ᠬᠢᠲᠠᠳ ᠢᠶᠠᠷ ᠨᠦᠬᠡᠰ ᠤᠨ ᠭᠤᠣᠯ ᠢ ︽努和斯音高勒︾﹇14﹈  ᠂ ︽努贺斯因高勒︾  ﹇15﹈  ᠂  ︽努格斯高勒︾ ﹇16﹈  ᠂  ︽努格斯郭勒︾ ﹇17﹈  ᠭᠡᠬᠦ ᠮᠡᠲᠦ ᠠᠳᠠᠯᠢ ᠪᠤᠰᠤ ᠪᠠᠷ ᠠᠪᠢᠶᠠᠴᠢᠯᠠᠨ ᠲᠡᠮᠳᠡᠭᠯᠡᠵᠦ ᠪᠣᠢ᠃  ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠭᠠᠵᠠᠷ ᠤᠨ ᠨᠡᠷ᠎ᠡ ᠶᠢᠨ ᠬᠠᠮᠢᠶᠠᠷᠤᠯᠲᠠ ᠶᠢᠨ ᠳᠦᠷᠢᠮ︾ ᠤᠨ ᠲᠠᠪᠤᠳᠤᠭᠠᠷ ᠵᠤᠷᠪᠤᠰ ᠤᠨ ᠳᠥᠷᠪᠡᠳᠦᠭᠡᠷ ᠵᠦᠢᠯ ᠳᠤ ᠬᠢ︽ᠨᠢᠭᠡ ᠭᠠᠵᠠᠷ ᠤᠨ ᠣᠯᠠᠨ ᠨᠡᠷ᠎ᠡ᠂ ᠨᠢᠭᠡ ᠨᠡᠷ᠎ᠡ ᠶᠢᠨ ᠣᠯᠠᠨ ᠵᠦᠢᠯ ᠤᠨ ᠪᠢᠴᠢᠯᠭᠡ ᠶᠢ ᠨᠢᠭᠡᠳᠦᠮᠡᠯ ᠨᠢᠭᠡᠨ ᠨᠡᠷ᠎ᠡ ᠪᠤᠶᠤ ᠦᠭᠡ ᠪᠠᠷ ᠲᠣᠭᠲᠠᠭᠠᠬᠤ ᠬᠡᠷᠡᠭᠲᠡᠢ︾ ﹇18﹈  ᠭᠡᠬᠦ ᠲᠣᠭᠲᠠᠭᠠᠯ ᠤᠨ ᠳᠠᠭᠠᠤ ︽ᠮᠣᠩᠭᠤᠯ ᠭᠠᠵᠠᠷ ᠤᠨ ᠨᠡᠷ᠎ᠡ ᠶᠢᠨ ᠠᠪᠢᠶᠠᠴᠢᠯᠠᠭ᠎ᠠ ᠶᠢᠨ ᠳᠦᠷᠢᠮ︾ ﹇19﹈  ᠢᠶᠠᠷ ᠪᠠᠷᠢᠮᠵᠢᠶᠠᠯᠠᠨ ᠬᠢᠲᠠᠳ ᠳᠠᠭᠤᠳᠠᠯᠭ᠎ᠠ ᠶᠢ ᠨᠢ ︽努和斯音高勒︾ ᠬᠡᠮᠡᠨ ᠨᠢᠭᠡᠳᠬᠡᠬᠦ ᠰᠠᠨᠠᠯ ᠳᠡᠪᠰᠢᠭᠦᠯᠵᠦ ᠪᠠᠶᠢᠨ᠎ᠠ᠃ᠵᠡᠭᠦᠯᠲᠡ᠄ ﹇1﹈ ᠰᠥᠨᠢᠳ ᠵᠡᠭᠦᠨ ᠬᠤᠰᠢᠭᠤᠨ ᠤ ᠤᠯᠤᠰ ᠲᠥᠷᠥ ᠶᠢᠨ ᠵᠥᠪᠯᠡᠯᠭᠡᠨ ᠤ ᠰᠣᠶᠣᠯ ᠲᠡᠦᠬᠡ ᠶᠢᠨ ᠠᠯᠪᠠᠨ ᠭᠡᠷ ᠨᠠᠶᠢᠷᠠᠭᠤᠯᠤᠭᠰᠠᠨ ︽ᠮᠥᠩᠬᠡ ᠨᠤᠲᠤᠭ ᠴᠤᠪᠤᠷᠠᠯ- ᠪᠠᠶᠠᠨᠨᠠᠭᠤᠷ ᠪᠠᠯᠭᠠᠰᠤᠨ ᠤ ᠭᠠᠵᠠᠷ ᠤᠨ ᠨᠡᠷ᠎ᠡ︾᠂2010 ᠣᠨ ᠂221 ᠳ᠋ᠦ᠋ᠭᠡᠷ ᠨᠢᠭᠤᠷ᠃ ﹇2﹈  ᠳ᠋᠊· ᠴᠠᠭᠠᠨ ᠨᠠᠶᠢᠷᠠᠭᠤᠯᠪᠠ  ︽ᠰᠥᠨᠢᠳ ᠵᠡᠭᠦᠨ ᠬᠤᠰᠢᠭᠤᠨ ᠤ ᠭᠠᠵᠠᠷ ᠤᠨ ᠨᠡᠷᠡᠰ ᠤᠨ ᠳᠣᠮᠤᠭ︾᠂ ᠰᠥᠨᠢᠳ ᠵᠡᠭᠦᠨ ᠬᠤᠰᠢᠭᠤᠨ ᠤ ᠤᠯᠤᠰ ᠲᠥᠷᠥ ᠶᠢᠨ ᠵᠥᠪᠯᠡᠯᠭᠡᠨ ᠤ ᠰᠣᠶᠣᠯ ᠲᠡᠦᠬᠡ ᠶᠢᠨ ᠵᠥᠪᠯᠡᠯ᠂2004 ᠣᠨ ᠂165 ᠳ᠋ᠤᠭᠠᠷ ᠨᠢᠭᠤᠷ᠃ ﹇3﹈ ᠶᠣ· ᠡᠷᠳᠡᠨᠢᠲᠣᠭᠲᠠᠬᠤ ᠭᠤᠣᠯᠯᠠᠨ ᠨᠠᠶᠢᠷᠠᠭᠤᠯᠤᠭᠰᠠᠨ ︽ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠣᠶᠣᠯ ᠤᠨ ᠲᠡᠮᠳᠡᠭ ᠴᠤᠪᠤᠷᠠᠯ ᠪᠢᠴᠢᠭ- ᠰᠥᠨᠢᠳ ᠵᠡᠭᠦᠨ ᠬᠤᠰᠢᠭᠤᠨ ᠤ ᠪᠣᠳᠢ︾᠂ ᠥᠪᠥᠷ ᠮᠣᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠂2018 ᠣᠨ᠂ 417 ᠳ᠋ᠤᠭᠠᠷ ᠨᠢᠭᠤᠷ᠃﹇4﹈   ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠵᠠᠷ ᠤᠨ ᠵᠢᠷᠤᠭ ᠤᠨ ᠲᠡᠭᠦᠪᠦᠷᠢ︾᠂ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠤᠪᠢᠰᠬᠠᠯ ᠤᠨ ᠵᠥᠪᠯᠡᠯ ᠤᠨ ᠬᠡᠮᠵᠢᠨ ᠵᠢᠷᠤᠬᠤ ᠲᠣᠪᠴᠢᠶ᠎ᠠ᠂1979 ᠣᠨ᠂62-63 ᠳ᠋ᠤᠭᠠᠷ ᠨᠢᠭᠤᠷ᠃﹇5﹈ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠵᠠᠷ ᠤᠨ ᠵᠢᠷᠤᠭ ‍ᠤᠨ‌‍ᠲ᠋ᠡᠪᠲᠡᠷ︾᠂ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ  ᠬᠡᠮᠵᠢᠨ ᠵᠢᠷᠤᠬᠤ ᠲᠣᠪᠴᠢᠶ᠎ᠠ᠂1987 ᠣᠨ᠂97- 98 ᠳ᠋ᠤᠭᠠᠷ ᠨᠢᠭᠤᠷ᠃ ﹇6﹈ ᠰᠥᠨᠢᠳ ᠵᠡᠭᠦᠨ ᠬᠤᠰᠢᠭᠤᠨ ᠤ ᠭᠠᠵᠠᠷ ᠤᠨ ᠨᠡᠷᠡᠰ ᠤᠨ ᠵᠥᠪᠯᠡᠯ ︽ᠰᠥᠨᠢᠳ ᠵᠡᠭᠦᠨ ᠬᠤᠰᠢᠭᠤᠨ ᠤ ᠭᠠᠵᠠᠷ ᠤᠨ ᠨᠡᠷᠡᠰ ᠤᠨ ᠲᠡᠮᠳᠡᠭᠯᠡᠯ︾᠂1995 ᠣᠨ᠂260᠂265 ᠳ᠋ᠤᠭᠠᠷ ᠨᠢᠭᠤᠷ᠃ ﹇7﹈ ︽ᠬᠠᠭᠠᠨ ᠤ ᠬᠢᠵᠠᠭᠠᠷ ᠤᠨ ᠪᠦᠭᠦᠳᠡ ᠲᠣᠶᠢᠮᠣ ᠵᠢᠷᠤᠭ︾᠂ ᠲᠠᠶᠢᠴᠢᠩ ᠭᠦᠷᠦᠨ ᠤ ᠡᠩᠬᠡ ᠠᠮᠤᠭᠤᠯᠠᠩ ᠤᠨ ᠲᠠᠪᠢᠨ ᠨᠠᠢᠮᠠᠳᠤᠭᠠᠷ ᠣᠨ᠃ ﹇8﹈ ︽ᠰᠥᠨᠢᠳ ᠵᠡᠭᠦᠨ ᠭᠠᠷᠤᠨ ᠬᠤᠰᠢᠭᠤᠨ ᠤ ᠭᠠᠵᠠᠷ ᠤᠨ ᠵᠢᠷᠤᠭ︾᠂ ᠪᠠᠳᠠᠷᠠᠭᠤᠯᠲᠤ ᠲᠥᠷᠥ ᠶᠢᠨ ᠠᠷᠪᠠᠨ ᠵᠢᠷᠭᠤᠳᠤᠭᠠᠷ ᠣᠨ ᠤ ᠡᠪᠦᠯ ᠤᠨ ᠳᠤᠮᠳᠠᠳᠤ ᠰᠠᠷ᠎ᠠ ᠶᠢᠨ ᠬᠤᠷᠢᠨ ᠳᠥᠷᠪᠡᠨ᠃ ﹇9﹈《钦定四库全书》《钦定大清一统志》卷四百七,苏尼特。 ﹇10﹈张穆《蒙古游牧记》,文海出版社,中华民国五十四年十二月,200页。 ﹇11﹈ ᠵᠠᠩ ᠮᠦ ︽ᠮᠣᠩᠭᠤᠯ ᠬᠤᠰᠢᠭᠤ ᠨᠤᠲᠤᠭ ᠤᠨ ᠲᠡᠮᠳᠡᠭᠯᠡᠯ︾ ︵ᠨᠠᠮᠶᠤᠨ᠂ ᠪᠠᠨᠼᠠᠷᠠᠭᠴᠠ ᠮᠣᠩᠭᠤᠯᠴᠢᠯᠠᠪᠠ︶᠂ ᠦᠨᠳᠦᠰᠦᠲᠡᠨ ᠤ ᠬᠡᠪᠯᠡᠯ ᠤᠨ ᠬᠤᠷᠢᠶ᠎ᠠ᠂1988 ᠣᠨ᠂393 ᠳ᠋ᠤᠭᠠᠷ ᠨᠢᠭᠤᠷ᠃ ﹇12﹈ ᠰᠥᠨᠢᠳ ᠵᠡᠭᠦᠨ ᠬᠤᠰᠢᠭᠤᠨ ᠤ ᠤᠯᠤᠰ ᠲᠥᠷᠥ ᠶᠢᠨ ᠵᠥᠪᠯᠡᠯᠭᠡᠨ ᠤ ᠰᠣᠶᠣᠯ ᠲᠡᠦᠬᠡ ᠶᠢᠨ ᠠᠯᠪᠠᠨ ᠭᠡᠷ ᠨᠠᠶᠢᠷᠠᠭᠤᠯᠤᠭᠰᠠᠨ ︽ᠮᠥᠩᠬᠡ ᠨᠤᠲᠤᠭ ᠴᠤᠪᠤᠷᠠᠯ- ᠪᠠᠶᠠᠨᠨᠠᠭᠤᠷ ᠪᠠᠯᠭᠠᠰᠤᠨ ᠤ ᠭᠠᠵᠠᠷ ᠤᠨ ᠨᠡᠷ᠎ᠡ︾᠂2010 ᠣᠨ ᠂407ᠳ᠋ᠤᠭᠠᠷ ᠨᠢᠭᠤᠷ᠃ ﹇13﹈ ᠰᠥᠨᠢᠳ ᠵᠡᠭᠦᠨ ᠬᠤᠰᠢᠭᠤᠨ ᠤ ᠤᠯᠤᠰ ᠲᠥᠷᠥ ᠶᠢᠨ ᠵᠥᠪᠯᠡᠯᠭᠡᠨ ᠤ ᠰᠣᠶᠣᠯ ᠲᠡᠦᠬᠡ ᠶᠢᠨ ᠠᠯᠪᠠᠨ ᠭᠡᠷ ᠨᠠᠶᠢᠷᠠᠭᠤᠯᠤᠭᠰᠠᠨ ︽ᠮᠥᠩᠬᠡ ᠨᠤᠲᠤᠭ ᠴᠤᠪᠤᠷᠠᠯ- ᠪᠠᠶᠠᠨᠨᠠᠭᠤᠷ ᠪᠠᠯᠭᠠᠰᠤᠨ ᠤ ᠭᠠᠵᠠᠷ ᠤᠨ ᠨᠡᠷ᠎ᠡ︾᠂2010 ᠣᠨ ᠂220 ᠳ᠋ᠦ᠋ᠭᠡᠷ ᠨᠢᠭᠤᠷ᠃ ﹇14﹈ 苏尼特左旗地名委员会编《苏尼特左旗地名志》,1995年,内蒙古文化出版社,265页。 ﹇15﹈ 达·查干    尧·额尔敦陶格陶主编《草原茶叶之路》,内蒙古人民出版社,2019年,259页。 ﹇16﹈ 苏尼特左旗民政局编制《苏尼特左旗地图》,内蒙古自治区地图院制作,2018年12月。 ﹇17﹈﹈锡林郭勒盟民政局 内蒙古自治区地图院编制《锡林郭勒盟地图集》,中煤地西安地图制印有限公司,2017年,33页。 ﹇18﹈ 国务院发布《中华人民共和国地名管理条例》,1986年。 ﹇19﹈ 国家测绘局 总参谋部测绘局制订《蒙古语地名译音规则-CH Ⅵ 》,测绘出版社,1986年。 ᠵᠣᠬᠢᠶᠠᠭᠴᠢ ᠶᠢᠨ ᠬᠠᠶᠠᠭ᠄ ᠥᠪᠥᠷ ᠮᠣᠩᠭᠤᠯ ᠤᠨ ᠪᠠᠭᠰᠢ ᠶᠡᠭᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号