| ᠪᠠᠷᠤᠭ ᠯᠨ 2000 ᠤᠨ ᠤ ᠡᠬᠢ ᠪᠠᠷ ᠪᠢ ᠭᠠᠵᠠᠷ ᠤᠰᠤᠨ ᠤ ᠨᠡᠷ᠎ᠡ ᠶᠢ ᠠᠩᠬᠠᠷᠴᠤ ᠡᠬᠢᠯᠡᠭᠰᠡᠨ ᠪᠢᠯᠨ᠃ | ᠤᠡᠭᠨᠢᠭᠤᠳ ᠬᠤᠰᠢᠭᠤᠨ ᠤ ᠰᠢᠨᠡᠰᠦ᠋ᠮ᠎ᠠ ᠰᠤᠮᠤ ᠨᠠᠭᠠᠳᠤᠮ ᠡᠷᠬᠢᠯᠡᠵᠤ ᠪᠢ ᠰᠤᠷᠪᠤᠯᠵᠢᠯᠠᠬᠤ ᠪᠠᠷ ᠤᠴᠢᠯ᠎ᠠ᠃ | ᠰᠤᠮᠤᠨ ᠤ ᠨᠠᠭᠠᠳᠤᠮ ᠴᠦ ᠪᠠᠢ᠂ ᠬᠤᠰᠢᠭᠤ᠂ ᠠᠶᠢᠮᠠᠭ᠂ ᠤᠷᠤᠨ ᠤ ᠁ ᠨᠠᠭᠠᠳᠤᠮ ᠴᠤᠬᠯᠠᠭᠠᠨ ᠳᠤ ᠴᠦ | ᠵᠢᠬᠰᠠᠭᠠᠯ ᠤᠨ ᠡᠩᠨᠡᠭᠡ ᠪᠤᠯ ᠵᠤᠷᠰᠢᠯ ᠪᠤᠯᠤᠨ ᠲᠤᠬᠳᠠᠨᠰᠠᠨ ᠢ ᠪᠢᠳᠡ ᠶᠠᠭᠤᠨ ᠠᠨᠳᠠᠬᠤ ᠪᠢᠯᠨ︖ ᠨᠠᠶᠢᠷ | ᠬᠦᠳᠦᠯᠦᠭᠴᠢ ᠨᠡᠷ᠎ᠡ ᠶᠢ ᠨᠢ ᠲᠤᠷᠠᠳᠬᠤ ᠪᠠᠷ ︽ᠪᠠᠶ᠋ᠬᠠᠦ᠋ᠳᠤᠷ ᠭᠠᠴᠠᠭ᠎ᠠ︾᠂ ︽ᠪᠠᠶᠠᠨᠨᠠᠭᠤᠷ ᠭᠠᠴᠠᠭ᠎ᠠ︾᠂ ︽ | ᠪᠠᠶᠠᠨᠰᠢᠭᠤᠢ ᠭᠠᠴᠠᠭ᠎ᠠ︾ ᠬᠡᠰᠡᠨ ᠢᠯᠡᠷᠬᠡᠶᠢᠯᠡᠯ ᠲᠠᠢ ᠵᠢᠬᠰᠠᠭᠠᠯ ᠤᠨ ᠡᠩᠨᠡᠭᠡ ᠨᠠᠶᠢᠷ ᠤᠨ ᠲᠠᠶᠢᠵᠠᠨ ᠤ ᠡᠮᠦᠨᠡᠬᠦᠷ | ᠵᠢᠭᠳᠡ ᠦᠡᠭᠬᠡᠷᠡᠨᠡ᠃ ᠴᠢᠬᠢᠨ᠎ᠠ ᠠᠶᠠᠳᠠᠢ᠂ ᠨᠢᠳᠤᠨ᠎ᠡ ᠲᠤᠯᠠᠭᠠᠬᠨ ᠮᠤᠩᠭᠤᠯ ᠨᠡᠷ᠎ᠡ ᠲᠠᠢ ᠭᠠᠴᠠᠭ᠎ᠠ ᠶᠢᠨ ᠠᠷᠤ ᠠᠴᠠ | ︽ᠬᠦᠳ᠋ ᠭᠠᠴᠠᠭ᠎ᠠ︾ ᠬᠡᠰᠡᠨ ᠢᠯᠡᠷᠬᠡᠶᠢᠯᠡᠯ ᠲᠠᠢ ᠵᠢᠬᠰᠠᠭᠠᠯ ᠤᠨ ᠡᠩᠨᠡᠭᠡ ᠲᠠᠯᠪᠢᠭᠠᠳ ᠪᠠᠭᠤᠬᠤ ᠪᠠᠷ ᠪᠢ ︽ᠡᠪᠡᠷ | ᠲᠠᠢ ᠲᠠᠤᠯᠠᠢ ᠦᠵᠡᠭᠰᠡᠨ︾ ᠰᠢᠭ ᠰᠣᠴᠢᠬᠰᠠᠨ ᠶᠤᠮ᠃ | ︽ᠬᠦᠳ᠋ ᠭᠠᠴᠠᠭ᠎ᠠ︾ ᠭᠡᠵᠤ ᠲᠤᠷᠠᠶᠢᠳᠠᠯ᠎ᠠ ᠪᠢᠴᠢᠵᠤ ᠪᠠᠶᠢᠬᠤ ᠪᠠᠷ ᠪᠠᠷᠠᠬᠤ ᠦᠬᠡᠢ ᠬᠦᠳᠦᠯᠦᠭᠴᠢ ᠴᠦ ᠢᠡᠭᠭᠢᠵᠤ | ᠲᠠᠭᠤᠳᠠᠵᠤ ᠪᠠᠶᠢᠭ᠎ᠠ ᠪᠤᠯᠪᠠᠴᠤ ᠵᠢᠷᠤᠭᠯᠠᠭᠠᠳ ᠶᠠᠭᠠᠷᠠᠤ ᠪᠠᠶᠢᠬᠰᠠᠨ ᠪᠤᠯᠬᠤᠷ ᠰᠤᠨᠤᠰᠤᠭᠠᠳ᠂ ᠦᠷᠬᠦᠬᠡᠳ ᠯᠨ | ᠦᠡᠭᠬᠡᠷᠡᠭᠰᠡᠨ ᠠᠴᠠ ᠨᠢᠬᠳᠠᠯᠠᠬᠤ ᠵᠠᠪ ᠪᠠᠶᠢᠬᠰᠠᠨ ᠦᠬᠡᠢ᠃ | ᠬᠡᠳᠤ ᠬᠤᠨᠤᠭ ᠤᠨ ᠬᠢ ᠨᠢ ᠬᠤᠶᠢᠨ᠎ᠠ ᠤᠡᠭᠨᠢᠭᠤᠳ ᠬᠤᠰᠢᠭᠤᠨ ᠤ ᠲᠦᠪ ᠪᠤᠷᠤᠬᠤᠳᠠ ᠪᠠᠯᠭᠠᠰᠤᠨ᠎ᠠ ᠲᠤᠬᠠᠢ | ᠶᠢᠨ ᠨᠤᠳᠤᠭ ᠤᠨ ᠲᠡᠤᠬᠡ ᠰᠤᠶᠤᠯ ᠤᠨ ᠠᠮᠢᠳᠤ ᠲᠤᠯᠢ ᠭᠡᠵᠤ ᠪᠤᠯᠬᠤ ᠨᠠᠮᠳᠠᠶᠢᠰᠦ᠋ᠷᠤᠩ ᠭᠤᠸᠠᠢ ᠲᠠᠢ | ᠠᠭᠤᠯᠵᠠᠭᠠᠳ ᠠᠰᠠᠭᠤᠪᠠᠯ᠄ ︽ᠬᠡᠬᠦᠤᠳᠤ ᠭᠠᠴᠠᠭ᠎ᠠ ᠡ︾ ᠬᠡᠳ ︽ᠠᠢ︕︾ ᠬᠡᠮᠡᠨ ᠰᠡᠬᠦᠷᠡᠰᠤ ᠠᠯᠳᠠᠬᠰᠠᠨ | ᠶᠤᠮ᠃ | ︽ᠬᠡᠬᠦᠤᠳᠤ︾ ᠶᠠᠭᠠᠬᠢᠭᠠᠳ ︽ᠬᠦᠳ᠋︾ ᠪᠤᠯᠪᠠ︖ | ︽ᠬᠡᠬᠦᠤᠳᠤ︾ ᠬᠡᠳᠡᠭ ᠦᠬᠡ ᠶᠢ ᠬᠢᠳᠠᠳ ᠢᠶᠠᠷ ︽古特︾ ᠭᠡᠵᠤ ᠲᠡᠮᠳᠡᠭᠯᠡᠬᠦ ᠨᠢ ᠪᠤᠷᠤᠭᠤ ᠦᠬᠡᠢ᠃ | ᠭᠤᠤᠯ ᠨᠢ ︽古特︾ ᠬᠡᠳᠡᠭ ᠢ ᠰᠢᠭᠤᠳ ᠬᠢᠳᠡᠳ ᠲᠠᠭᠤᠳᠠᠯᠭ᠎ᠠ ᠪᠠᠷ ᠨᠢ ︽ᠬᠦᠳ᠋︾ ᠭᠡᠵᠤ ᠤᠡᠭᠰᠢᠬᠰᠠᠨ | ᠨᠢ ᠯᠨ ᠭᠠᠴᠢᠯᠠᠩ ᠲᠠᠢ᠃ ᠡᠨᠡ ᠪᠤᠯ ᠮᠤᠩᠭᠤᠯ ᠭᠠᠵᠠᠷ ᠤᠰᠤᠨ ᠤ ᠨᠡᠷ᠎ᠡ ᠶᠢᠨ ᠭᠠᠵᠢᠵᠤ ᠪᠤᠢ ᠨᠢᠬᠡᠨ ᠰᠢᠯᠳᠠᠭᠠᠨ | ᠶᠠᠭ ᠦᠬᠡᠢ ᠮᠥᠨ᠃ | ᠤᠭ ᠨᠢ ᠮᠤᠩᠭᠤᠯ ᠨᠡᠷ᠎ᠡ ᠤᠤ︖ ᠬᠢᠳᠡᠳ ᠨᠡᠷ᠎ᠡ ᠤᠤ ᠬᠡᠳᠡᠭ ᠢ ᠰᠠᠨᠠᠭᠠᠨ ᠳᠤ ᠪᠠᠨ ᠦᠯᠤ ᠠᠪᠤᠨ᠂ ᠰᠢᠭᠤᠳ | ᠯᠨ ᠬᠢᠳᠡᠳ ᠪᠢᠴᠢᠯᠬᠡ ᠪᠠᠷ ᠠᠪᠢᠶᠠᠯᠠᠬᠤ ᠠᠴᠠ ᠯᠨ ᠡᠬᠦᠳᠦᠭᠰᠡᠨ ᠪᠤᠯᠤᠮᠵᠢ ᠪᠤᠢ᠃ ᠦᠪᠤᠷ ᠮᠤᠩᠭᠤᠯ ᠤᠨ ᠭᠠᠵᠠᠷ | ᠤᠰᠤᠨ ᠤ ᠨᠡᠷ᠎ᠡ ᠲᠡᠳᠤᠢ ᠦᠬᠡᠢ ᠮᠤᠩᠭᠤᠯᠴᠤᠳ ᠤᠨ ᠤᠷᠤᠰᠢᠨ ᠠᠮᠢᠳᠤᠷᠠᠵᠤ ᠦᠡᠭᠭᠡᠷᠡᠭᠰᠡᠨ ᠭᠠᠵᠠᠷ ᠤᠰᠤᠨ ᠤ | ᠨᠡᠷ᠎ᠡ ᠲᠠᠢ ᠬᠠᠷᠭᠤᠪᠠᠯ ᠶᠠᠭᠤᠨ ᠤ ᠡᠮᠦᠨ᠎ᠡ ︽ᠮᠤᠩᠭᠤᠯ ᠨᠡᠷ᠎ᠡ ᠪᠤᠯᠪᠠ ᠤᠤ︖︾ ᠬᠡᠰᠡᠨ ᠲᠠᠭᠠᠮᠠᠭ ᠢ ᠲᠠᠯᠪᠢᠵᠤ | ᠪᠠᠶᠢᠪᠠᠯ ᠡᠶᠢᠮᠤ ᠠᠯᠳᠠᠭ᠎ᠠ ᠠᠴᠠ ᠪᠠᠭ᠎ᠠ ᠴᠦ ᠠᠳᠤᠭᠠᠢ ᠵᠠᠶᠢᠯᠠᠵᠤ ᠴᠢᠳᠠᠬᠤ ᠪᠤᠯᠪᠠ ᠤᠤ ᠳ᠋ᠠ︖ | 2005 ᠤᠨ ᠤ ᠵᠤᠨ ᠬᠦᠬᠡᠨᠠᠭᠤᠷ ᠮᠤᠵᠢ ᠶᠢᠨ ᠬᠦᠬᠡᠰᠢᠯᠢ ᠪᠠᠶᠢᠭᠠᠯᠢ ᠶᠢᠨ ᠲᠠᠷᠬᠠᠨ ᠤᠷᠤᠨ ᠳᠤ ᠠᠩᠬ᠎ᠠ | ᠤᠴᠢᠬᠤ ᠳᠤ ᠪᠠᠨ ᠬᠦᠬᠡᠨᠠᠭᠤᠷ ᠮᠤᠵᠢ ᠶᠢᠨ ᠲᠤᠬᠠᠢ᠂ ᠲᠡᠷᠡᠴᠢᠯᠡᠨ ᠲᠡᠬᠡᠳᠤ ᠮᠤᠩᠭᠤᠯᠴᠤᠳ ᠤᠨ ᠲᠤᠬᠠᠢ | ᠤᠶᠢᠯᠠᠭᠠᠯᠳᠠ ᠫᠠᠳ ᠪᠠᠶᠢᠬᠰᠠᠨ ᠢ ᠤᠳᠤ ᠪᠤᠳᠤᠪᠠᠯ ᠨᠢᠭᠤᠷ ᠤᠯᠠᠶᠢᠮᠠᠷ ᠪᠢᠯᠨ᠃ | ︽可可西里︾ ᠬᠡᠳᠡᠭ ᠬᠢᠳᠡᠳ ᠨᠡᠷ᠎ᠡ ᠶᠢ ᠶᠠᠮᠠᠷ ᠨᠢᠬᠡ ᠲᠤᠮᠤᠬᠯᠢᠭ ᠨᠡᠷ᠎ᠡ ᠭᠡᠵᠤ ᠪᠤᠳᠤᠬᠰᠠᠨ ᠠᠴᠠ | ᠪᠢᠰᠢ᠂ ᠮᠤᠩᠭᠤᠯ ᠭᠠᠵᠠᠷ ᠤᠨ ᠨᠡᠷ᠎ᠡ ᠭᠡᠵᠤ ᠪᠤᠳᠤᠭ᠎ᠠ ᠦᠬᠡᠢ᠃ | ᠭᠤᠤᠯᠮᠤᠳ ᠬᠤᠳᠠ ᠳᠤ ᠪᠤᠢ ᠬᠦᠬᠡᠰᠢᠯᠢ ᠶᠢᠨ ᠲᠠᠷᠬᠠᠨ ᠤᠷᠤᠨ ᠤ ᠴᠠᠬᠳᠠᠭ᠎ᠠ ᠶᠢᠨ ᠬᠢᠨ ᠤ ᠦᠭᠭᠦᠭᠰᠡᠨ | ᠬᠦᠭᠡᠰᠢᠯᠢ ᠶᠢᠨ ᠲᠤᠬᠠᠢ ᠨᠤᠮ ᠳᠤ ᠬᠦᠬᠡᠰᠢᠯᠢ ᠶᠢ ︽ᠰᠠᠶᠢᠬᠠᠨ ᠬᠡᠤᠬᠡᠨ ᠬᠡᠰᠡᠨ ᠤᠳᠬ᠎ᠠ ᠲᠠᠢ ᠮᠤᠩᠭᠤᠯ ᠦᠬᠡ︾ | ᠭᠡᠵᠤ ᠲᠡᠮᠳᠡᠭᠯᠡᠵᠤ ᠪᠠᠶᠢᠬᠰᠠᠨ ᠢ ᠦᠵᠡᠬᠡᠳ ᠬᠠᠷᠢᠨ ︽ᠬᠡᠤᠬᠡᠨᠰᠢᠯᠢ︾ ᠭᠡᠰᠡᠨ ᠦᠬᠡ ᠴᠦ ᠪᠤᠯᠪᠠ ᠤᠤ ᠭᠡᠵᠤ | ᠪᠤᠳᠤᠵᠤ ᠠᠮᠵᠢᠯ᠎ᠠ᠃ ᠠᠩᠬ᠎ᠠ ᠤᠴᠢᠬᠤ ᠳᠤ ᠭᠤᠯᠮᠤᠳ ᠬᠤᠳᠠᠨ᠎ᠠ ᠬᠤᠶᠠᠷᠬᠠᠨ ᠬᠤᠨᠤᠩᠭᠤᠳᠠ ᠤᠷᠤᠩᠭᠤ ᠶᠢᠨ | ᠨᠡᠬᠦᠳᠡᠯ ᠢ ᠵᠢᠷᠤᠬᠯᠠᠬᠤ ᠶᠢ ᠶᠠᠭᠠᠷᠠᠵᠤ ᠰᠢᠭᠤᠳ ᠬᠦᠬᠡᠰᠢᠯᠢ ᠶᠢᠨ ᠲᠠᠷᠬᠠᠨ ᠤᠷᠤᠨ ᠳᠤ ᠤᠷᠤᠬᠰᠠᠨ ᠪᠤᠯᠬᠤ ᠪᠠᠷ | ᠤᠢ ᠲᠤᠶᠢᠨ ᠳᠤ ᠮᠢᠨᠢ ︽可可西里︾ ᠬᠡᠳᠡᠭ ᠨᠢ ︽ᠬᠡᠤᠬᠡᠨᠰᠢᠯᠢ︾ ᠴᠦ ᠶᠤᠮ ᠤᠤ᠂ ᠡᠰᠡᠪᠡᠯ ᠶᠠᠮᠠᠷ | ᠨᠢᠬᠡ ᠲᠤᠮᠤᠬᠯᠢᠭ ᠨᠡᠷ᠎ᠡ ᠮᠡᠳᠤ ᠪᠤᠳᠤᠬᠰᠠᠭᠠᠷ ᠲᠠᠪᠢᠭᠠᠳ ᠬᠤᠨᠤᠭ ᠢ ᠬᠦᠬᠡᠰᠢᠯᠢ ᠶᠢᠨ ᠡᠵᠡᠬᠦᠢ ᠬᠡᠬᠡᠷ᠎ᠡ | ᠦᠡᠭᠭᠡᠷᠡᠬᠦᠯᠦᠭᠰᠡᠨ ᠪᠢᠯᠨ᠃ | ᠭᠤᠤᠯᠮᠤᠳ ᠠᠴᠠ ᠭᠠᠷᠤᠭᠠᠳ ᠬᠦᠬᠡᠰᠢᠯᠢ ᠶᠢᠨ ᠲᠠᠷᠬᠠᠨ ᠤᠷᠤᠨ ᠳᠤ ᠤᠷᠤᠬᠤᠯ᠎ᠠ ᠠᠩᠬᠠᠨ ᠤ ᠦᠷᠳᠡᠭᠡ ᠶᠢ | ᠬᠢᠳᠡᠳ ᠢᠶᠠᠷ ︽不冻泉︾ ᠬᠡᠳᠡᠭ ᠪᠢᠯᠨ᠃ ᠲᠡᠨᠳᠡ ᠬᠦᠷᠦᠭᠰᠡᠨ ᠤᠷᠤᠢ ᠠᠭᠤᠯᠨ ᠶᠢᠨ ᠰᠦᠷ ᠲᠠᠷᠤᠵᠤ᠂ | ᠠᠭᠤᠵᠢᠭᠤ ᠠᠮᠢᠰᠬᠤᠭ᠎ᠠ ᠠᠪᠬᠤ ᠳᠤ ᠴᠦ ᠬᠦᠴᠢᠷᠳᠡᠵᠤ ᠪᠠᠶᠢᠯ᠎ᠠ ᠴᠦ᠂ ᠲᠠᠷᠬᠠᠨ ᠤᠷᠤᠨ ᠤ ᠴᠠᠬᠳᠠᠭ᠎ᠠ ᠠᠴᠠ᠄ ︽ | ᠡᠨᠡ ᠭᠠᠵᠠᠷ ᠢ ᠶᠠᠭᠠᠬᠢᠭᠠᠳ ᠪᠦ᠋ ᠳ᠋ᠦᠡᠭ ᠴᠢᠤᠸᠠᠨ ᠭᠡᠵᠤ ᠨᠡᠷᠡᠯᠡᠪᠡ︾ ᠭᠡᠵᠤ ᠴᠢᠳᠠᠨ ᠶᠠᠳᠠᠨ ᠠᠰᠠᠭᠤᠬᠤᠯᠠ᠄ ︽ | ᠴᠢᠩᠭᠢᠰ ᠬᠠᠭᠠᠨ ᠪᠠᠷᠠᠭᠤᠨᠰᠢ ᠲᠤᠪᠳᠤᠯᠬᠤ ᠳᠤ ᠪᠠᠨ ᠬᠦᠬᠡᠬᠡ ᠡᠪᠤᠯ ᠢᠶᠠᠷ ᠠᠳᠡ ᠢᠷᠡᠵᠤ᠂ ᠤᠰᠤ ᠤᠮᠳᠠ ᠦᠬᠡᠢ | ᠶᠡᠬᠡᠳᠡ ᠴᠠᠩᠭᠠᠬᠰᠠᠨ ᠳᠤ ᠴᠡᠷᠢᠭ ᠵᠠᠩᠵᠤᠳ ᠨᠢ ᠤᠰᠤ ᠡᠷᠢᠵᠤ ᠶᠠᠪᠤᠳᠠᠯ᠎ᠠ ᠬᠦᠯᠳᠡᠭᠰᠡᠨ ᠦᠬᠡᠢ ᠪᠤᠯᠠᠭ ︵ᠤᠷᠬᠢᠯ | ᠪᠤᠯᠠᠭ︶ ᠬᠠᠷᠭᠤᠬᠰᠠᠨ ᠳᠤ ᠪᠤᠯᠠᠭ ᠤᠨ ᠤᠰᠤᠨ ᠠᠴᠠ ᠴᠢᠩᠭᠢᠰ ᠬᠠᠭᠠᠨ ᠳᠤ ᠠᠪᠴᠢᠷᠠᠵᠤ ᠤᠤᠭᠤᠯᠭᠠᠵᠠᠢ᠃ ᠡᠶᠢᠨ | ᠬᠦ ᠴᠢᠩᠭᠢᠰ ᠬᠠᠭᠠᠨ ︿ᠬᠦᠯᠳᠡᠳᠡᠭ ᠦᠬᠡᠢ ᠪᠤᠯᠠᠭ﹀ ᠭᠡᠵᠤ ᠨᠡᠷ᠎ᠡ ᠬᠠᠶᠢᠷᠠᠯᠠᠬᠰᠠᠨ ᠬᠡᠨ᠎ᠡ︾ ᠬᠡᠰᠡᠨ ᠲᠠᠶᠢᠯᠪᠤᠷᠢ ᠨᠢ | ᠨᠠᠳᠠ ᠳᠤ ᠮᠠᠰᠢᠳᠠ ᠲᠠᠭᠠᠯᠠᠬᠳᠠᠬᠰᠠᠨ ᠶᠤᠮ᠃ ᠦᠨᠡᠬᠡᠷ ᠴᠦ ᠭᠤᠯᠮᠤᠳ ᠠᠴᠠ ᠭᠠᠷᠤᠭᠠᠳ ᠬᠦᠬᠡᠰᠢᠯᠢ ᠶᠢᠨ ᠬᠦᠨ | ᠤᠷᠤᠭᠤ ᠤᠷᠤᠬᠤ ᠲᠤᠳᠤᠮ ᠨᠠᠷᠠᠳᠠᠢ᠂ ᠤᠯᠠᠭᠠᠨ ᠠᠭᠤᠯᠨ᠂ ᠤᠯᠠᠭᠠᠨ ᠨᠡᠭᠤᠷ ᠁ ᠬᠡᠬᠦᠴᠢᠯᠡᠨ ᠮᠤᠩᠭᠤᠯ ᠨᠡᠷ᠎ᠡ | ᠲᠠᠢ ᠭᠠᠵᠠᠷ ᠤᠰᠤᠨ ᠬᠠᠷᠭᠤᠵᠤ ᠯᠨ ᠪᠠᠶᠢᠯ᠎ᠠ᠃ | ᠬᠦᠬᠡᠰᠢᠯᠢ ᠶᠢᠨ ᠲᠠᠷᠬᠠᠨ ᠤᠷᠤᠨ ᠳᠤ ᠠᠮᠢᠳᠠᠨ ᠭᠤᠤᠯᠳᠠᠨ᠂ ᠭᠤᠤᠯᠳᠠᠭᠤ ᠤᠷᠤᠩᠭᠤ ᠶᠢᠨ ᠨᠡᠬᠦᠳᠡᠯ᠂ | ᠲᠦᠯᠵᠢᠯ ᠤᠨ ᠲᠤᠬᠠᠢ ᠵᠢᠷᠤᠬᠯᠠᠭᠠᠳ ᠪᠡᠬᠡᠵᠢᠩ ᠤᠷᠤᠭᠤ ᠪᠤᠴᠠᠬᠤ ᠬᠡᠷᠡᠭᠳᠡᠢ ᠪᠤᠯᠵᠤ᠂ ᠭᠤᠤᠯᠮᠤᠳ ᠬᠤᠳᠠᠨ᠎ᠠ | ᠢᠷᠡᠵᠤ ᠬᠤᠶᠠᠷ ᠬᠤᠨᠤᠭ ᠶᠠᠭᠤᠮ᠎ᠠ ᠬᠠᠷ᠎ᠠ ᠪᠠᠨ ᠲᠦᠪᠬᠢᠨᠡᠬᠦᠯᠪᠡ᠃ ᠡᠨᠡ ᠬᠤᠭᠤᠷᠤᠨᠳᠤ ᠪᠢ ᠬᠦᠬᠡᠰᠢᠯᠢ ᠶᠢᠨ | ᠲᠤᠬᠠᠢ ᠨᠡᠯᠢᠶᠡᠳ ᠪᠦᠷᠢᠨ ᠤᠶᠢᠯᠠᠭᠠᠯᠳᠠ ᠲᠠᠢ ᠪᠤᠯᠵᠤ ᠂ ᠬᠦᠭᠡᠰᠢᠯᠢ᠂ ᠭᠤᠤᠯᠮᠤᠳ᠂ ᠬᠦᠬᠡᠨᠠᠭᠤᠷ ᠲᠤ ᠶᠡᠬᠡᠬᠡᠨ | ᠮᠤᠩᠭᠤᠯᠴᠤᠳ ᠪᠤᠢ ᠶᠢ ᠮᠡᠳᠡᠬᠡᠳ᠂ ᠭᠤᠤᠯᠮᠤᠳ ᠬᠤᠳᠠᠨ᠎ᠠ ᠯᠠᠪᠳᠠᠢ ᠮᠤᠩᠭᠤᠯ ᠰᠤᠷᠭᠠᠭᠤᠯᠢ ᠪᠤᠢ ︵ᠬᠦᠬᠡᠰᠢᠯᠢ | ᠶᠢᠨ ᠪᠠᠶᠢᠭᠠᠯᠢ ᠶᠢᠨ ᠲᠠᠷᠬᠠᠨ ᠤᠷᠤᠨ ᠤ ᠬᠠᠮᠢᠶᠠᠷᠤᠯᠳᠠ ᠶᠢᠨ ᠲᠤᠪᠴᠢᠶ᠎ᠠ ᠨᠢ ᠭᠤᠤᠯᠮᠤᠳ ᠬᠤᠳᠠᠨ᠎ᠠ ᠪᠠᠶᠢᠳᠠᠭ | ᠪᠤᠯᠪᠠᠴᠤ ᠬᠦᠬᠡᠨᠠᠭᠤᠷ ᠮᠤᠵᠢ ᠶᠢᠨ ᠢᠤᠢ ᠱᠤ᠋ ᠵᠸᠤ ᠠᠴᠠ ᠬᠠᠮᠢᠶᠠᠷᠳᠠᠭ ᠤᠴᠢᠷ ᠠᠴᠠ ᠲᠡᠳᠡ ᠭᠤᠤᠯᠮᠤᠳ ᠬᠤᠳᠠ | ᠶᠢᠨ ᠬᠢᠨ ᠲᠠᠢ ᠲᠡᠳᠤᠢ ᠯᠨ ᠬᠠᠷᠢᠴᠠᠭ᠎ᠠ ᠭᠠᠷᠳᠠᠭ ᠦᠬᠡᠢ᠂ ᠲᠡᠷᠡᠴᠢᠯᠡᠨ ᠪᠢᠳᠡ ᠴᠦ ᠬᠦᠬᠡᠰᠢᠯᠢ ᠶᠢᠨ ᠲᠠᠷᠬᠠᠨ | ᠤᠷᠤᠨ ᠤ ᠨᠠᠶᠢᠳᠠᠯᠭ᠎ᠠ ᠪᠠᠷ ᠹᠢᠯᠢᠮ ᠬᠢᠵᠤ ᠶᠠᠪᠤᠭ᠎ᠠ ᠪᠤᠯᠬᠤ ᠪᠠᠷ ᠡᠨᠡ ᠤᠳᠠᠭᠠᠨ ᠤ ᠰᠤᠷᠪᠤᠯᠵᠢᠯᠠᠭ᠎ᠠ ᠶᠢᠨ ᠬᠤᠪᠢ | ᠳᠤ ᠭᠤᠤᠯᠮᠤᠳ ᠬᠤᠳᠠ ᠶᠢᠨ ᠬᠢᠨ ᠲᠠᠢ ᠬᠠᠷᠢᠯᠴᠠᠬᠤ ᠱᠠᠭᠠᠷᠳᠠᠯᠭ᠎ᠠ ᠠᠯᠠᠭ᠎ᠠ ᠪᠠᠶᠢᠯ᠎ᠠ︶ ᠭᠡᠵᠤ ᠪᠤᠳᠤᠭᠠᠳ | ᠲᠠᠺᠰᠢᠳᠠᠭᠠᠳ ᠬᠦᠳᠡᠯᠪᠡ᠃ ᠵᠢᠯᠤᠭᠤᠴᠢ ᠨᠠᠮ᠎ᠠ ᠶᠢ ᠭᠤᠤᠯᠮᠤᠳ ᠬᠤᠳᠠ ᠶᠢᠨ ᠦᠨᠳᠤᠰᠤᠳᠡᠨ ᠤ ᠰᠤᠷᠭᠠᠭᠤᠯᠢ ᠶᠢᠨ | ᠡᠬᠦᠳᠡᠨᠡ ᠬᠦᠷᠬᠡᠵᠤ ᠤᠴᠢᠵᠠᠢ᠃ ᠲᠠᠨᠢᠵᠤ ᠮᠡᠳᠡᠬᠦ ᠬᠦᠮᠦᠨ ᠦᠬᠡᠢ ᠪᠢ ᠡᠬᠦᠳᠡᠨ ᠬᠡᠷ ᠲᠤ ᠨᠢ ᠤᠷᠤᠪᠠᠯ ᠲᠦᠪᠡᠳ | ᠴᠢᠷᠠᠢ ᠲᠠᠢ ᠪᠦᠰᠡᠬᠦᠢ ᠰᠠᠭᠤᠵᠤ ᠪᠠᠶᠢᠯ᠎ᠠ᠃ ᠡᠬᠦᠳᠡᠴᠢ ᠪᠦᠰᠡᠬᠦᠢ ᠶᠢ ᠲᠦᠪᠡᠳ ᠬᠦᠮᠦᠨ ᠭᠡᠵᠤ ᠪᠤᠳᠤᠭᠠᠳ᠄ ︽ | ᠲᠠᠨ ᠤ ᠰᠤᠷᠭᠠᠭᠤᠯᠢ ᠳᠤ ᠠᠬᠢᠮᠠᠬᠳᠠᠭᠤ ᠨᠠᠰᠤᠨ ᠤ ᠮᠤᠩᠭᠤᠯ ᠬᠡᠯᠡᠨ ᠤ ᠪᠠᠭᠰᠢ ᠪᠤᠢ ᠤᠤ︖︾ ᠭᠡᠵᠤ ᠬᠢᠳᠡᠳ | ᠢᠶᠠᠷ ᠠᠰᠠᠭᠤᠪᠠᠯ᠄ ︽ᠲᠦᠬᠦᠷᠰᠦ᠋ᠷᠤᠩ ᠪᠠᠭᠰᠢ ᠶᠢ ᠡᠷᠢᠬᠡᠷᠡᠢ᠂ ᠨᠢᠬᠡ ᠲᠠᠪᠬᠤᠷ ᠲᠤ ᠰᠠᠭᠤᠳᠠᠭ︾ ᠭᠡᠵᠤ ᠮᠤᠩᠭᠤᠯ | ᠢᠶᠠᠷ ᠬᠠᠷᠢᠭᠤᠯᠪᠠ᠃ ᠡᠬᠦᠳᠡᠴᠢ ᠳᠤ ᠦᠬᠡ ᠪᠠᠷ ᠲᠦᠬᠦᠰᠢᠯᠡᠬᠦᠯᠦᠭᠰᠡᠨ ᠪᠢ᠂ ︽ᠲᠦᠬᠦᠷᠰᠦ᠋ᠷᠤᠩ ᠭᠤᠸᠠᠢ ᠶᠠᠮᠠᠷ | ᠰᠢᠤᠬᠠᠨ ᠬᠦᠮᠦᠨ ᠪᠤᠯ ᠡ︖︾ ᠬᠡᠳ ᠠᠯᠪᠠᠨ ᠬᠡᠷ ᠲᠤ ᠨᠢ ᠡᠭ ᠮᠠᠭ ᠲᠠᠢ ᠤᠷᠤᠪᠠᠯ ᠪᠠᠭᠰᠢ ᠭᠤᠸᠠᠢ ᠡᠵᠡᠬᠦᠢ᠃ | ᠮᠤᠩᠭᠤᠯ ᠪᠦᠰᠡᠬᠦᠢ ᠪᠠᠭᠰᠢ᠄ ︽ᠡᠷᠬᠢᠯᠡᠭᠴᠢ ᠶᠢ ᠲᠠᠭᠤᠳᠠᠭᠠᠳ ᠢᠷᠡᠶ᠎ᠡ︾ ᠭᠡᠳ ᠭᠠᠷᠪᠠ᠃ | ᠬᠦᠷᠤᠰᠦᠯᠢᠭ ᠪᠤᠷᠤ ᠴᠢᠷᠠᠢ ᠲᠠᠢ ᠬᠦᠳᠡᠷ ᠪᠢᠷᠠᠯᠢᠭ ᠡᠷ᠎ᠡ ᠨᠠᠳᠠ ᠲᠠᠢ ᠬᠠᠭᠤᠴᠢᠨ ᠲᠠᠨᠢᠯ ᠰᠢᠭ᠋ ᠭᠠᠷ ᠠᠳᠬᠤᠨ | ᠮᠡᠨᠳᠤᠯᠡᠭᠰᠡᠨ ᠨᠢ ᠲᠦᠬᠦᠷᠰᠦ᠋ᠷᠤᠩ ᠪᠠᠭᠰᠢ ᠪᠠᠶᠢᠯ᠎ᠠ᠃ | ᠢᠡᠭᠭᠢᠬᠡᠳ ᠯᠨ ᠮᠢᠨᠤ ᠬᠦᠬᠡᠨᠠᠭᠤᠷ ᠤᠨ ᠮᠤᠩᠭᠤᠯᠴᠤᠳ ᠢ ᠤᠶᠢᠯᠠᠭᠠᠬᠤ ᠬᠠᠭᠠᠯᠭ᠎ᠠ ᠲᠡᠭᠷᠢ ᠴᠠᠶᠢᠳᠠᠯ᠎ᠠ | ᠨᠡᠬᠡᠭᠡᠭᠳᠡᠵᠡᠢ᠃ | ᠪᠦ᠋ ᠳ᠋ᠦᠡᠭ ᠴᠢᠤᠸᠠᠨ ᠤ ᠮᠤᠩᠭᠤᠯ ᠨᠡᠷ᠎ᠡ ᠨᠢ ᠪᠤᠳᠤᠩᠭᠤᠢ ᠪᠤᠯᠠᠭ ᠬᠡᠳᠡᠭ᠂ ᠲᠡᠷᠨ ᠦᠷᠳᠡᠭᠡ ᠠᠴᠠ | ᠵᠡᠬᠦᠨᠳᠡᠭᠡ ᠭᠤᠤᠯ ᠤᠨ ᠡᠬᠢᠨ ᠳᠤ ᠪᠤᠷᠵᠠᠩ ᠲᠠᠢ ᠪᠤᠯᠠᠭ ᠤᠷᠬᠢᠯᠳᠠᠭ ᠲᠤᠬᠠᠢ᠂ ᠲᠡᠬᠡᠳᠤ ᠮᠤᠩᠭᠤᠯ ᠤᠨ ᠬᠢᠨ ︽ | ᠬᠦᠬᠡ︾ ᠶᠢ ︽ᠺᠦᠺᠡ︾ ᠭᠡᠵᠤ ᠲᠠᠭᠤᠳᠠᠳᠠᠭ ᠠᠴᠠ ᠪᠤᠯᠤᠭᠠᠳ ᠬᠦᠬᠡ ᠰᠢᠯᠢ ᠨᠢ ᠬᠢᠳᠡᠳ ᠢᠶᠠᠷ ︽可可西 | 里︾ ᠪᠤᠯᠤᠬᠰᠠᠨ ᠲᠤᠬᠠᠢ ᠨᠢᠳᠤᠨ ᠳᠤ ᠦᠵᠡᠭᠳᠡᠳᠡᠯᠡ ᠶᠠᠷᠢᠵᠤ ᠦᠭᠭᠦᠭᠰᠡᠨ ᠪᠦᠬᠡᠳ ᠲᠡᠬᠡᠳᠤ ᠮᠤᠩᠭᠤᠯ ᠤᠨ | ᠰᠤᠶᠤᠯ ᠲᠡᠤᠬᠡ᠂ ᠠᠷᠠᠳ ᠤᠨ ᠠᠮᠠᠨ ᠵᠤᠬᠢᠶᠠᠯ ᠢ ᠡᠮᠬᠢᠯᠡᠨ ᠴᠤᠬᠯᠠᠭᠤᠯᠵᠤ᠂ ᠦᠪᠯᠡᠨ ᠤᠯᠠᠮᠵᠢᠯᠠᠬᠤ ᠳᠤ ᠨᠦᠷᠢ | ᠶᠡᠭᠡ ᠬᠦᠴᠤᠨ ᠵᠢᠳᠬᠦᠯ ᠦᠵᠡᠬᠦᠯᠦᠭᠰᠡᠨ ᠬᠦᠷᠤᠬᠡᠴᠢᠨ ᠴᠦᠯᠳᠤᠮ ᠨᠠᠰᠤᠳᠠᠨ᠂ ᠲᠦᠪᠡᠳ ᠤᠨ ᠮᠦᠡᠭᠭᠡ ᠵᠤᠤ | ᠤᠷᠤᠭᠤ ᠮᠦᠷᠬᠦᠯ ᠳᠤ ᠶᠠᠪᠤᠵᠤ ᠪᠠᠶᠢᠬᠰᠠᠨ ᠨᠠᠶᠠᠨ ᠲᠠᠪᠤᠳᠠᠢ ᠠᠬᠠᠮᠠᠳ ᠠᠩᠴᠢᠨ ᠮᠤᠬᠤᠷ ᠭᠤᠸᠠᠢ ᠶᠢ ᠨᠠᠳᠠ ᠳᠤ | ᠲᠠᠨᠢᠯᠴᠠᠭᠤᠯᠵᠢ ᠪᠢᠯᠨ᠃ ᠲᠡᠳᠡᠨ ᠤ ᠰᠠᠶᠢᠨ ᠢᠶᠠᠷ ᠪᠢ ᠬᠦᠬᠡᠰᠢᠯᠢ ᠶᠢᠨ ᠲᠠᠷᠬᠠᠨ ᠤᠷᠤᠨ ᠤ ᠬᠠᠷᠢᠶᠠᠨ ᠳᠤ ᠬᠢ | ᠮᠤᠩᠭᠤᠯ ᠭᠠᠵᠠᠷ ᠤᠨ ᠨᠡᠷ᠎ᠡ ᠶᠢ ᠨᠡᠯᠢᠶᠡᠳ ᠴᠤᠬᠯᠠᠭᠤᠯᠤᠬᠰᠠᠨ ᠶᠤᠮ᠃ ᠬᠦᠷᠤᠬᠡᠴᠢᠨ ᠴᠦᠯᠳᠤᠮ᠂ ᠮᠤᠬᠤᠷ | ᠨᠠᠰᠤᠳᠠᠨ ᠡᠳᠤᠬᠡ ᠨᠢᠬᠡᠨᠳᠡ ᠲᠠᠭᠠᠯᠠᠯ ᠲᠡᠬᠦᠰᠴᠤ ᠪᠤᠷᠬᠠᠨ ᠤ ᠤᠷᠤᠨ ᠢ ᠵᠤᠷᠢᠪᠠᠢ᠂ ︽ᠲᠠ ᠨᠠᠷ ᠤᠨ ᠨᠠᠳᠠ ᠳᠤ | ᠤᠯᠠᠮᠵᠢᠯᠠᠬᠰᠠᠨ ᠮᠤᠩᠭᠤᠯ ᠭᠠᠵᠠᠷ ᠤᠨ ᠨᠡᠷ᠎ᠡ ᠶᠢ ᠬᠦᠬᠡᠰᠢᠯᠢ ᠶᠢᠨ ᠬᠠᠮᠢᠶ᠎ᠠ ᠲᠠᠢ ᠨᠤᠮ ᠳᠤ ᠪᠠᠨ ᠨᠢᠬᠡᠳ ᠨᠢᠬᠡ | ᠦᠬᠡᠢ ᠲᠡᠮᠳᠡᠭᠯᠡᠭᠰᠡᠨ︾ ᠬᠡᠳᠡᠭ ᠢᠶᠠᠨ ᠬᠡᠬᠡᠨ ᠰᠦᠨᠡᠰᠤᠨ ᠳᠤ ᠴᠢᠨᠢ ᠲᠤᠭᠤᠯᠭᠠᠬᠤ ᠳᠤ ᠪᠠᠨ ᠴᠠᠶᠢᠯᠭᠠᠨ ᠰᠡᠳᠬᠢᠯᠳᠤ | ᠬᠤᠶᠠᠷ ᠰᠠᠶᠢᠬᠠᠨ ᠠᠬᠠᠮᠠᠳ ᠢᠶᠠᠨ ᠲᠤᠷᠠᠰᠤᠨ ᠡᠮᠵᠡᠭᠯᠡᠬᠦ ᠬᠦᠡᠭᠭᠡᠨ ᠭᠤᠨᠢᠭ ᠮᠠᠨᠢ ᠨᠠᠮᠳᠠᠬᠤ ᠮᠡᠳᠤ ᠪᠤᠯᠤᠨᠠᠮ᠃ | ᠬᠦᠬᠡᠨᠠᠭᠤᠷ᠂ ᠰᠢᠨᠵᠢᠶᠠᠩ ᠤᠨ ᠬᠢᠯᠢ ᠲᠡᠬᠡᠷ᠎ᠡ᠂ ᠬᠦᠨᠳᠡᠯᠡᠨ ᠠᠭᠤᠯᠨ ︵昆仑山︶ ᠶᠢᠨ ᠲᠤᠮᠳᠠ | ᠬᠡᠰᠡᠭ ᠲᠤ ᠪᠠᠶᠢᠷᠢᠯᠠᠵᠤ ᠪᠠᠶᠢᠭ᠎ᠠ ᠬᠠᠮᠤᠭ ᠤᠨ ᠦᠨᠳᠤᠷ ᠤᠷᠬᠢᠯ ᠪᠤᠯᠬᠤ ᠲᠠᠯᠠᠢ ᠶᠢᠨ ᠲᠦᠪᠰᠢᠨ ᠠᠴᠠ 6860 | ᠮᠧᠲᠷ ᠡᠷᠬᠦᠭᠳᠡᠭᠰᠡᠨ᠂布喀达坂峰 ᠬᠡᠳᠡᠭ ᠮᠦᠡᠭᠭᠡ ᠴᠠᠰᠤᠳᠤ ᠰᠠᠷᠢᠳᠠᠭ ᠪᠤᠢ᠂ ᠡᠨᠡ ᠬᠦ ᠬᠢᠳᠡᠳ | ᠲᠠᠭᠤᠳᠠᠯᠭ᠎ᠠ ︽ ᠪᠤᠬ᠎ᠠ ᠶᠢᠨ ᠲᠠᠪᠠᠭ᠎ᠠ︾ ᠬᠡᠳᠡᠭ ᠮᠤᠩᠭᠤᠯ ᠨᠡᠷ᠎ᠡ ᠠᠴᠠ ᠢᠷᠡᠯᠳᠡᠢ ᠬᠡᠳᠡᠭ ᠢ ᠮᠡᠳᠡᠭᠰᠡᠨ ᠪᠢ | ᠮᠦᠡᠭᠭᠡ ᠰᠠᠷᠢᠳᠠᠭ ᠤᠨ ᠬᠤᠷᠮᠤᠢ ᠳᠤ ᠬᠦᠷᠤᠬᠡᠳ ᠰᠠᠷᠬᠤᠳ ᠤᠨ ᠲᠡᠬᠡᠵᠢ ᠪᠠᠨ ᠡᠷᠬᠦᠵᠤ ᠰᠦᠰᠦᠭᠯᠡᠨ ᠮᠦᠷᠬᠦᠪᠡ᠃ | ᠲᠧᠯᠸᠢᠰ ᠤᠨ ᠤᠳᠤᠷᠢᠳᠤᠭᠠᠴᠢ ᠯᠢᠤ ᠤᠪᠤᠬᠳᠤ ᠨᠠᠳᠠ ᠠᠴᠠ᠄ ︽ᠴᠢ ᠶᠠᠭᠤᠨ ᠳᠤ ᠡᠨᠡ ᠠᠭᠤᠯᠠᠨ ᠳᠤ ᠮᠦᠷᠬᠦᠪᠡ︖ | ︾ ᠬᠡᠪᠡᠯ ᠪᠢ᠄ ︽ᠮᠤᠩᠭᠤᠯ ᠠᠭᠤᠯᠨ ᠤᠴᠢᠷ ᠠᠴᠠ︾ ᠭᠡᠵᠤ ᠬᠠᠷᠢᠭᠤᠯᠳᠠᠯᠠ᠂ ᠲᠦᠪᠡᠳ ᠵᠠᠯᠠᠭᠤ᠄ ︽布喀达 | 坂峰 ᠪᠤᠯ ᠲᠦᠪᠡᠳ ᠨᠡᠷ᠎ᠡ︾ ᠭᠡᠵᠤ ᠪᠤᠯᠢᠶᠠᠯᠴᠠᠪᠠ᠃ ᠪᠢ᠄ ︽ᠲᠦᠪᠡᠳ ᠢᠶᠠᠷ ᠶᠠᠮᠠᠷ ᠤᠳᠬ᠎ᠠ ᠲᠠᠢ ᠪᠤᠢ ᠳ᠋ᠠ | ︾ ᠬᠡᠪᠡᠯ ᠲᠦᠪᠡᠳ ᠵᠠᠯᠠᠭᠤ ᠬᠠᠭ᠋ᠤᠵᠤ ᠬᠠᠷᠢᠭᠤᠯᠵᠤ ᠭᠠᠷᠤᠬᠰᠠᠨ ᠦᠬᠡᠢ᠃ ᠡᠶᠢᠨ ᠬᠦ ᠪᠢ ︽ᠪᠤᠬ᠎ᠠ ᠶᠢᠨ ᠲᠠᠪᠠᠭ᠎ᠠ︾ | ᠬᠡᠳᠡᠭ ᠤᠴᠢᠷ ᠤᠳᠬ᠎ᠠ ᠶᠢ ᠲᠠᠶᠢᠯᠪᠤᠷᠢᠯᠠᠵᠤ ᠦᠭᠪᠡ᠃ | ᠭᠤᠤᠯᠮᠤᠳ ᠠᠴᠠ ᠪᠠᠷᠠᠭᠤᠨ ᠡᠮᠦᠨᠡᠰᠢ ᠵᠤᠨ᠎ᠠ ᠨᠠᠭᠤᠷ ᠬᠠᠮᠠᠭᠠᠯᠠᠯᠳᠠ ᠶᠢᠨ ᠦᠷᠳᠡᠭᠡ ᠬᠦᠷᠬᠦ ᠵᠠᠮ ᠵᠠᠭᠤᠷ᠎ᠠ ᠭᠠᠷ | ᠤᠨ ᠲᠠᠪᠤᠨ ᠬᠤᠷᠤᠭᠤ ᠰᠢᠭ᠋ ᠰᠡᠬᠦᠶᠢᠭᠰᠡᠨ ᠲᠠᠪᠤᠨᠴᠠᠭᠠᠨ ᠬᠡᠮᠡᠬᠦ ᠴᠠᠰᠤᠳᠤ ᠠᠭᠤᠯᠠᠨ ᠤ ᠡᠩᠭᠡᠷ ᠲᠤ ᠬᠢᠳᠡᠳ ᠢᠶᠠᠷ库 | 赛湖 ᠬᠡᠳᠡᠭ ᠱᠤᠷᠪᠤᠭ ᠨᠠᠭᠤᠷ ᠪᠤᠢ᠃ ᠪᠢ ᠪᠤᠳᠤᠪᠠᠯ ᠡᠨᠡ ᠨᠠᠭᠤᠷ ᠤᠨ ᠮᠣᠩᠭᠤᠯ ᠨᠡᠷ᠎ᠡ ᠨᠢ ᠭᠠᠰᠢᠭᠤᠨ | ᠨᠠᠭᠤᠷ ᠶᠤᠮ᠃ ᠲᠡᠭᠡᠳᠤ ᠮᠤᠩᠭᠤᠯᠴᠤᠳ ᠤᠨ ᠵᠠᠷᠢᠮ ᠨᠤᠳᠤᠭ ᠲᠤ ᠱᠤᠷᠪᠤᠭ ᠢ ︽ᠭᠠᠰᠢᠭᠤᠨ︾ ᠭᠡᠵᠤ ᠬᠡᠯᠡᠳᠡᠭ᠃ | ︽ᠭᠠᠰᠢᠭᠤᠨ ᠨᠠᠭᠤᠷ︾ ᠨᠢ ︽库赛湖︾ ᠪᠤᠯᠤᠬᠰᠠᠨ ᠲᠤᠬᠠᠢ ᠡᠶᠢᠮᠤ ᠶᠠᠷᠢᠯᠴᠠᠭ᠎ᠠ ᠪᠤᠯᠵᠤ ᠦᠡᠭᠬᠡᠷᠡᠭᠰᠡᠨ | ᠪᠠᠶᠢᠵᠤ ᠪᠤᠯᠬᠤ ᠶᠤᠮ᠃ | ᠭᠠᠳᠠᠨ᠎ᠠ ᠶᠢᠨ ᠬᠦᠮᠦᠨ᠄ ︽ᠡᠨᠡ ᠴᠢᠨᠢ ᠶᠠᠮᠠᠷ ᠨᠡᠷ᠎ᠡ ᠲᠠᠢ ᠨᠠᠭᠤᠷ ᠪᠤᠢ︖︾᠃ | ᠨᠤᠳᠤᠭ ᠤᠨ ᠬᠦᠮᠦᠨ᠄ ︽ᠭᠠᠰᠢᠭᠤᠨ ᠨᠠᠭᠤᠷ︾᠃ | ᠭᠠᠳᠠᠨ᠎ᠠ ᠶᠢᠨ ᠬᠦᠮᠦᠨ᠄ ︽ᠶᠠᠮᠠᠷ ᠤᠳᠬ᠎ᠠ ᠲᠠᠢ ᠦᠬᠡ ᠪᠤᠢ︖︾ | ᠨᠤᠳᠤᠭ ᠤᠨ ᠬᠦᠮᠦᠨ᠄ ︽ᠭᠠᠰᠢᠭᠤᠨ︾ ᠬᠡᠳᠡᠭ ᠨᠢ ︽苦涩︾ ᠬᠡᠳᠡᠭ ᠤᠳᠬ᠎ᠠ ᠲᠠᠢ᠃ | ᠡᠶᠢᠨ ᠬᠦ ︽ᠭᠠᠰᠢᠭᠤᠨ ᠨᠠᠭᠤᠷ︾ ︽库赛湖︾ ᠪᠤᠯᠵᠤ ᠨᠡᠷᠡᠰᠢᠭᠰᠡᠨ ᠪᠤᠯᠤᠮᠵᠢ ᠲᠠᠢ᠃ | ᠬᠦᠬᠡᠰᠢᠯᠢ ᠶᠢᠨ ᠲᠠᠷᠬᠠᠨ ᠤᠷᠤᠨ ᠳᠤ ᠮᠤᠩᠭᠤᠯ ᠭᠠᠵᠠᠷ ᠤᠨ ᠨᠡᠷ᠎ᠡ ᠵᠦᠡᠭᠳᠡᠬᠡᠨ᠃ ᠭᠠᠵᠠᠷ ᠤᠨ ᠨᠡᠷ᠎ᠡ ᠪᠤᠯ | ᠨᠤᠳᠤᠭ ᠰᠠᠬᠢᠵᠤ ᠦᠯᠡᠳᠡᠳᠡᠭ ᠬᠠᠮᠤᠭ ᠤᠨ ᠡᠴᠤᠰ ᠤᠨ ᠤᠤᠭᠠᠯ ᠮᠥᠨ ᠬᠡᠳᠡᠭ ᠪᠤᠳᠤᠯ ᠢ ᠬᠦᠬᠡ ᠰᠢᠯᠢ ᠶᠢᠨ | ᠠᠭᠤᠯᠨ ᠤᠰᠤ ᠨᠠᠳᠠ ᠳᠤ ᠤᠷᠭᠤᠭᠤᠯᠤᠬᠰᠠᠨ ᠪᠢᠯᠨ᠃ | ᠲᠦᠷᠤᠬᠦᠤ ᠬᠤᠶᠠᠷ ᠵᠢᠯ ︽ᠢᠨᠵᠠᠨᠨᠠᠰᠢ ᠶᠢᠨ ᠨᠠᠮᠳᠠᠷ︾ ᠬᠡᠮᠡᠬᠦ ᠨᠤᠮ ᠢ ᠤᠷᠴᠢᠭᠤᠯᠤᠭᠠᠳ ᠢᠨᠵᠠᠨᠨᠠᠰᠢ ᠶᠢᠨ | ᠨᠤᠳᠤᠭ ᠲᠤ ᠬᠦᠷᠦᠭᠰᠡᠨ ᠪᠢᠯᠨ᠃ | ᠢᠨᠵᠠᠨᠨᠠᠰᠢ ᠶᠢᠨ ᠰᠢᠯᠦᠭ ᠵᠤᠬᠢᠶᠠᠯ ᠳᠤ ᠬᠢᠳᠡᠳ ᠭᠠᠵᠠᠷ ᠤᠨ ᠨᠡᠷ᠎ᠡ ᠤᠯᠠᠨ ᠭᠠᠷᠳᠠᠭ ᠴᠦ ᠨᠤᠳᠤᠭ ᠲᠤ ᠨᠢ | ᠬᠦᠷᠤᠬᠡᠳ ᠤᠴᠢᠬᠤᠯᠠᠷ ᠮᠤᠩᠭᠤᠯ ᠨᠡᠷ᠎ᠡ ᠤᠬᠳᠤᠬᠤ ᠨᠢ ᠶᠠᠭᠤᠳᠠᠢ ᠰᠠᠶᠢᠬᠠᠨ ᠪᠠᠶᠢᠯ᠎ᠠ᠃ ᠲᠦᠷᠬᠡᠨ ᠭᠤᠤᠯ᠂ ᠤᠤ | ᠮᠦᠷᠡᠨ᠂ ᠬᠦᠢᠳᠡᠨ ᠭᠤᠤᠯ᠂ ᠡᠶ᠎ᠡ ᠪᠠᠷ ᠡᠩᠭᠡᠵᠢᠬᠦᠯᠦᠭᠴᠢ ᠰᠦᠮ᠎ᠡ᠂ ᠮᠠᠨ ᠤ ︽ᠴᠤᠤᠶᠠᠩ︾ ᠬᠡᠮᠡᠬᠡᠳ | ᠲᠠᠳᠴᠢᠬᠠᠬᠰᠠᠨ ᠭᠠᠵᠠᠷ ᠤᠨ ᠮᠤᠩᠭᠤᠯ ᠨᠡᠷ᠎ᠡ ᠨᠢ ︽ᠭᠤᠷᠪᠠᠨ ᠰᠤᠪᠤᠷᠭ᠎ᠠ︾ ᠬᠡᠳᠡᠭ ᠠᠵᠢ᠂᠂᠂᠂ ᠬᠡᠳᠡᠯ᠎ᠡ | ᠡᠳᠡᠬᠡᠷ ᠭᠠᠵᠠᠷ ᠤᠨ ᠨᠡᠷ᠎ᠡ ᠤᠯᠠᠷᠢᠨ ᠬᠤᠪᠢᠷᠠᠵᠤ ᠪᠠᠶᠢᠭ᠎ᠠ ᠶᠢ ᠲᠤᠷᠠᠳᠬᠤ ᠦᠬᠡᠢ᠂ ᠲᠤᠭᠤᠷᠢᠨ ᠦᠡᠭᠬᠡᠷᠡᠵᠤ ᠦᠯᠦ | ᠲᠦᠪᠳᠡᠬᠦ ᠪᠦᠯᠦᠬᠡ᠃ | ᠢᠨᠵᠠᠨᠨᠠᠰᠢ ᠶᠢᠨ ᠨᠤᠳᠤᠭ ᠲᠦᠮᠡᠳ ᠪᠠᠷᠠᠭᠤᠨ ᠬᠤᠰᠢᠭᠤ ᠨᠢ ᠵᠣᠰᠣᠳᠣ ᠶᠢᠨ ᠴᠢᠭᠤᠯᠭᠠᠨ ︵ᠣᠳᠣ ᠶᠢᠨ | ᠯᠢᠶᠣᠣᠨᠢᠩ ᠮᠣᠵᠢ ᠶᠢᠨ ᠭᠤᠷᠪᠠᠨ ᠰᠤᠪᠤᠷᠭ᠎ᠠ︶ ᠳᠤ ᠪᠠᠭᠳᠠᠳᠠᠭ᠃ ᠵᠤᠰᠤᠳᠤ ᠶᠢᠨ ᠴᠢᠭᠤᠯᠭᠠᠨ ᠢ ᠴᠢᠩ ᠣᠯᠣᠰ | ᠤᠨ ᠡᠬᠢᠨ ᠤ 1705 ᠣᠨ ︵ᠡᠩᠭᠡ ᠠᠮᠣᠭᠤᠯᠠᠩ ᠤᠨ ᠲᠦᠴᠢᠨ ᠲᠦᠷᠪᠡᠳᠦᠬᠡᠷ ᠣᠨ︶ ᠳᠤ ᠪᠠᠶᠢᠭᠤᠯᠵᠣ᠂ | ᠲᠦᠮᠡᠳ ᠵᠡᠬᠦᠨ ᠬᠤᠰᠢᠭᠤ᠂ ᠲᠦᠮᠡᠳ ᠲᠣᠮᠳᠠᠳᠣ ᠬᠤᠰᠢᠭᠤ᠂ ᠲᠦᠮᠡᠳ ᠪᠠᠷᠠᠭᠤᠨ ᠬᠤᠰᠢᠭᠤ᠂ ᠬᠠᠷᠠᠴᠢᠨ ᠵᠡᠬᠦᠨ | ᠬᠤᠰᠢᠭᠤ᠂ ᠬᠠᠷᠠᠴᠢᠨ ᠪᠠᠷᠠᠭᠤᠨ ᠬᠤᠰᠢᠭᠤ ᠪᠣᠯᠣᠨ ᠬᠠᠷᠠᠴᠢᠨ ᠲᠣᠮᠳᠠᠳᠣ ᠬᠤᠰᠢᠭᠤ ᠶᠢ ᠬᠠᠷᠢᠶᠠᠯᠠᠭᠤᠯᠪᠠᠢ᠃ | ᠢᠨᠵᠠᠨᠨᠠᠰᠢ ᠶᠢᠨ ᠲᠡᠬᠡᠳᠦᠰ ᠦᠪᠣᠷ ᠮᠣᠩᠭᠤᠯ ᠤᠨ ᠬᠦᠬᠡᠬᠤᠳᠠ ᠶᠢᠨ ᠲᠦᠮᠡᠳ ᠲᠤ ᠠᠮᠢᠳᠣᠷᠠᠵᠣ ᠪᠠᠶᠢᠪᠠ᠃ | ᠴᠢᠩ ᠤᠯᠤᠰ ᠤᠨ ᠲᠡᠭᠷᠢ ᠲᠡᠳᠬᠦᠭᠴᠢ ᠶᠢᠨ ᠦᠶ᠎ᠡ ᠶᠢᠨ ︽ᠵᠠᠷᠯᠢᠭ ᠢᠶᠠᠷ ᠲᠣᠬᠳᠠᠭᠠᠬᠰᠠᠨ ᠭᠠᠳᠠᠭᠠᠳᠣ ᠮᠣᠩᠭᠤᠯ | ᠬᠤᠳᠣᠩ ᠠᠶᠢᠮᠠᠭ ᠤᠨ ᠸᠠᠩ ᠬᠦᠡᠭ ᠤᠳ ᠤᠨ ᠢᠯᠡᠳᠬᠡᠯ ᠱᠠᠰᠳᠢᠷ︾ ᠬᠤᠷᠢᠨ ᠲᠠᠪᠣᠳᠣᠭᠠᠷ ᠪᠣᠳᠢ ᠶᠢᠨ ︽ᠵᠠᠰᠠᠭ | ᠬᠤᠰᠢᠭᠤᠨ ᠪᠡᠶᠢᠰᠨ ᠬᠦᠮᠣ ᠶᠢᠨ ᠦᠢᠯᠡᠪᠣᠷᠢ ᠶᠢᠨ ᠱᠠᠰᠳᠢᠷ︾ ᠲᠤ᠄ ᠬᠦᠮᠦ᠂ ᠲᠦᠮᠡᠳ ᠠᠶᠢᠮᠠᠭ ᠤᠨ ᠬᠦᠮᠦᠨ | ᠪᠣᠷᠵᠢᠬᠢᠳ ᠣᠪᠣᠬᠳᠠᠢ᠂ ᠶᠣᠸᠠᠨ ᠣᠯᠣᠰ ᠤᠨ ᠲᠠᠶᠢᠽᠣ ᠬᠠᠭᠠᠨ ᠤ ᠬᠤᠷᠢᠳᠣᠭᠠᠷ ᠦᠶ᠎ᠡ ᠶᠢᠨ ᠠᠴᠢ᠂ ᠡᠬᠦᠨ ᠤ | ᠬᠤᠯᠣᠨᠴᠨ ᠡᠪᠦᠭᠡ ᠠᠯᠳᠠᠨ᠂ ᠴᠣᠯᠨ ᠬᠡᠬᠡᠨ ᠬᠠᠭᠠᠨ ᠬᠡᠮᠡᠮᠣᠢ᠂ ᠲᠡᠬᠦᠨᠴᠨ ᠶᠢᠰᠣᠨ ᠬᠦᠪᠡᠬᠦᠨ ᠲᠦᠷᠣᠪᠡᠢ᠂ | ᠠᠬᠠᠮᠠᠳ ᠬᠦᠪᠡᠬᠦᠨ ᠰᠡᠩᠭᠡ᠂ ᠴᠣᠯᠨ ᠲᠦᠬᠦᠷᠡᠩ ᠬᠠᠭᠠᠨ ᠬᠡᠮᠡᠮᠣᠢ᠃ ᠡᠬᠦᠨᠣ ᠬᠦᠪᠡᠬᠦᠨ ᠭᠠᠯᠳᠣ ᠴᠠᠬᠠᠷ ᠤᠨ | ᠬᠦᠨᠦᠬᠡᠬᠦᠢ ᠶᠢ ᠵᠠᠶᠢᠯᠠᠬᠤ ᠶᠢᠨ ᠲᠣᠯᠨ ᠬᠦᠬᠡ ᠬᠤᠳᠠᠨ ᠠᠴᠠ ᠲᠦᠮᠡᠳ ᠲᠤᠷ ᠨᠡᠬᠦᠵᠣ ᠰᠠᠭᠤᠪᠠᠢ᠃ ᠡᠨᠡ ᠪᠤᠯ | ᠬᠦᠮᠦ ᠶᠢᠨ ᠡᠪᠦᠭᠡ ᠮᠥᠨ ᠪᠣᠶᠣ᠃ ᠴᠠᠬᠠᠷ ᠤᠨ ᠯᠢᠭᠳᠡᠨ ᠬᠠᠭᠠᠨ ᠡᠷᠡᠮᠡᠬᠡᠢ ᠳᠤᠷ ᠢᠶᠠᠨ ᠡᠷᠡᠮᠰᠢᠵᠣ᠂ ᠪᠠᠶᠢᠯ ᠦᠭᠡᠢ | ᠬᠦᠨᠦᠬᠡᠭᠰᠡᠨ ᠤ ᠲᠣᠯᠠᠳᠠ ᠬᠦᠮᠣ ᠶᠢᠨ ᠡᠴᠢᠬᠡ ᠣᠮᠪᠤ ᠴᠦᠬᠦᠷ ᠲᠠᠭᠠᠯᠳᠤᠭᠠ ᠪᠠᠷ ᠬᠠᠷᠢᠶᠠᠳᠣ ᠠᠷᠠᠳ ᠢ ᠠᠪᠴᠣ | ᠢᠷᠡᠪᠡᠢ᠃ ᠨᠠᠮᠣᠷ ︵1629 ᠤᠨ︶ ᠤᠨ ᠰᠡᠬᠦᠯ ᠰᠠᠷ᠎ᠠ ᠳᠤᠷ᠂ ᠬᠠᠭᠠᠨ ᠤ ᠬᠡᠬᠡᠨ ᠴᠠᠬᠠᠷ ᠢ ᠲᠠᠶᠢᠯᠠᠬᠤᠢ ᠳᠤᠷ | ᠣᠮᠪᠤ ᠴᠦᠬᠦᠷ ᠲᠠᠭᠠᠯᠳᠣᠪᠠᠢ︾ ᠭᠡᠵᠤ ᠲᠡᠮᠳᠡᠭᠯᠡᠵᠣ ᠪᠠᠶᠢᠳᠠᠭ᠃ ᠴᠢᠩ ᠣᠯᠣᠰ ᠶᠠᠨᠵᠢᠩ ︵ᠣᠳᠣ ᠶᠢᠨ ᠪᠡᠬᠡᠵᠢᠩ︶ | ᠳᠤ ᠨᠡᠶᠢᠰᠯᠡᠭᠰᠡᠨ ᠤ ᠲᠠᠷᠠᠭ᠎ᠠ᠂ ᠡᠶᠡᠪᠡᠷ ᠵᠠᠰᠠᠬᠴᠢ ᠶᠢᠨ ᠲᠠᠪᠣᠳᠣᠭᠠᠷ ᠣᠨ᠂ ᠨᠡᠶᠢᠳᠡ ᠶᠢᠨ ᠲᠣᠭᠠᠯᠠᠯ ᠤᠨ | 1648 ᠣᠨ ᠳᠤ ᠲᠦᠮᠡᠳ ᠠᠶᠢᠮᠠᠭ ᠤᠨ ᠲᠦᠷᠣᠬᠦᠣ ᠬᠦᠮᠦ ᠶᠢ ᠣᠯᠣᠰ ᠢ ᠲᠣᠬᠳᠠᠭᠤᠨᠵᠢᠭᠤᠯᠣᠬᠴᠢ ᠭᠤᠣᠯᠴᠢ | ᠬᠡᠷᠬᠡᠮᠳᠡᠨ ᠡᠷᠬᠦᠮᠵᠢᠯᠡᠬᠡᠳ᠂ ᠬᠦᠬᠡᠬᠤᠳᠠ ᠶᠢᠨ ᠲᠦᠮᠡᠳ ᠠᠴᠠ ᠯᠢᠶᠣᠣᠨᠢᠩ ᠤᠨ ᠪᠸᠢ ᠫᠢᠶᠣᠣ ︵ᠲᠦᠮᠡᠳ | ᠪᠠᠷᠠᠭᠤᠨ ᠬᠤᠰᠢᠭᠤ︶ ᠳᠤ ᠨᠡᠬᠦᠯᠬᠡᠪᠡ᠃ ᠬᠦᠮᠣ ᠡᠷᠬᠦᠮᠵᠢᠯᠡᠯ ᠭᠠᠵᠠᠷ ᠲᠤ ᠪᠠᠨ ᠢᠷᠡᠬᠡᠳ ᠦᠵᠡᠰᠬᠦᠯᠡᠩ ᠰᠠᠶᠢᠬᠠᠨ | ᠠᠭᠤᠯᠨ ᠣᠰᠣ᠂ ᠦᠡᠭ ᠰᠢᠮᠡᠯᠢᠭ ᠬᠦᠷᠤᠰᠣ ᠰᠢᠷᠣᠢ᠂ ᠦᠨᠢᠷ ᠲᠠᠩᠰᠤᠭ ᠣᠢ ᠬᠦᠪᠴᠢ ᠲᠠᠢ ᠤᠰᠤ | ᠬᠤᠷᠮᠤᠶᠢᠳᠠᠵᠣ᠂ ᠠᠭᠤᠯᠨ ᠲᠦᠰᠢᠭᠰᠡᠨ ᠪᠠᠶᠠᠨ ᠬᠤᠰᠢᠭᠤ ᠬᠡᠮᠡᠬᠦ ᠣᠯᠳᠠᠰᠢ ᠦᠭᠡᠢ ᠡᠨᠡ ᠰᠠᠶᠢᠬᠠᠨ ᠬᠡᠰᠢᠭ ᠲᠠᠢ | ᠭᠠᠵᠠᠷ ᠢ ᠦᠵᠡᠵᠣ ᠲᠣᠭᠤᠭᠠᠳ᠂ ᠪᠠᠶᠢᠷᠣᠣᠳᠠ ᠂ ᠪᠠᠭᠠᠷᠢᠨ᠂ ᠯᠢᠨᠷᠧᠷᠣᠳᠠ᠂ ᠬᠠᠨᠭ᠍ᠮᠣᠳᠣᠨ᠂ ᠴᠢᠮᠡᠳ᠂ ᠪᠣᠯᠴᠣᠳ | ᠂ ᠯᠠᠶᠢᠬᠠᠳᠣᠳ ︵ᠡᠨᠡ ᠲᠣᠯᠣᠭᠠᠨ ᠣᠪᠣᠭ ᠤᠨ ᠨᠡᠷ᠎ᠡ ᠶᠢ ᠡᠶ᠎ᠡ ᠪᠠᠷ ᠡᠩᠭᠡᠵᠢᠬᠦᠯᠦᠭᠴᠢ ᠰᠦᠮ᠎ᠡ ᠶᠢᠨ ᠲᠣᠩ ᠭᠦᠸᠧ | ᠵᠧᠨ ᠯᠠᠮᠠᠳᠠᠨ ᠤ ᠬᠢᠳᠡᠳ ᠢᠶᠠᠷ ᠶᠠᠷᠢᠬᠰᠠᠨ ᠢ ᠠᠪᠢᠶᠠᠴᠢᠯᠠᠨ ᠲᠡᠮᠳᠡᠭᠯᠡᠪᠡ︶ ᠵᠡᠷᠬᠡ ᠲᠣᠯᠣᠭᠠᠨ ᠣᠪᠣᠬᠳᠠᠨ ᠪᠣᠯᠣᠨ | ᠠᠯᠪᠠᠳᠣ ᠲᠠᠭᠠᠯᠳᠠ ᠲᠠᠢ ᠪᠠᠨ ᠬᠠᠮᠳᠣ ᠠᠳᠡ ᠰᠠᠭᠤᠷᠢᠰᠢᠵᠣ ᠂ ︽ᠮᠦᠴᠢᠷ ᠪᠦᠷᠢ ᠠᠴᠠ ᠮᠦᠴᠢ ᠭᠤᠶ᠎ᠠ ᠡᠯᠬᠦᠵᠣ᠂ | ᠬᠤᠵᠣᠣᠯᠠ ᠪᠦᠷᠢ ᠠᠴᠠ ᠬᠤᠶᠠᠷ ᠭᠤᠷᠪᠠᠨ ᠰᠢᠪᠠᠭᠤ ᠡᠯᠬᠦᠭᠰᠡᠨ︾ ᠠᠩᠨᠠᠯ ᠠᠮᠢᠳᠣᠷᠠᠯ ᠬᠢᠬᠦ ᠶᠢᠨ ᠲᠠᠭᠠᠣ ᠮᠠᠯ | ᠮᠠᠯᠵᠢᠨ᠂ ᠠᠳᠠᠷ ᠬᠠᠭᠠᠯᠪᠣᠷᠢᠯᠠᠨ ᠲᠠᠷᠢᠶ᠎ᠠ ᠲᠦᠮᠣᠰᠣ ᠲᠠᠷᠢᠵᠣ᠂ ᠬᠠᠭᠠᠰ ᠮᠠᠯᠵᠢᠬᠤ ᠬᠠᠭᠠᠰ ᠲᠠᠷᠢᠶᠠᠯᠠᠬᠤ ᠠᠮᠢᠳᠣᠷᠠᠯ | ᠣᠷᠣᠭᠤ ᠢᠳᠡᠭ ᠢᠳᠡᠭ ᠢᠶᠠᠷ ᠣᠷᠤᠬᠰᠠᠨ ᠢᠶᠠᠨ ᠪᠦᠷ ᠰᠡᠬᠦᠯ ᠳᠤ ᠪᠠᠨ ᠨᠡᠬᠦᠳᠡᠯ ᠮᠠᠯᠵᠢᠯ ᠠᠴᠠ ᠰᠠᠯᠵᠣ᠂ | ᠰᠠᠭᠤᠷᠢᠰᠢᠬᠤ ᠪᠣᠯᠪᠠᠢ᠃ | ᠢᠨᠵᠠᠨᠨᠠᠰᠢ ᠶᠢᠨ ᠨᠤᠳᠤᠭ ᠪᠠᠶᠠᠨᠬᠤᠰᠢᠭᠤ ᠶᠢᠨ ᠵᠡᠬᠦᠨ ᠪᠡᠶ᠎ᠡ ᠪᠠᠷ ᠤᠷᠤᠰᠬᠤ ᠲᠦᠷᠬᠡᠨ ᠭᠤᠤᠯ ᠢ ᠬᠢᠳᠡᠳ | ᠢᠶᠠᠷ ︽牤牛河︾ ᠬᠡᠮᠡᠮᠤᠢ᠃ ᠭᠤᠤᠯ ᠤᠨ ᠲᠡᠷᠬᠡᠳᠡ ᠤᠴᠢᠪᠠᠯ ᠮᠦᠷᠬᠦᠯᠳᠤᠬᠦ ᠪᠠᠷ ᠪᠠᠵᠠᠭᠠᠵᠤ ᠪᠤᠢ | ᠪᠦᠳᠦᠬᠦᠨ ᠦᠬᠡᠷ ᠢ ᠲᠡᠮᠤᠷ ᠢᠶᠠᠷ ᠪᠠᠷᠢᠭᠠᠳ ᠲᠠᠯᠪᠢᠴᠢᠬᠠᠬᠰᠠᠨ ᠪᠠᠶᠢᠨ᠎ᠠ ᠯᠠᠢ᠃ ᠰᠦᠷᠳᠡᠢ ᠡ᠃ ︽牤牛河 | ︾ ᠬᠡᠳᠡᠭ ᠨᠡᠷ᠎ᠡ ᠳᠤ ᠨᠢ ᠪᠤᠯᠤᠭᠠᠳ ᠪᠤᠬ᠎ᠠ ᠪᠤᠰᠬᠠᠭᠠᠳ ᠲᠠᠯᠪᠢᠴᠢᠬᠠᠯ᠎ᠠ ᠪᠠᠶᠢᠯ ᠦᠬᠡᠢ᠃ ︽ᠶᠠᠭᠠᠬᠢᠭᠠᠳ ᠮᠠᠩ | ᠨᠢᠤ ᠾᠧ ᠬᠡᠪᠡᠢ︾ ᠬᠡᠮᠡᠪᠡᠰᠤ᠄ ︽ᠤᠷᠤᠰᠬᠠᠯ ᠨᠢ ᠲᠤᠬᠰᠢᠨ ᠪᠤᠯᠬᠤᠷ ᠦᠶᠡᠷᠯᠡᠬᠦ ᠳᠤ ᠨᠢ ᠪᠤᠬ᠎ᠠ ᠤᠷᠬᠢᠷᠠᠬᠤ ᠰᠢᠭ᠋ | ᠲᠠᠭᠤ ᠭᠠᠷᠳᠠᠭ︾ ᠭᠡᠵᠤ ᠬᠢᠳᠡᠳ ᠨᠦᠬᠦᠷ ᠲᠠᠶᠢᠯᠪᠤᠷᠢᠯᠠᠵᠢ ᠪᠢᠯᠨ᠃ ᠲᠤᠬᠠᠢ ᠶᠢᠨ ᠨᠤᠳᠤᠭ ᠲᠤ ᠤᠷᠤᠰᠢᠨ | ᠠᠮᠢᠳᠤᠷᠠᠬᠤ ᠦᠨᠳᠤᠰᠤᠳᠡᠨ ᠶᠠᠰᠤᠳᠠᠨ ᠭᠠᠵᠠᠷ ᠤᠨ ᠨᠡᠷ᠎ᠡ ᠶᠢ ᠦᠪᠡᠷ ᠦᠪᠡᠷ ᠤᠨ ᠬᠢ ᠪᠠᠷ ᠢᠶᠠᠨ ᠨᠡᠷᠡᠯᠡᠬᠦ | ᠲᠤᠬᠢᠶᠠᠯᠳᠤᠯ ᠪᠤᠢ᠃ | ᠮᠠᠨ ᠤ ᠬᠠᠵᠠᠭᠤ ᠬᠠᠪᠢ ᠳᠤ ᠡᠶᠢᠮᠤ ᠵᠢᠱᠢᠶ᠎ᠡ ᠦᠬᠡᠢ ᠴᠦ ᠪᠢᠰᠢ᠃ ᠬᠢᠨᠭ᠍ᠭᠠᠨ ᠠᠶᠢᠮᠠᠭ ᠤᠨ ᠷᠠᠰᠢᠶᠠᠨ ᠬᠤᠳᠠ | ᠳᠤ ︽白狼镇︾ ᠬᠡᠳᠡᠭ ᠬᠢᠳᠡᠳ ᠨᠡᠷ᠎ᠡ ᠲᠠᠢ ᠪᠠᠯᠭᠠᠰᠤ ᠪᠤᠢ᠃ ᠡᠨᠡ ᠪᠠᠯᠭᠠᠰᠤ ᠤᠭ ᠨᠢ ᠬᠤᠷᠴᠢᠨ | ᠪᠠᠷᠠᠭᠤᠨ ᠭᠠᠷᠤᠨ ᠡᠮᠦᠨᠡᠳᠤ ᠬᠤᠰᠢᠭᠤᠨ ᠳᠤ ᠪᠠᠭᠳᠠᠵᠤ ᠪᠠᠶᠢᠪᠠ᠃ ᠪᠢ ᠬᠢᠨᠭ᠍ᠭᠠᠨ ᠠᠶᠢᠮᠠᠭ ᠤᠨ ᠵᠠᠯᠠᠭᠤ ᠰᠤᠳᠤᠨ | ᠵᠤᠬᠢᠶᠠᠯᠴᠢ ᠬᠦᠢᠳᠡᠨᠪᠤᠯᠠᠭ ᠠᠴᠠ ︽ᠡᠨᠡ ᠭᠠᠵᠠᠷ ᠤᠨ ᠮᠤᠩᠭᠤᠯ ᠨᠡᠷ᠎ᠡ ᠨᠢ ᠴᠠᠭᠠᠨ ᠴᠢᠨ᠋ᠸ᠎ᠠ ᠪᠤᠶᠤ ᠡᠰᠡᠪᠡᠯ ᠰᠠᠭᠠᠷᠠᠯ | ᠴᠢᠨ᠋ᠸ᠎ᠠ ᠤᠤ︖︾ ᠭᠡᠵᠤ ᠰᠤᠨᠢᠭᠤᠴᠢᠯᠠᠨ ᠠᠰᠠᠭᠤᠬᠰᠠᠨ ᠳᠤ᠄ ︽ᠴᠢᠨ᠋ᠸ᠎ᠠ ᠲᠠᠢ ᠬᠤᠯᠪᠤᠭ᠎ᠠ ᠦᠬᠡᠢ︾ ᠬᠡᠳ ︽ | ᠡᠶᠢᠮᠤ ᠬᠤᠶᠠᠷ ᠬᠡᠯᠡᠯᠬᠡ ᠪᠤᠢ᠂ ᠨᠢᠬᠡ ᠨᠢ ︿ᠠᠪᠠ ᠶᠢᠨ ᠪᠠᠶᠢᠯᠭ᠎ᠠ﹀᠃ ᠪᠠᠶᠢᠯᠭ᠎ᠠ ᠬᠡᠳᠡᠭ ᠪᠤᠯ ᠬᠤᠷᠴᠢᠨ ᠳᠤ | ᠨᠡᠶᠢᠳᠡᠮ ᠵᠠᠷᠤᠳᠠᠭ ᠬᠡᠯᠡᠯᠬᠡ᠂ ᠭᠤᠤᠯᠳᠠᠭᠤ ᠬᠡᠬᠡᠷ᠎ᠡ ᠶᠢᠨ ᠭᠠᠭ᠋ᠠᠢ ᠠᠩᠨᠠᠬᠤ ᠳᠤ ᠬᠡᠷᠡᠭᠯᠡᠨ᠎ᠡ᠃ ᠬᠡᠬᠡᠷ᠎ᠡ ᠶᠢᠨ ᠭᠠᠭ᠋ᠠᠢ | ᠶᠢ ᠬᠤᠮᠤᠷᠭᠠᠯᠠᠵᠤ ᠠᠩᠨᠠᠬᠤ ᠳᠤ ᠴᠢᠳᠠᠯ ᠪᠢᠷ᠎ᠠ ᠦᠬᠡᠢ ᠨᠢ ᠠᠡᠭ ᠢᠶᠠᠨ ᠦᠷᠬᠦᠬᠡᠵᠤ ᠪᠠᠶᠢᠯᠭ᠎ᠠ ᠵᠦᠭ ᠬᠠᠰᠢᠨᠠ᠃ | ᠬᠠᠷᠢᠨ ᠪᠢᠷ᠎ᠠ ᠴᠢᠳᠠᠯ ᠲᠠᠢ ᠵᠠᠯᠠᠭᠤᠰ ᠨᠢ ᠪᠠᠶᠢᠯᠭ᠎ᠠ ᠳᠤ ᠪᠠᠨ ᠤᠳᠤᠵᠤ ᠬᠠᠷᠪᠤᠨ᠎ᠠ᠃ ᠨᠦᠬᠦᠬᠡ ᠨᠢ ᠪᠠᠯᠢᠩ ᠲᠠᠬᠢᠯ | ᠤᠨ ︿ᠪᠠᠯᠢᠩ﹀ ᠴᠦ ᠬᠡᠳᠡᠭ᠂ ᠵᠠᠯᠠᠶᠢᠳ ᠬᠤᠰᠢᠭᠤᠨ ᠳᠤ ᠪᠠᠯᠢᠩ ᠠᠭᠤᠯᠨ᠂ ᠲᠤᠶ᠋ᠢᠩ ᠦᠨᠳᠤᠷ ᠬᠡᠬᠦ ᠠᠭᠤᠯᠨ | ᠪᠤᠢ︾ ᠭᠡᠵᠤ ᠲᠠᠶᠢᠯᠪᠤᠷᠢᠯᠠᠵᠠᠢ᠃ ᠶᠠᠭ ᠮᠥᠨ ᠭᠡᠵᠤ ᠪᠠᠳᠤᠯᠠᠵᠤ ᠦᠯᠤ ᠴᠢᠳᠠᠬᠤ ᠵᠤᠭᠤᠭ ᠢ ᠰᠡᠳᠬᠦᠯ ᠤᠨ ᠠᠯᠳᠠᠨ | ᠬᠠᠭᠤᠳᠠᠰᠤ ᠶᠢ ᠪᠦᠷᠢᠯᠬᠡᠨ ᠪᠠᠶᠢᠵᠤ ᠲᠡᠮᠳᠡᠭᠯᠡᠭᠰᠡᠨ ᠤ ᠵᠤᠷᠢᠯᠭ᠎ᠠ ᠮᠠᠨᠢ ᠡᠨᠡ ᠨᠡᠷ᠎ᠡ ᠶᠢᠨ ᠢᠷᠡᠯ ᠭᠠᠷᠤᠯ ᠢ ᠰᠤᠳᠤᠯᠬᠤ | ᠬᠡᠰᠡᠨ ᠬᠦᠮᠦᠰ ᠲᠤ ᠰᠦᠪᠡᠭᠴᠢ ᠪᠤᠯᠳᠤᠭᠠᠢ᠂ ᠪᠠᠰᠨ ︽ᠪᠠᠶᠢᠯᠭ᠎ᠠ︾ ᠬᠡᠳᠡᠭ ᠦᠬᠡ ᠮᠢᠨᠤ ᠭᠠᠷ ᠲᠤ ᠦᠷᠳᠦᠭᠰᠡᠨ | ᠬᠡᠳᠤᠨ ᠲᠤᠯᠢ ᠳᠤ ᠠᠯᠠᠭ᠎ᠠ ᠪᠤᠯᠬᠤ ᠪᠠᠷ ᠮᠡᠳᠡᠬᠦ ᠶᠤᠰᠤᠳᠠᠢ ᠨᠢ ᠮᠡᠳᠡᠵᠤ ᠠᠪᠤᠭᠠᠷᠠᠢ ᠭᠡᠰᠡᠨ ᠯᠨ ᠰᠠᠨᠠᠭ᠎ᠠ ᠪᠢᠯᠨ᠃ | ︽ᠪᠠᠶᠢᠯᠭ᠎ᠠ︾ ᠪᠤᠶᠤ ︽ᠪᠠᠯᠢᠩ︾ ᠬᠡᠳᠡᠭ ᠨᠡᠷ᠎ᠡ ᠶᠢ ᠬᠢᠳᠡᠳ ᠢᠶᠠᠷ ︽白狼︾ ᠭᠡᠵᠤ ᠠᠪᠢᠶᠠᠴᠢᠯᠠᠨ | ᠲᠠᠭᠤᠳᠠᠬᠰᠠᠨ ᠠᠴᠠ ᠤᠳᠤ ᠬᠠᠷᠢᠨ ︽ᠪᠠᠢ ᠯᠠᠩ ᠵᠧᠨ ᠪᠠᠯᠭᠠᠰᠤ︾ ᠪᠤᠯᠤᠬᠰᠠᠨ ᠠᠵᠢ᠃ ᠶᠠᠭᠠᠬᠢᠵᠤ ᠬᠡᠯᠡᠭᠰᠡᠨ ᠴᠦ | ᠬᠤᠶᠠᠷ ᠦᠬᠡᠷ᠎ᠡ ᠬᠡᠯᠨ ᠶᠤᠮ ᠭᠠᠵᠠᠷ᠂ ︽ᠪᠠᠯᠢᠩ︾ ᠬᠡᠳᠡᠭ ᠦᠬᠡ ᠶᠢ ᠬᠢᠳᠡᠳ ᠢᠶᠠᠷ ᠶᠠᠭᠠᠬᠢᠵᠤ ᠲᠡᠮᠳᠡᠭᠯᠡᠬᠦ᠂ | ᠶᠠᠭᠠᠬᠢᠵᠤ ᠠᠪᠢᠶ᠋ᠶᠠᠯᠠᠬᠤ ᠪᠦᠷ ᠬᠠᠮᠢᠶ᠎ᠠ ᠦᠬᠡᠢ ᠶᠠᠪᠤᠳᠠᠯ᠃ ᠭᠤᠤᠯ ᠨᠢ ᠪᠠᠯᠭᠠᠰᠤᠨ ᠤ ᠲᠦᠪ ᠲᠡᠬᠡᠷ᠎ᠡ ︽白狼︾ | ᠬᠡᠰᠡᠨ ᠬᠢᠳᠡᠳ ᠦᠰᠦᠭ ᠲᠠᠢ᠂ ᠴᠠᠭᠠᠨ ᠴᠢᠨ᠋ᠸ᠎ᠠ ᠶᠢᠨ ᠰᠡᠶᠢᠯᠤᠮᠡᠯ ᠪᠤᠰᠬᠠᠬᠰᠠᠨ ᠪᠦᠬᠡᠳ ᠪᠠᠢ ᠳ᠋ᠦ᠋ ᠬᠠᠶᠢᠯᠳᠠ | ᠲᠡᠬᠡᠷ᠎ᠡ ︽ᠲᠤᠬᠠᠢ ᠶᠢᠨ ᠨᠤᠳᠤᠭ ᠲᠤ ᠴᠢᠨ᠋ᠸ᠎ᠠ ᠤᠯᠠᠨᠳᠠᠢ ᠤᠴᠢᠷ ᠠᠴᠠ ᠢᠡᠭᠬᠢᠵᠤ ᠨᠡᠷᠡᠯᠡᠪᠡ︾ ᠭᠡᠵᠤ ᠴᠢᠨᠠᠭᠠᠳ | ᠱᠦᠯᠦ ᠨᠡᠶᠢᠯᠡᠬᠦ ᠦᠬᠡᠢ ᠲᠠᠶᠢᠯᠪᠤᠷᠢᠯᠠᠬᠰᠠᠨ ᠨᠢ ᠯᠨ ᠬᠠᠷᠠᠮᠰᠠᠯᠳᠠᠢ᠃ ᠡᠨᠡ ᠰᠡᠶᠢᠯᠤᠮᠡᠯ ᠤᠨ ᠵᠢᠷᠤᠭ ᠪᠠ ᠲᠠᠶᠢᠯᠪᠤᠷᠢ | ᠶᠢ ᠦᠵᠡᠬᠡᠳ ᠪᠢ ᠮᠤᠩᠭᠤᠯᠴᠤᠳ ᠤᠨ ᠬᠦᠯᠬᠡᠨ ᠶᠡᠭᠡ ᠰᠤᠳᠤᠷ ︽ᠮᠤᠩᠭᠤᠯ ᠤᠨ ᠨᠢᠭᠤᠴᠨ ᠲᠤᠪᠴᠢᠶᠠᠨ︾ ᠢ | ᠮᠢᠩ ᠤᠯᠤᠰ ᠤᠨ ᠡᠬᠢᠨ ᠤ ᠦᠶ᠎ᠡ ᠳᠤ ᠬᠢᠴᠢᠶᠡᠯ ᠤᠨ ᠪᠢᠴᠢᠭ ᠪᠤᠯᠭᠠᠬᠤ ᠵᠤᠷᠢᠯᠭ᠎ᠠ ᠪᠠᠷ ᠮᠤᠩᠭᠤᠯ ᠦᠬᠡ ᠶᠢ | ᠬᠢᠳᠡᠳ ᠦᠰᠦᠭ ᠢᠶᠠᠷ ᠠᠪᠢᠶᠠᠴᠢᠯᠠᠨ ᠲᠡᠮᠳᠡᠭᠯᠡᠵᠤ᠂ ᠬᠢᠳᠡᠳ ᠬᠡᠯᠡᠨ᠎ᠡ ᠤᠷᠴᠢᠭᠤᠯᠬᠤ ᠳᠤ ᠪᠠᠨ ︽ᠴᠢᠩᠭᠢᠰ ᠬᠠᠭᠠᠨ | ᠤ ᠢᠵᠠᠭᠤᠷ ᠲᠡᠬᠡᠳᠤ ᠲᠡᠭᠷᠢ ᠠᠴᠠ ᠵᠠᠶᠠᠭᠠᠳᠤ ᠲᠦᠷᠦᠭᠰᠡᠨ ᠪᠦᠷᠳᠡ ᠴᠢᠨ᠋ᠸ᠎ᠠ᠂ ᠬᠡᠷᠭᠡᠢ ᠭᠤᠸ᠎ᠠ ᠮᠠᠷᠠᠯ ᠤᠨ ᠬᠠᠮᠳᠤ | ᠲᠡᠩᠭᠢᠰ ᠲᠠᠯᠠᠢ ᠶᠢ ᠬᠡᠳᠤᠯᠵᠤ ᠢᠷᠡᠬᠡᠳ ᠁︾ ᠬᠡᠳᠡᠭ ᠪᠠᠳᠠᠭ ᠲᠤ ᠬᠢ ︽ᠪᠦᠷᠳᠡ ᠴᠢᠨ᠋ᠸ᠎ᠠ︾ ᠶᠢ ︽苍色 | 狼︾᠂ ︽ᠭᠤᠸ᠎ᠠ ᠮᠠᠷᠠᠯ︾ ᠢ ︽惨白色鹿︾ ᠭᠡᠵᠤ ᠬᠠᠵᠠᠭᠤ ᠶᠢᠨ ᠤᠷᠴᠢᠭᠤᠯᠭ᠎ᠠ ᠬᠠᠳᠠᠬᠰᠠᠨ | ᠠᠴᠠ ᠪᠤᠯᠤᠭᠠᠳ ᠬᠡᠴᠢᠨᠡᠬᠡᠨ ᠵᠢᠯ ᠤᠨ ᠲᠤᠷᠰᠢ ᠮᠤᠩᠭᠤᠯᠴᠤᠳ ᠤᠨ ᠲᠡᠭᠡᠳᠤᠰ ᠪᠤᠯ ︽ᠴᠢᠨ᠋ᠸ᠎ᠠ︾ ᠪᠤᠶᠤ ︽ᠪᠤᠭᠤ︾ | ᠠᠴᠠ ᠢᠷᠡᠯᠳᠡᠢ ᠬᠡᠮᠡᠨ ᠶᠠᠷᠢᠬᠳᠠᠬᠤ ᠳᠤ ᠬᠦᠷᠦᠬᠦᠯᠦᠭᠰᠡᠨ ᠢ ᠪᠤᠳᠤᠭᠠᠳ ᠪᠦᠬᠦ ᠪᠡᠶ᠎ᠡ ᠲᠠᠬᠵᠢᠰᠬᠢᠵᠤ ᠠᠪᠤᠬᠰᠠᠨ | ᠪᠢᠯᠨ᠃ ᠴᠠᠭᠠᠨ ᠴᠢᠨ᠋ᠸ᠎ᠠ ᠶᠢᠨ ᠬᠦᠰᠢᠶ᠎ᠡ ᠮᠢᠨᠤ ᠨᠤᠳᠤᠭ ᠠᠷᠤ ᠬᠤᠷᠴᠢᠨ ᠤ ᠬᠤᠰᠢᠭᠤᠨ ᠲᠦᠪ ᠴᠢᠪᠠᠭ᠎ᠠ ᠪᠠᠯᠭᠠᠰᠣᠨ | ᠤ ᠪᠠᠷᠠᠭᠤᠨᠳᠠᠢ ᠠᠴᠠ ᠤᠷᠤᠬᠤ ᠵᠠᠮ ᠵᠠᠭᠤᠷ᠎ᠠ ᠪᠠᠶᠢᠭ᠎ᠠ ︽ᠠᠷᠤ ᠬᠤᠷᠴᠢᠨ︾ ᠬᠡᠰᠡᠨ ᠦᠰᠦᠭ ᠲᠠᠢ ᠨᠠᠮᠨᠠᠭᠠᠴᠢ ᠶᠢᠨ | ᠬᠦᠰᠢᠶ᠎ᠡ ᠲᠠᠢ ᠠᠭᠠᠷ ᠨᠢᠬᠡᠨ ᠪᠤᠶᠤ᠃ ᠪᠦᠷ ᠯᠨ ᠵᠢᠭᠤᠯᠴᠢᠳ ᠢ ᠲᠠᠳᠠᠬᠤ ᠶᠢᠨ ᠲᠦᠯᠦᠬᠡᠨ ᠤ᠂ ᠡᠰᠡᠪᠡᠯ ᠤᠷᠤᠨ | ᠨᠤᠳᠤᠭ ᠤᠨ ᠲᠡᠮᠳᠡᠭ ᠤᠨ ᠰᠢᠨᠵᠢ ᠪᠦᠬᠦᠢ ᠤᠬᠠᠭᠤᠯᠭ᠎ᠠ ᠭᠡᠵᠤ ᠤᠶᠢᠯᠠᠭᠠᠵᠤ ᠪᠤᠯᠬᠤ ᠲᠠᠯ᠎ᠠ ᠲᠠᠢ᠃ | |