ᠴᠢᠩᠨᠢᠨᠠ ᠦᠬᠡᠷ᠄ ᠢᠲ᠋ᠠᠯᠢ ᠵᠢᠨ ᠬᠤᠢ᠌ᠲᠤ ᠬᠡᠰᠡᠭ᠎ᠤᠨ ᠴᠢᠩᠨᠢᠨᠠ ᠵᠢᠯᠠᠭ᠎ᠠ᠎ᠠᠴᠠ ᠤᠭ ᠭᠠᠷᠤᠯ᠎ᠲᠠᠢ᠃ ᠡᠨᠡ ᠪᠣᠯ ᠤᠳᠤᠬᠠᠨ᠎ᠳᠤ ᠳᠡᠯᠡᠬᠡᠢ ᠳᠡᠭᠡᠷ᠎ᠡ ᠪᠡᠶ᠎ᠡ᠎ᠪᠠᠷ ᠬᠠᠮᠤᠭ᠎ᠤᠨ ᠪᠦᠳᠦᠭᠦᠨ ᠮᠢᠬᠠᠨ᠎ᠤ ᠦᠬᠡᠷ ᠪᠣᠯᠣᠨ᠎ᠠ᠃ ᠪᠦᠬᠦᠲᠡᠢ ᠦᠬᠡᠷᠯᠦᠭᠡ ᠴᠢᠰᠦᠨ ᠲᠦᠷᠦᠯ᠎ᠤᠨ ᠬᠠᠷᠢᠴᠠᠭ᠎ᠠ᠎ᠲᠠᠢ᠂ ᠪᠦᠬᠦ᠎ᠲᠠᠢ ᠦᠬᠡᠷ᠎ᠤᠨ ᠴᠢᠰᠤᠨ᠎ᠤ ᠡᠭᠦᠯᠳᠡᠷ᠎ᠲᠤ ᠬᠠᠷᠢᠶᠠᠯᠠᠭᠳᠠᠨ᠎ᠠ᠃ 19 ᠳ᠋ᠦ᠍ᠭᠡᠷ ᠵᠠᠭᠤᠨ᠎ᠤ ᠡᠬᠢᠨ ᠦᠶ᠎ᠡ᠎ᠳᠤ ᠫᠤᠷᠲ᠋ᠦ᠋ ᠬᠠᠷ᠎ᠠ ᠦᠬᠡᠷ ᠵᠶ᠋ᠡᠷ ᠲᠤᠰ ᠭᠠᠵᠠᠷ᠎ᠤᠨ ᠦᠬᠡᠷ᠎ᠢ ᠡᠷᠯᠢᠰᠡᠵᠢᠭᠦᠯᠦᠭᠡᠳ ᠪᠣᠢ᠌ᠵᠢᠭᠣᠯᠤᠨ ᠭᠠᠷᠭ᠋ᠠᠵᠠᠢ᠃ 1955 ᠣᠨ᠎ᠳᠤ ᠰᠠᠢ᠌ᠨ ᠡᠭᠦᠯᠳᠡᠷ᠎ᠤᠨ ᠦᠬᠡᠷ ᠭᠡᠵᠦ ᠨᠡᠷᠡᠢ᠌ᠳᠦᠭᠳᠡᠪᠡ᠃ ᠴᠢᠩᠨᠢᠨᠠ ᠦᠬᠡᠷ᠎ᠤᠨ ᠪᠡᠶ᠎ᠡ᠎ᠨᠢ ᠤᠷᠲᠤ᠂ ᠪᠦᠳᠦᠭᠦᠨ᠂ ᠮᠦᠴᠢ᠎ᠨᠢ ᠦᠨᠳᠦᠷ᠂ ᠭᠡᠪᠡᠴᠦ ᠴᠡᠭᠡᠵᠢ᠎ᠨᠢ ᠲᠡᠢ᠌ᠮᠦ ᠵᠤᠵᠠᠭ᠋ᠠᠨ ᠪᠢᠰᠢ᠂ ᠦᠰᠦ᠎ᠨᠢ ᠴᠤᠯ ᠴᠠᠭ᠋ᠠᠨ᠂ ᠰᠡᠭᠦᠯ᠎ᠨᠢ ᠬᠠᠷ᠎ᠠ᠂ ᠬᠡᠪᠡᠯᠢ ᠵᠢᠨ ᠬᠡᠰᠡᠭ᠎ᠠᠴᠠ ᠪᠤᠰᠤᠳ ᠭᠠᠵᠠᠷ᠎ᠤᠨ ᠠᠷᠠᠰᠤ ᠮᠢᠬᠠᠨ ᠳᠡᠭᠡᠷ᠎ᠡ᠎ᠨᠢ ᠪᠦᠷ ᠬᠠᠷ᠎ᠠ ᠪᠤᠳᠤᠭᠲᠤ ᠡᠳ᠋᠎ᠲᠠᠢ᠃
ᠡᠷ᠎ᠡ ᠦᠬᠡᠷ᠎ᠤᠨ ᠪᠡᠶ᠎ᠡ ᠵᠢᠨ ᠬᠦᠨᠳᠦ᠎ᠨᠢ ᠪᠦᠬᠦᠯᠢ ᠨᠢᠭᠡ ᠵᠢᠯ ᠪᠣᠯᠪᠠᠯ 600kg᠂ 18 ᠰᠠᠷ᠎ᠠ ᠪᠣᠯᠪᠠᠯ 800kg᠂ 24 ᠰᠠᠷ᠎ᠠ ᠪᠣᠯᠪᠠᠯ 1000kg᠎ᠳᠤ ᠬᠦᠷᠦᠨ᠎ᠠ᠂ ᠬᠠᠮᠤᠭ᠎ᠤᠨ ᠪᠦᠳᠦᠭᠦᠨ᠎ᠨᠢ ᠠᠮᠢᠳᠤ᠎ᠪᠠᠷ ᠵᠶ᠋ᠠᠨ 1800kg᠎ᠳᠤ ᠬᠦᠷᠦᠨ᠎ᠡ᠂ ᠪᠡᠶ᠎ᠡ ᠵᠢᠨ ᠦᠨᠳᠦᠷ᠎ᠨᠢ 184cm ᠪᠤᠢ᠃ ᠦᠨᠢᠶ᠎ᠡ᠎ᠨᠢ ᠠᠮᠢᠳᠤ᠎ᠪᠠᠷ ᠵᠶ᠋ᠠᠨ 1000kg ᠬᠦᠨᠳᠦ᠂ ᠦᠨᠳᠦᠷ ᠵᠶ᠋ᠡᠷ ᠵᠶ᠋ᠡᠨ 150~170cm ᠪᠣᠢ᠃ ᠰᠠᠶᠢ ᠭᠠᠷᠤᠭᠰᠠᠨ ᠡᠷ᠎ᠡ ᠲᠤᠭᠤᠯᠤᠨ ᠪᠡᠶ᠎ᠡ ᠵᠢᠨ ᠬᠦᠨᠳᠦ᠎ᠨᠢ 47~55kg᠂ ᠦᠬᠢᠨ ᠲᠤᠭᠤᠯᠤᠨ ᠬᠢᠨᠢ 42~48kg ᠪᠣᠢ᠃
ᠡᠨᠡ ᠦᠬᠡᠷ ᠡᠷᠲᠡ ᠲᠤᠷᠨᠢᠳᠠᠭ ᠤᠨᠴᠠᠯᠢᠭ᠎ᠲᠠᠢ᠃ ᠵᠢᠯ᠎ᠤᠨ ᠤᠢ ᠪᠣᠯᠵᠣ ᠪᠠᠢ᠌ᠭ᠎ᠠ ᠲᠤᠭᠤᠯ ᠳᠣᠮᠳᠠᠴᠢ᠎ᠪᠠᠷ ᠠᠮᠢᠳᠤ᠎ᠪᠠᠷ ᠵᠶ᠋ᠠᠨ 409kg ᠬᠦᠨᠳᠦ ᠪᠠᠢ᠌ᠳᠠᠭ᠂ ᠪᠡᠶ᠎ᠡ ᠵᠢᠨ ᠬᠦᠨᠳᠦ᠎ᠨᠢ ᠳᠣᠮᠳᠠᠴᠢ᠎ᠪᠠᠷ ᠡᠳᠦᠷ᠎ᠲᠤ 1230g ᠨᠡᠮᠡᠭᠳᠡᠨ᠎ᠡ᠃ ᠮᠢᠬ᠎ᠠ᠎ᠨᠢ ᠠᠮᠲᠠᠲᠠᠢ᠂ ᠭᠠᠨᠳᠢᠭ ᠴᠢᠯᠠᠭᠤᠨ᠎ᠤ ᠰᠢᠷᠬᠡᠭ᠎ᠲᠠᠢ᠂ ᠨᠠᠷᠢᠯᠢᠭ ᠵᠦᠭᠡᠯᠡᠨ᠂ ᠪᠤᠷᠳᠤᠵᠤ ᠲᠠᠷᠭᠤᠯᠠᠭᠤᠯᠬᠤ ᠠᠷᠭ᠎ᠠ᠎ᠨᠢ ᠪᠠᠷᠣᠭ ᠴᠠᠷᠤᠯᠧᠰ ᠦᠬᠡᠷ᠎ᠲᠠᠢ ᠠᠳᠠᠯᠢ ᠪᠠᠢ᠌ᠳᠠᠭ᠃ ᠤᠷᠴᠢᠨ ᠲᠤᠭᠤᠷᠢᠨ᠎ᠳᠠᠭᠠᠨ ᠵᠣᠬᠢᠴᠠᠬᠤ᠎ᠨᠢ ᠨᠡᠯᠢᠶᠡᠳ ᠰᠠᠢ᠌ᠨ᠂ ᠦᠷᠡᠵᠢᠯ᠎ᠤᠨ ᠴᠢᠳᠠᠪᠤᠷᠢ᠎ᠨᠢ ᠶᠡᠬᠡ᠂ ᠲᠤᠭᠤᠯᠯᠠᠬᠤ᠎ᠳᠠᠭᠠᠨ ᠪᠠᠷᠤᠭᠲᠠᠢ᠎ᠳᠤ ᠪᠡᠷᠬᠡᠲᠦᠬᠦ ᠦᠭᠡᠢ ᠶᠤᠮ᠃
(ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠵᠢᠨ ᠨᠠᠢ᠌ᠷᠠᠭᠤᠯᠤᠭᠰᠠᠨ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)