ᠰᠢᠶᠠᠨ ᠵᠢᠦᠢ ᠲᠠᠬᠢᠶ᠎ᠠ (仙居鸡) ᠪᠣᠯ ᠮᠠᠨ᠎ᠤ ᠣᠯᠣᠰ᠎ᠤᠨ ᠰᠢᠯᠢᠳᠡᠭ ᠰᠠᠢ᠌ᠨ ᠪᠠᠭ᠎ᠠ ᠬᠡᠯᠪᠡᠷᠢ ᠵᠢᠨ ᠦᠨᠳᠡᠭᠡᠨ ᠲᠠᠬᠢᠶᠠᠨ ᠡᠭᠦᠯᠳᠡᠷ ᠮᠦᠨ᠃
(ᠨᠢᠭᠡ) ᠪᠡᠶ᠎ᠡ ᠭᠠᠯᠪᠢᠷ
1. ᠭᠠᠳᠠᠷ ᠳᠦᠷᠰᠦ ᠵᠢᠨ ᠤᠨᠴᠠᠯᠢᠭ
ᠴᠤᠷᠪᠠᠭ᠎ᠠ ᠲᠠᠬᠢᠶ᠎ᠠ ᠵᠢᠨ ᠨᠣᠯᠣᠣᠷ ᠦᠳᠦ᠎ᠨᠢ ᠰᠢᠷ᠎ᠠ ᠦᠩᠭᠡ᠎ᠲᠠᠢ᠂ ᠭᠦᠨ ᠭᠦᠢ᠍ᠬᠡᠨ ᠠᠳᠠᠯᠢ ᠦᠭᠡᠢ᠂ ᠬᠣᠰᠢᠭᠤ᠂ ᠰᠢᠯᠪᠢ᠂ ᠬᠦᠯ ᠣᠯᠠᠩᠬᠢ᠎ᠨᠢ ᠰᠢᠷ᠎ᠠ ᠦᠩᠭᠡ᠎ᠲᠠᠢ᠂ ᠴᠦᠬᠡᠨ᠎ᠨᠢ ᠬᠦᠬᠡ ᠦᠩᠭᠡ᠎ᠲᠠᠢ ᠪᠠᠢ᠌ᠳᠠᠭ᠃ ᠰᠢᠶᠠᠨ ᠵᠢᠦᠢ ᠲᠠᠬᠢᠶ᠎ᠠ ᠵᠢᠨ ᠲᠣᠯᠣᠭ᠋ᠠᠢ ᠵᠢᠨ ᠬᠡᠰᠡᠭ᠎ᠤᠨ ᠶᠡᠬᠡ ᠪᠠᠭ᠎ᠠ᠎ᠨᠢ ᠲᠤᠬᠢᠷᠠᠮᠵᠢᠲᠠᠢ᠂ ᠨᠢᠷᠤᠭᠤᠨ ᠬᠡᠰᠡᠭ᠎ᠨᠢ ᠴᠡᠪᠡᠷᠬᠡᠨ ᠪᠠᠢ᠌ᠳᠠᠭ᠃ ᠳᠠᠩ ᠰᠡᠴᠢᠭ᠂ ᠰᠡᠴᠢᠭ᠎ᠤᠨ ᠤᠷᠤᠢ᠎ᠨᠢ ᠲᠡᠭᠰᠢᠳᠭᠡᠭᠡᠳ 6 ᠪᠠᠢ᠌ᠳᠠᠭ᠃ ᠮᠣᠯᠴᠤᠭ᠎ᠨᠢ ᠳᠣᠮᠳᠠ ᠵᠡᠷᠭᠡ᠂ ᠨᠡᠯᠢᠶᠡᠳ ᠨᠢᠮᠭᠡᠨ᠂ ᠴᠢᠬᠢᠨ ᠳᠡᠯᠪᠢ᠎ᠨᠢ ᠵᠣᠣᠪᠠᠩ᠂ ᠰᠤᠷᠭᠤᠭ ᠤᠯᠠᠭ᠋ᠠᠨ ᠦᠩᠭᠡ᠎ᠲᠠᠢ᠃ ᠨᠢᠳᠦᠨ᠎ᠤ ᠰᠣᠯᠣᠩᠭ᠋ᠠᠨ ᠪᠦᠷᠬᠦᠭᠦᠯ᠎ᠨᠢ ᠵᠦᠷᠵᠢᠨ ᠰᠢᠷ᠎ᠠ ᠦᠩᠭᠡ᠎ᠲᠠᠢ᠂ ᠪᠠᠰᠠ ᠵᠠᠷᠢᠮ᠎ᠨᠢ ᠬᠠᠷ᠎ᠠ ᠪᠣᠷᠣ᠂ ᠠᠯᠲᠠᠨ ᠰᠢᠷᠭ᠋ᠠᠯ ᠪᠣᠶᠣ ᠬᠦᠷᠡᠩ ᠦᠩᠭᠡ᠎ᠲᠠᠢ ᠪᠠᠢ᠌ᠳᠠᠭ᠃ ᠡᠷᠡᠭᠴᠢᠨ ᠲᠠᠬᠢᠶᠠᠨ᠎ᠤ ᠰᠡᠴᠢᠭ᠎ᠨᠢ ᠠᠰᠬᠠᠨ᠂ ᠦᠨᠳᠦᠷ᠎ᠨᠢ 2~4cm᠂ ᠡᠡᠮᠭᠴᠢᠨ ᠲᠠᠬᠢᠶᠠᠨ᠎ᠤ ᠰᠡᠴᠢᠭ᠎ᠨᠢ ᠤᠬᠤᠷ ᠰᠢᠭ᠂ ᠪᠠᠷᠤᠭ 2cm ᠪᠠᠢ᠌ᠳᠠᠭ᠃
ᠰᠢᠶᠠᠨ ᠵᠢᠦᠢ ᠲᠠᠬᠢᠶ᠎ᠠ ᠵᠢᠵᠢᠭ ᠠᠪᠰᠠᠷᠬᠠᠨ᠂ ᠦᠳᠦ᠎ᠨᠢ ᠪᠦᠬᠦ ᠪᠡᠶ᠎ᠡ᠎ᠲᠠᠢ᠎ᠨᠢ ᠴᠢᠩᠭ᠎ᠠ ᠨᠠᠭ᠋ᠠᠯᠳᠣᠵᠣ᠂ ᠨᠢᠷᠣᠭᠣᠨ ᠬᠡᠰᠡᠭ᠎ᠨᠢ ᠲᠡᠭᠰᠢᠬᠡᠨ᠂ ᠡᠷᠡᠭᠴᠢᠨ ᠲᠠᠬᠢᠶᠠᠨ᠎ᠤ ᠦᠳᠦ᠎ᠨᠢ ᠰᠢᠷ᠎ᠠ ᠤᠯᠠᠭ᠋ᠠᠨ ᠦᠩᠭᠡ᠎ᠲᠠᠢ ᠪᠠᠢ᠌ᠵᠤ᠂ ᠬᠠᠳᠤᠭᠤᠷ ᠦᠳᠦ ᠪᠠ ᠰᠡᠭᠦᠯ᠎ᠤᠨ ᠦᠳᠦ᠎ᠨᠢ ᠬᠠᠷ᠎ᠠ ᠦᠩᠭᠡ᠎ᠲᠠᠢ᠃ ᠡᠮᠡᠭᠴᠢᠨ ᠲᠠᠬᠢᠶᠠᠨ᠎ᠤ ᠦᠳᠦ᠎ᠨᠢ ᠰᠢᠷ᠎ᠠ ᠦᠩᠭᠡ᠎ᠪᠠᠷ ᠭᠣᠣᠯᠯᠠᠵᠤ᠂ ᠬᠦᠵᠦᠭᠦᠨ ᠬᠡᠰᠡᠭ᠎ᠤᠨ ᠦᠩᠭᠡ᠎ᠨᠢ ᠭᠦᠨ ᠰᠢᠭ᠂ ᠳᠠᠯᠠᠪᠴᠢ᠎ᠨᠢ ᠰᠢᠷ᠎ᠠ ᠬᠠᠷ᠎ᠠ ᠦᠩᠭᠡ ᠠᠯᠠᠭᠯᠠᠵᠤ᠂ ᠰᠡᠭᠦᠯ᠎ᠤᠨ ᠦᠳᠦ᠎ᠨᠢ ᠬᠠᠷ᠎ᠠ ᠦᠩᠭᠡ᠎ᠲᠠᠢ ᠪᠠᠢ᠌ᠳᠠᠭ᠃
ᠲᠤᠰ ᠲᠠᠬᠢᠶᠠᠨ᠎ᠤ ᠠᠷᠠᠰᠤ᠎ᠨᠢ ᠴᠠᠭ᠋ᠠᠨ ᠪᠤᠶᠤ ᠭᠦᠢ᠍ᠬᠡᠨ ᠰᠢᠷ᠎ᠠ ᠦᠩᠭᠡ᠎ᠲᠠᠢ᠂ ᠬᠦᠯ᠎ᠨᠢ ᠰᠢᠷ᠎ᠠ ᠦᠩᠭᠡ᠎ᠲᠠᠢ ᠪᠠᠢ᠌ᠳᠠᠭ᠃ ᠤᠷᠴᠢᠮ᠎ᠤᠨ ᠵᠢᠯ᠎ᠠᠴᠠ ᠨᠠᠰᠢ ᠰᠢᠯᠪᠢ᠂ ᠬᠦᠯ᠎ᠨᠢ ᠬᠦᠬᠡ ᠦᠩᠭᠡ᠎ᠲᠠᠢ ᠪᠣᠶᠣ ᠰᠢᠯᠪᠢ ᠵᠢᠨ ᠬᠡᠰᠡᠭ᠎ᠲᠤᠨᠢ ᠪᠠᠭ᠎ᠠ ᠦᠳᠦ᠎ᠲᠠᠢ ᠬᠢᠨᠢ ᠲᠤᠩ ᠴᠦᠬᠡᠨ ᠬᠠᠷᠠᠭᠳᠠᠳᠠᠭ᠃ ᠭᠡᠲᠡᠯ᠎ᠡ ᠰᠢᠯᠪᠢ ᠵᠢᠨ ᠶᠠᠰᠤᠨ᠎ᠤ ᠪᠦᠳᠦᠭᠦᠨ ᠨᠠᠷᠢᠨ᠎ᠨᠢ ᠵᠤᠬᠢᠬᠤ ᠵᠦᠷᠢᠶᠡᠨ᠎ᠲᠠᠢ ᠪᠠᠢ᠌ᠳᠠᠭ᠃
ᠰᠢᠶᠠᠨ ᠵᠢᠦᠢ ᠲᠠᠬᠢᠶ᠎ᠠ ᠵᠢᠨ ᠪᠡᠶ᠎ᠡ᠎ᠨᠢ ᠬᠦᠩᠭᠡᠨ ᠵᠢᠵᠢᠭ᠂ ᠪᠡᠶ᠎ᠡ ᠪᠠᠢ᠌ᠴᠠ᠎ᠨᠢ ᠵᠢᠭᠲᠡ᠂ ᠠᠷᠤᠭ ᠶᠠᠰᠤ᠎ᠨᠢ ᠲᠤᠩ ᠨᠠᠷᠢᠨ᠂ ᠦᠨᠳᠡᠭᠡᠨ ᠬᠡᠷᠡᠭᠯᠡᠭᠡᠨ᠎ᠤ ᠲᠠᠬᠢᠶᠠᠨ᠎ᠤ ᠨᠡᠢ᠌ᠲᠡᠯᠢᠭ ᠤᠨᠴᠠᠯᠢᠭ᠎ᠲᠠᠢ ᠪᠠᠢ᠌ᠳᠠᠭ᠂ ᠬᠦᠳᠡᠯᠬᠦ᠎ᠨᠢ ᠬᠤᠷᠴᠠ ᠱᠠᠯᠠᠮᠠᠭ᠋ᠠᠢ ᠴᠤ᠌ ᠰᠤᠴᠢᠮᠠᠲᠠᠭ᠋ᠠᠢ ᠪᠠᠢ᠌ᠳᠠᠭ᠃ ᠡᠨᠡ᠎ᠨᠢ ᠦᠨᠳᠡᠭᠡᠨ ᠬᠡᠷᠡᠭᠯᠡᠭᠡᠨ᠎ᠤ ᠲᠠᠬᠢᠶᠠᠨ᠎ᠤ ᠤᠨᠴᠠᠯᠢᠭᠲᠤ ᠲᠤᠬᠢᠷᠠᠳᠠᠭ᠃
2. ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ
ᠵᠧᠵᠢᠶᠠᠩ ᠮᠤᠵᠢ ᠵᠢᠨ ᠲᠠᠷᠢᠶᠠᠯᠠᠩ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠬᠡᠮᠵᠢᠭᠰᠡᠨ ᠵᠶ᠋ᠡᠷ ᠨᠠᠰᠤ ᠭᠦᠢ᠍ᠴᠡᠭᠰᠡᠨ᠎ᠤ ᠰᠡᠭᠦᠯᠡᠷᠬᠢ ᠰᠢᠶᠠᠨ ᠵᠢᠦᠢ ᠲᠠᠬᠢᠶᠠᠨ᠎ᠤ ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ᠎ᠨᠢ ᠬᠦᠰᠦᠨᠦᠭᠲᠦ 2-1 ᠮᠡᠲᠦ᠃
ᠬᠦᠰᠦᠨᠦᠭᠲᠦ 2-1 ᠰᠢᠶᠠᠨ ᠵᠢᠦᠢ ᠲᠠᠬᠢᠶᠠᠨ᠎ᠤ ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ

(ᠬᠤᠶᠠᠷ) ᠦᠢ᠍ᠯᠡᠳᠪᠦᠷᠢᠯᠡᠯ᠎ᠤᠨ ᠴᠢᠳᠠᠪᠤᠷᠢ
1. ᠦᠨᠳᠡᠭᠡᠯᠡᠬᠦ ᠴᠢᠳᠠᠪᠤᠷᠢ
ᠨᠡᠯᠢᠶᠡᠳ ᠰᠠᠢ᠌ᠨ ᠠᠷᠠᠴᠢᠯᠠᠨ ᠲᠡᠵᠢᠭᠡᠬᠦ ᠨᠦᠭᠦᠴᠡᠯ ᠳᠤᠤᠷ᠎ᠠ ᠰᠢᠶᠠᠨ ᠵᠢᠦᠢ ᠲᠠᠬᠢᠶ᠎ᠠ᠎ᠨᠢ 150 ᠡᠳᠦᠷ᠎ᠤᠨ ᠤᠷᠴᠢᠮ᠎ᠳᠤ ᠡᠬᠢᠯᠡᠵᠦ ᠦᠨᠳᠡᠭᠡᠯᠡᠳᠡᠭ᠃ ᠭᠡᠲᠡᠯ᠎ᠡ ᠲᠠᠷᠢᠶᠠᠯᠠᠬᠤ ᠤᠷᠤᠨ᠎ᠳᠤ ᠰᠣᠯᠠ᠎ᠪᠠᠷ ᠲᠡᠵᠢᠭᠡᠬᠦ ᠨᠦᠭᠦᠴᠡᠯ ᠳᠤᠤᠷ᠎ᠠ 180 ᠡᠳᠦᠷ ᠪᠣᠯᠣᠮᠠᠨᠵᠢᠨ ᠰᠠᠶᠢ ᠡᠬᠢᠯᠡᠵᠦ ᠦᠨᠳᠡᠭᠡᠯᠡᠳᠡᠭ᠃ ᠪᠤᠰᠤᠳ ᠡᠭᠦᠯᠳᠡᠷ᠎ᠲᠠᠢ ᠬᠠᠷᠢᠴᠠᠭᠤᠯᠪᠠᠯ᠂ ᠲᠤᠰ ᠲᠠᠬᠢᠶ᠎ᠠ᠎ᠨᠢ ᠨᠡᠯᠢᠶᠡᠳ ᠡᠷᠲᠡ ᠪᠤᠯᠪᠠᠰᠤᠷᠠᠬᠤ ᠨᠣᠲᠣᠭ᠎ᠤᠨ ᠡᠭᠦᠯᠳᠡᠷ᠎ᠤᠨ ᠨᠢᠭᠡ ᠪᠣᠯᠣᠨ᠎ᠠ᠃
ᠰᠢᠶᠠᠨ ᠵᠢᠦᠢ ᠲᠠᠬᠢᠶ᠎ᠠ ᠵᠢᠯ᠎ᠳᠤ 160~180 ᠦᠨᠳᠡᠭᠡᠯᠡᠳᠡᠭ᠂ ᠨᠡᠯᠢᠶᠡᠳ ᠰᠠᠢ᠌ᠨ ᠲᠡᠵᠢᠭᠡᠯᠭᠡ ᠵᠢᠨ ᠨᠦᠭᠦᠴᠡᠯ ᠳᠤᠤᠷ᠎ᠠ ᠪᠣᠯ 200᠎ᠠᠴᠠ ᠳᠡᠭᠡᠭᠰᠢ ᠦᠨᠳᠡᠭᠡᠯᠡᠳᠡᠭ᠃ ᠦᠨᠳᠡᠭᠡᠨ᠎ᠤ ᠬᠦᠨᠳᠦ᠎ᠨᠢ ᠲᠡᠭᠰᠢᠳᠭᠡᠭᠡᠳ 42g ᠤᠷᠢᠴᠮ ᠪᠠᠢ᠌ᠳᠠᠭ᠃ ᠦᠨᠳᠡᠭᠡᠨ ᠬᠠᠯᠢᠰᠤ᠎ᠨᠢ ᠬᠦᠩᠭᠡᠨ ᠬᠦᠷᠡᠩ ᠦᠩᠭᠡ᠎ᠪᠠᠷ ᠭᠤᠤᠯᠯᠠᠳᠠᠭ᠂ ᠦᠨᠳᠡᠭᠡᠨ ᠰᠢᠷ᠎ᠠ᠎ᠨᠢ ᠡᠬᠢᠨ᠎ᠤ ᠬᠤᠭᠤᠴᠠᠭ᠋ᠠᠨ᠎ᠳᠠᠭᠠᠨ ᠨᠡᠯᠢᠶᠡᠳ ᠰᠢᠷ᠎ᠠ ᠪᠠᠢ᠌ᠵᠤ᠂ ᠰᠡᠭᠦᠯᠴᠢ ᠵᠢᠨ ᠬᠤᠭᠤᠴᠠᠭ᠋ᠠᠨ᠎ᠳᠠᠭᠠᠨ ᠭᠦᠢ᠍ᠬᠡᠨ ᠰᠢᠷ᠎ᠠ ᠦᠩᠭᠡ ᠪᠣᠯᠵᠣ ᠬᠤᠪᠢᠷᠠᠳᠠᠭ᠃
2. ᠮᠢᠬᠠᠨ᠎ᠤ ᠭᠠᠷᠴᠠ
ᠰᠢᠶᠠᠨ ᠵᠢᠦᠢ ᠲᠠᠬᠢᠶ᠎ᠠ᠎ᠨᠢ ᠦᠨᠳᠡᠭᠡᠨ ᠬᠡᠷᠡᠭᠯᠡᠭᠡᠨ᠎ᠤ ᠲᠠᠬᠢᠶᠠᠨ ᠲᠦᠷᠦᠯ ᠪᠣᠯᠪᠠᠴᠤ ᠦᠰᠦᠯᠲᠡ ᠵᠢᠨ ᠬᠤᠷᠳᠣᠴᠠ ᠪᠠ ᠮᠢᠬᠠᠨ᠎ᠤ ᠴᠢᠨᠠᠷ᠎ᠨᠢ ᠴᠤ᠌ ᠨᠡᠯᠢᠶᠡᠳ ᠰᠠᠢ᠌ᠨ ᠪᠠᠢ᠌ᠳᠠᠭ᠃ ᠲᠤᠰ ᠲᠠᠬᠢᠶᠠᠨ᠎ᠤ ᠲᠦᠷᠦᠯ᠎ᠨᠢ 180 ᠡᠳᠦᠷ ᠪᠣᠯᠬᠣ ᠦᠶᠡᠰ᠎ᠲᠤ᠂ ᠡᠷᠡᠭᠴᠢᠨ ᠲᠠᠬᠢᠶᠠᠨ᠎ᠤ ᠪᠡᠶ᠎ᠡ ᠵᠢᠨ ᠵᠢᠩ᠎ᠨᠢ 1256g᠎ᠳᠤ ᠬᠦᠷᠴᠦ᠂ ᠡᠮᠡᠭᠴᠢᠨ ᠲᠠᠬᠢᠶᠠᠨ᠎ᠤ ᠪᠡᠶ᠎ᠡ ᠵᠢᠨ ᠵᠢᠩ᠎ᠨᠢ 953g ᠪᠠᠢ᠌ᠵᠤ᠂ ᠨᠠᠰᠤ ᠭᠦᠢ᠍ᠴᠡᠭᠰᠡᠨ ᠲᠠᠬᠢᠶᠠᠨ᠎ᠤ ᠪᠡᠶ᠎ᠡ ᠵᠢᠨ ᠵᠢᠩ᠎ᠲᠠᠢ ᠤᠢ᠌ᠷᠠᠲᠤᠳᠠᠭ (ᠬᠦᠰᠦᠨᠦᠭᠲᠦ 2-2)᠃
ᠬᠦᠰᠦᠨᠦᠭᠲᠦ 2-2 ᠰᠢᠶᠠᠨ ᠵᠢᠦᠢ ᠲᠠᠬᠢᠶᠠᠨ᠎ᠤ ᠮᠢᠬᠠᠨ᠎ᠤ ᠭᠠᠷᠴᠠ

3. ᠦᠷᠡᠵᠢᠬᠦ ᠴᠢᠳᠠᠪᠤᠷᠢ
ᠰᠢᠶᠠᠨ ᠵᠢᠦᠢ ᠲᠠᠬᠢᠶ᠎ᠠ ᠬᠦᠩᠭᠡᠨ᠂ ᠴᠤᠪᠤᠭᠤᠯᠢᠭ᠂ ᠦᠷ᠎ᠡ ᠲᠤᠭᠲᠠᠬᠤ ᠴᠢᠳᠠᠪᠤᠷᠢ᠎ᠪᠠᠷ ᠴᠢᠩᠭ᠎ᠠ᠂ ᠡᠷᠡᠭᠴᠢᠨ ᠡᠮᠡᠭᠴᠢᠨ᠎ᠤ ᠬᠠᠷᠢᠴᠠᠯ᠎ᠨᠢ 1∶16~20᠎ᠪᠠᠷ ᠨᠢᠭᠡ ᠰᠦᠷᠦᠭ ᠪᠤᠯᠭ᠋ᠠᠳᠠᠭ᠃ ᠬᠡᠮᠵᠢᠯᠲᠡ ᠵᠢ ᠦᠨᠳᠦᠰᠦᠯᠡᠪᠡᠯ᠂ ᠦᠷ᠎ᠡ ᠲᠤᠭᠲᠠᠬᠤ ᠨᠤᠷᠮ᠎ᠠ᠎ᠨᠢ 94.3%᠎ᠳᠤ ᠬᠦᠷᠴᠦ᠂ ᠦᠷ᠎ᠡ ᠲᠤᠭᠲᠠᠭᠰᠠᠨ ᠦᠨᠳᠡᠭᠡᠨ᠎ᠤ ᠨᠡᠪᠴᠢᠯᠲᠡ ᠵᠢᠨ ᠨᠤᠷᠮ᠎ᠠ᠎ᠨᠢ 83.5% ᠬᠦᠷᠳᠡᠭ᠃
ᠳᠠᠷᠣᠰᠢᠬᠤ ᠴᠢᠳᠠᠪᠤᠷᠢ᠎ᠨᠢ ᠨᠡᠯᠢᠶᠡᠳ ᠳᠤᠷᠤᠢ ᠶᠤᠮ᠂ ᠡᠩ᠎ᠤᠨ ᠪᠠᠢ᠌ᠳᠠᠯ ᠳᠤᠤᠷ᠎ᠠ᠂ ᠳᠠᠷᠣᠰᠢᠬᠤ (ᠡᠭᠦᠷᠰᠢᠬᠦ) ᠡᠮ᠎ᠡ ᠲᠠᠬᠢᠶ᠎ᠠ᠎ᠨᠢ ᠪᠦᠬᠦ ᠰᠦᠷᠦᠭ᠎ᠤᠨ ᠲᠠᠬᠢᠶᠠᠨ ᠲᠤᠭ᠋ᠠᠨ᠎ᠤ 10%~20% ᠵᠢ ᠯᠡ ᠡᠵᠡᠯᠡᠳᠡᠭ᠃ ᠰᠣᠩᠭᠤᠨ ᠪᠤᠢ᠌ᠵᠢᠭᠤᠯᠵᠤ ᠪᠠᠢ᠌ᠭ᠎ᠠ ᠲᠠᠬᠢᠶᠠᠨ ᠰᠦᠷᠦᠭ᠎ᠲᠤ ᠪᠣᠯ ᠳᠠᠷᠣᠰᠢᠬᠤ ᠡᠮ᠎ᠡ ᠲᠠᠬᠢᠶᠠᠨ᠎ᠤ ᠲᠤᠭ᠎ᠠ᠎ᠨᠢ 5% ᠯᠡ ᠬᠦᠷᠳᠡᠭ᠃ ᠡᠨᠡ ᠨᠢᠭᠡ ᠤᠨᠴᠠᠯᠢᠭ᠎ᠨᠢ ᠮᠠᠨ᠎ᠤ ᠣᠯᠣᠰ᠎ᠤᠨ ᠨᠤᠲᠤᠭ᠎ᠤᠨ ᠲᠠᠬᠢᠶᠠᠨ ᠡᠭᠦᠯᠳᠡᠷ᠎ᠲᠤ ᠴᠢᠬᠤᠯᠠ ᠠᠴᠢ ᠬᠣᠯᠪᠤᠭᠳᠠᠯ᠎ᠲᠠᠢ ᠶᠤᠮ᠃ ᠡᠷᠯᠢᠰᠡᠵᠢᠭᠦᠯᠬᠦ ᠠᠷᠭ᠎ᠠ᠎ᠪᠠᠷ ᠳᠠᠮᠵᠢᠵᠤ᠂ ᠨᠤᠲᠤᠭ᠎ᠤᠨ ᠲᠠᠬᠢᠶᠠᠨ᠎ᠤ ᠦᠨᠳᠡᠭᠡᠯᠡᠬᠦ ᠨᠤᠷᠮ᠎ᠠ ᠵᠢ ᠴᠤ᠌ ᠳᠡᠭᠡᠭᠰᠢᠯᠡᠭᠦᠯᠵᠦ ᠪᠣᠯᠣᠨ᠎ᠠ᠃
(ᠭᠤᠷᠪᠠ) ᠠᠷᠠᠴᠢᠯᠠᠵᠤ ᠬᠠᠮᠢᠶᠠᠷᠬᠤ ᠤᠨᠴᠠᠯᠢᠭ
ᠰᠢᠶᠠᠨ ᠵᠢᠦᠢ ᠲᠠᠬᠢᠶ᠎ᠠ ᠵᠢ ᠲᠡᠵᠢᠭᠡᠬᠦ ᠠᠷᠭ᠎ᠠ ᠮᠠᠶᠢᠭ᠎ᠨᠢ ᠨᠡᠯᠢᠶᠡᠳ ᠪᠦᠳᠦᠭᠦᠯᠢᠭ᠂ ᠭᠤᠤᠯᠳᠠᠭᠤ ᠰᠤᠯᠠ ᠲᠡᠵᠢᠭᠡᠬᠦ᠎ᠳᠤ ᠲᠦᠰᠢᠭᠯᠡᠵᠦ᠂ ᠬᠡᠭᠡᠷ᠎ᠡ᠎ᠠᠴᠠ ᠡᠪᠡᠰᠦᠨ ᠦᠷ᠎ᠡ᠂ ᠰᠢᠪᠡᠵᠢ ᠲᠡᠭᠦᠨ ᠢᠳᠡᠳᠡᠭ᠃ ᠬᠦᠳᠡᠯᠦᠩᠭᠦᠢ᠂ ᠪᠡᠶ᠎ᠡ᠎ᠨᠢ ᠬᠦᠳᠡᠷ ᠪᠠᠢ᠌ᠳᠠᠭ ᠪᠣᠯᠬᠣᠷ ᠵᠣᠬᠢᠴᠠᠬᠤ ᠴᠢᠳᠠᠪᠤᠷᠢ᠎ᠪᠠᠷ ᠴᠢᠩᠭ᠎ᠠ ᠪᠠᠢ᠌ᠳᠠᠭ᠂ ᠲᠤᠰ ᠲᠠᠬᠢᠶ᠎ᠠ᠎ᠨᠢ ᠡᠷᠲᠡ ᠬᠤᠭᠤᠴᠠᠭ᠋ᠠᠨ᠎ᠳᠠᠭᠠᠨ ᠪᠣᠢ᠌ᠵᠢᠯᠲᠠ᠎ᠨᠢ ᠲᠦᠷᠭᠡᠨ ᠪᠠᠢ᠌ᠳᠠᠭ᠎ᠠᠴᠠ ᠨᠢᠯᠬ᠎ᠠ ᠦᠶ᠎ᠡ ᠵᠢᠨ ᠠᠷᠠᠴᠢᠯᠠᠨ ᠬᠠᠮᠢᠶᠠᠷᠤᠯᠲᠠ ᠵᠢ ᠤᠨᠴᠠᠭ᠋ᠠᠢ᠌ᠯᠠᠨ ᠠᠩᠬᠠᠷᠴᠤ᠂ ᠦᠰᠦᠯᠲᠡ ᠵᠢᠨ ᠱᠠᠭ᠋ᠠᠷᠳᠠᠯᠭ᠎ᠠ ᠵᠢ᠎ᠨᠢ ᠬᠠᠩᠭ᠋ᠠᠬᠤ ᠬᠡᠷᠡᠭᠲᠡᠢ᠃ ᠡᠭᠦᠨ᠎ᠠᠴᠠ ᠭᠠᠳᠠᠨ᠎ᠠ ᠲᠤᠰ ᠲᠠᠬᠢᠶ᠎ᠠ ᠭᠠᠳᠠᠭ᠋ᠠᠳᠤ ᠤᠷᠴᠢᠨ᠎ᠳᠤ ᠰᠡᠷᠡᠮᠡᠲᠡᠭᠡᠢ᠂ ᠰᠤᠴᠢᠮᠠᠲᠠᠭ᠋ᠠᠢ ᠪᠣᠯᠬᠣᠷ ᠲᠡᠵᠢᠭᠡᠯᠭᠡ ᠵᠢᠨ ᠶᠠᠪᠤᠴᠠ᠎ᠳᠤ ᠭᠠᠳᠠᠭ᠋ᠠᠳᠤ ᠤᠷᠴᠢᠨ᠎ᠤ ᠨᠦᠯᠦᠭᠡ ᠵᠢ ᠪᠠᠭ᠋ᠠᠰᠬᠠᠬᠤ ᠵᠢ ᠠᠩᠬᠠᠷᠬᠤ ᠬᠡᠷᠡᠭᠲᠡᠢ᠃
ᠪᠤᠰᠤᠳ ᠨᠤᠲᠤᠭ᠎ᠤᠨ ᠡᠭᠦᠯᠳᠡᠷ᠎ᠲᠠᠢ ᠠᠳᠠᠯᠢᠬᠠᠨ ᠰᠢᠶᠠᠨ ᠵᠢᠦᠢ ᠲᠠᠬᠢᠶ᠎ᠠ᠎ᠨᠢ ᠦᠳᠦᠨ᠎ᠤ ᠦᠩᠭᠡ᠂ ᠪᠡᠶ᠎ᠡ ᠵᠢᠨ ᠬᠡᠯᠪᠡᠷᠢ ᠵᠡᠷᠭᠡ ᠲᠠᠯ᠎ᠠ᠎ᠪᠠᠷ ᠨᠡᠯᠢᠶᠡᠳ ᠵᠦᠷᠢᠶᠡᠨ᠎ᠲᠠᠢ᠂ ᠰᠣᠩᠭᠤᠨ ᠪᠣᠢ᠌ᠵᠢᠭᠣᠯᠬᠣ᠎ᠪᠠᠷ ᠳᠠᠮᠵᠢᠭ᠋ᠠᠳ ᠠᠳᠠᠯᠢᠬᠠᠨ ᠪᠣᠯᠭ᠋ᠠᠵᠣ ᠪᠣᠯᠣᠨ᠎ᠠ᠃
(ᠢᠷᠡᠯᠲᠡ᠄ ᠤᠳᠬᠠᠨᠬᠦᠦ᠂ ᠤᠶᠤᠨᠴᠢᠮᠡᠭ᠎ᠤᠨ ᠨᠠᠢ᠌ᠷᠠᠭᠤᠯᠤᠭᠰᠠᠨ 《ᠦᠨᠳᠡᠭᠡᠨ ᠲᠠᠬᠢᠶ᠎ᠠ ᠵᠢᠨ ᠰᠠᠢ᠌ᠨ ᠡᠭᠦᠯᠳᠡᠷ ᠰᠣᠩᠭᠣᠬᠣ ᠮᠡᠷᠭᠡᠵᠢᠯ》 ᠭᠡᠬᠦ ᠨᠤᠮ᠎ᠠᠴᠠ ᠰᠣᠩᠭᠣᠨ ᠰᠡᠢ᠌ᠷᠡᠭᠦᠯᠪᠡ᠃)