ᠲᠤᠷᠭᠤᠳ ᠪᠦᠬᠡ
ᠲᠤᠷᠭᠤᠳ ᠪᠦᠬᠡ ᠵᠢ ᠭᠤᠤᠯᠳᠠᠭᠤ ᠦᠷᠡᠰ ᠨᠠᠶ᠋ᠢᠷ᠂ ᠵᠡᠷᠭᠡ ᠰᠢᠷᠠᠬᠤ (ᠵᠡᠷᠬᠡ ᠲᠡᠪᠰᠢᠬᠦ) ᠨᠠᠶ᠋ᠢᠷ᠂ ᠠᠬᠢ ᠬᠤᠩᠭᠤᠷᠤᠨ ᠲᠠᠭ᠋ᠠᠬᠢ᠂ ᠡᠵᠡᠢ ᠯᠠᠮᠠ ᠵᠢᠨ ᠨᠠᠰᠤᠨᠤ ᠪᠠᠶᠠᠷ᠂ ᠰᠢᠳᠦᠭᠡᠨ ᠯᠠᠮᠠᠪᠠᠨ ᠰᠢᠷᠡᠭᠡᠨᠳᠤ ᠵᠠᠯᠠᠬᠤ ᠪᠠᠶᠠᠷ᠂ ᠰᠦᠮᠡ ᠬᠡᠶ᠋ᠢᠳᠤᠨ ᠪᠠᠶᠠᠷ᠂ ᠴᠠᠭ᠋ᠠᠨ ᠰᠠᠷᠠ ᠵᠢᠨ ᠰᠢᠨᠡ ᠵᠢᠨ ᠨᠢᠭᠡᠨᠤ ᠨᠤᠶᠠᠨᠤ ᠦᠷᠭᠦᠭᠡ ᠵᠢᠨ ᠴᠠᠭᠠ᠂ ᠤᠪᠤᠭ᠋ᠠᠨ ᠲᠠᠬᠢᠯᠭᠠ ᠲᠡᠭᠡᠷᠡ ᠪᠠᠷᠢᠯᠳᠤᠵᠤ ᠪᠠᠶ᠋ᠢᠵᠠᠢ᠂ ᠡᠳᠡᠭᠡᠷ ᠨᠠᠶ᠋ᠢᠷ ᠲᠠᠬᠢᠯᠭᠠ ᠵᠢ ᠬᠤᠰᠢᠭᠤ ᠲᠠᠮᠠᠭ᠋ᠠᠨ ᠭᠠᠵᠠᠷᠠᠴᠠ ᠡᠷᠬᠢᠯᠡᠵᠦ᠂ ᠪᠦᠬᠡ ᠵᠢᠨ ᠪᠦᠬᠦ ᠶᠠᠪᠤᠳᠠᠯᠢ ᠪᠦᠬᠡ ᠵᠢᠨ ᠶᠡᠷᠦᠩᠭᠡᠢ ᠲᠠᠭ᠋ᠠᠭ᠋ᠠᠮᠠᠯ᠂ ᠲᠠᠷᠤᠢ ᠲᠠᠮᠠᠭ᠋ᠠᠨ ᠰᠠᠶ᠋ᠢᠳᠠᠴᠠ ᠬᠠᠷᠢᠭᠤᠴᠠᠨ ᠬᠢᠵᠦ᠂ ᠪᠦᠬᠡ ᠵᠢᠨ ᠵᠠᠰᠠᠭᠤᠯᠴᠢᠨ ᠪᠤᠳᠠᠳᠠᠢ ᠠᠵᠢᠯᠢ ᠭᠠᠷᠳᠠᠨ ᠭᠦᠢ᠍ᠴᠡᠳᠭᠡᠨᠡ᠂ ᠪᠦᠬᠡ ᠵᠢᠨ ᠶᠡᠷᠦᠩᠭᠡᠢ ᠲᠠᠭ᠋ᠠᠭ᠋ᠠᠮᠠᠯ ᠪᠠ ᠵᠠᠰᠠᠭᠤᠯᠴᠢᠨᠳᠤ ᠲᠤᠰᠬᠠᠢ ᠬᠤᠪᠴᠠᠰᠤ ᠦᠭᠡᠢ᠂ ᠦᠪᠡᠷᠰᠡᠳᠤᠨ ᠲᠡᠪᠡᠯ ᠵᠶ᠋ᠠᠨ ᠡᠮᠦᠰᠦᠨ ᠠᠵᠢᠯᠯᠠᠨᠠ᠃
ᠨᠠᠶ᠋ᠢᠷᠤᠨ ᠲᠠᠯᠠᠪᠠᠢ ᠵᠢᠨ ᠭᠤᠤᠯ ᠬᠡᠰᠡᠭᠲᠤ ᠠᠷᠪᠠᠨ ᠬᠠᠨᠠᠲᠠᠢ ᠮᠤᠩᠭᠤᠯ ᠭᠡᠷ ᠪᠤᠶᠤ ᠲᠤᠮᠤ ᠴᠠᠴᠠᠷ ᠮᠠᠶ᠋ᠢᠬᠠᠨ ᠪᠠᠷᠢᠵᠤ᠂ ᠸᠠᠩ ᠨᠤᠶᠠᠳ᠂ ᠲᠠᠮᠠᠭᠠ ᠵᠢᠨ ᠲᠦᠰᠢᠮᠡᠳ᠂ ᠰᠦᠮᠡ ᠬᠡᠶ᠋ᠢᠳᠤᠨ ᠮᠡᠳᠡᠭᠡᠴᠢᠨᠢ ᠰᠠᠭᠤᠯᠭ᠋ᠠᠨ᠂ ᠲᠡᠭᠦᠨᠤ ᠬᠤᠶᠠᠷ ᠲᠠᠯᠠᠳᠤ ᠲᠤᠰᠪᠤᠷᠢ ᠨᠢᠭᠡ ᠪᠤᠶᠤ ᠬᠤᠶᠠᠷ ᠮᠤᠩᠭᠤᠯ ᠭᠡᠷ ᠪᠠᠷᠢᠵᠤ᠂ ᠪᠦᠬᠡᠴᠦᠳᠢ ᠴᠤᠭᠯᠠᠭᠤᠯᠵᠤ ᠬᠤᠪᠴᠠᠰᠤᠯᠠᠬᠤ ᠤᠷᠤᠨ ᠪᠠᠶ᠋ᠢᠷᠢ ᠪᠤᠯᠭ᠋ᠠᠳᠠᠭ᠂ ᠲᠡᠭᠡᠬᠦᠳᠡᠭᠡᠨ ᠪᠦᠬᠡᠴᠦᠳ ᠵᠶ᠋ᠠᠨ ᠬᠠᠷᠠ ᠵᠢᠨ ᠲᠠᠯᠠ ᠵᠢᠨ ᠪᠦᠬᠡᠴᠢᠨ᠂ ᠰᠢᠷᠠ ᠵᠢᠨ ᠲᠠᠯᠠ ᠵᠢᠨ ᠪᠦᠬᠡᠴᠢᠨ (ᠰᠦᠮᠡ ᠬᠡᠶ᠋ᠢᠳᠤᠨ ᠯᠠᠮᠠ ᠪᠦᠬᠡᠴᠢᠨ) ᠭᠡᠮᠡᠨ ᠬᠤᠶᠠᠷ ᠬᠤᠪᠢᠶᠠᠵᠤ᠂ ᠬᠠᠷᠠ ᠵᠢᠨ ᠲᠠᠯᠠ ᠵᠢᠨ ᠪᠦᠬᠡᠴᠢᠨᠢ ᠪᠠᠷᠠᠭᠤᠨ ᠪᠡᠶᠡᠳᠤ᠂ ᠰᠢᠷᠠ ᠵᠢᠨ ᠲᠠᠯᠠ ᠵᠢᠨ ᠪᠦᠬᠡᠴᠢᠨᠢ ᠵᠡᠬᠦᠨ ᠪᠡᠶᠡᠳᠤ ᠪᠠᠶ᠋ᠢᠷᠢᠰᠢᠭᠤᠯᠬᠤ ᠶᠤᠰᠤᠲᠠᠢ ᠪᠦᠭᠡᠳ ᠬᠠᠷᠠ ᠵᠢᠨ ᠲᠠᠯᠠ ᠵᠢᠨ ᠪᠦᠬᠡᠴᠦᠳᠢ ᠪᠠᠰᠠ ᠨᠤᠶᠠᠨᠤ ᠲᠠᠯᠠ ᠵᠢᠨ ᠪᠦᠬᠡᠴᠦᠳ᠂ ᠰᠢᠷᠠ ᠵᠢᠨ ᠲᠠᠯᠠ ᠵᠢᠨ ᠪᠦᠬᠡᠴᠦᠳᠢ ᠯᠠᠮᠠ ᠵᠢᠨ ᠲᠠᠯᠠ ᠵᠢᠨ ᠪᠦᠬᠡᠴᠦᠳ᠂ ᠵᠠᠮᠠ ᠵᠢᠨ ᠲᠠᠯᠠ ᠵᠢᠨ ᠪᠦᠬᠡᠴᠦᠳ ᠭᠡᠳᠡᠭ ᠪᠠᠶ᠋ᠢᠵᠠᠢ᠃ ᠯᠠᠮᠠ ᠵᠢᠨ ᠲᠠᠯᠠ ᠵᠢᠨᠬᠢᠨ ᠬᠤᠷᠠᠯᠤᠨ ᠮᠤᠩᠭᠤᠯ ᠭᠡᠷ ᠵᠶ᠋ᠠᠨ ᠠᠪᠴᠢᠷᠠᠵᠤ ᠪᠠᠷᠢᠭ᠋ᠠᠳ ᠪᠦᠬᠡᠴᠢᠨ ᠯᠠᠮᠠ ᠨᠠᠷ ᠵᠶ᠋ᠠᠨ ᠰᠠᠭᠤᠯᠭ᠋ᠠᠳᠠᠭ ᠪᠠᠶ᠋ᠢᠭᠰᠠᠨ ᠶᠤᠮ ᠪᠠᠶ᠋ᠢᠨᠠ᠃
ᠲᠤᠷᠭᠤᠳ ᠪᠦᠬᠡ ᠵᠢ ᠲᠡᠭᠡᠳᠦ ᠪᠡᠶᠡ ᠨᠢᠴᠦᠭᠦᠨ᠂ ᠬᠦᠯ ᠨᠢᠴᠦᠭᠦᠨ᠂ ᠱᠤᠳᠠᠭ ᠡᠮᠦᠰᠭᠡᠵᠦ ᠪᠠᠷᠢᠯᠳᠤᠭᠤᠯᠳᠠᠭ᠂ ᠲᠡᠭᠡᠬᠦᠳᠡᠭᠡᠨ ᠱᠤᠳᠠᠭᠢ ᠤᠭᠲᠠᠭᠠᠨ ᠱᠤᠳᠠᠭ ᠭᠡᠳᠡᠭ ᠦᠭᠡᠢ᠂ ᠪᠦᠬᠡ ᠵᠢᠨ ᠡᠮᠦᠰᠭᠡᠯ ᠭᠡᠳᠡᠭ ᠪᠠᠶ᠋ᠢᠭᠰᠠᠨ ᠪᠦᠭᠡᠳ ᠲᠡᠭᠦᠨ ᠵᠶ᠋ᠠᠨ ᠨᠢᠮᠭᠡᠨ ᠢᠰᠡᠭᠡᠢ ᠵᠢ ᠨᠤᠤᠰᠤᠨ ᠤᠳᠠᠰᠤ ᠪᠠ᠊ ᠊ᠷ ᠰᠢᠷᠢᠵᠦ ᠬᠦᠬᠡ ᠪᠦᠰ ᠵᠶ᠋ᠠᠷ ᠭᠠᠳᠠᠷᠯᠠᠵᠤ ᠬᠢᠳᠡᠭ ᠪᠠᠶ᠋ᠢᠵᠠᠢ᠂ ᠡᠪᠦᠳᠦᠭᠠᠴᠠ ᠲᠡᠭᠡᠭᠦᠷ ᠲᠠᠳᠠᠭᠰᠠᠨ ᠦᠷᠭᠡᠨ ᠬᠦᠯᠬᠦᠭᠡᠷ ᠡᠮᠦᠰᠭᠡᠯ᠂ ᠨᠡᠶ᠋ᠢᠳᠡ ᠮᠤᠩᠭᠤᠯ ᠬᠡᠯᠡᠨᠳᠤ ᠱᠤᠳᠠᠭ ᠭᠡᠳᠡᠭ᠃ ᠵᠠᠬᠠ ᠵᠢᠨ ᠬᠡᠰᠡᠭᠢ ᠲᠠᠪᠬᠤᠷᠯᠠᠵᠤ ᠤᠶᠤᠬᠤ ᠦᠭᠡᠢ᠂ ᠲᠥᠳᠡᠭᠡ ᠵᠢᠨ ᠤᠷᠤᠨᠳᠤ ᠠᠳᠡ ᠲᠡᠨᠳᠡ ᠬᠡᠳᠦ ᠨᠦᠬᠡᠯᠡᠵᠦ ᠨᠦᠬᠡᠪᠠᠷᠨᠢ ᠰᠢᠷᠢᠨ ᠦᠯᠬᠡ ᠭᠦᠶᠦᠯᠭᠡᠨ ᠡᠮᠦᠨᠡᠪᠠᠨ ᠠᠪᠴᠢᠷᠠᠵᠤ ᠴᠢᠩᠭᠠ ᠵᠠᠩᠭᠢᠳᠤᠨᠠ᠃ ᠡᠮᠦᠰᠭᠡᠯᠤᠨ ᠵᠠᠬᠠ ᠵᠢᠨ ᠠᠷᠤ ᠡᠮᠦᠨᠡ ᠲᠠᠯᠠᠳᠤᠨᠢ ᠲᠤᠰᠪᠤᠷᠢ ᠲᠦᠷᠪᠡᠨ ᠬᠤᠷᠤᠭᠤ ᠪᠠᠭᠳᠠᠬᠤ ᠨᠦᠬᠡ (ᠭᠤᠭᠴᠤᠭᠠ) ᠭᠠᠷᠭ᠋ᠠᠵᠤ ᠪᠠᠷᠢᠴᠠ ᠪᠤᠯᠭ᠋ᠠᠨᠠ᠂ ᠲᠡᠭᠦᠨᠢ ᠪᠦᠬᠡ ᠵᠢᠨ ᠪᠠᠷᠢᠴᠠ ᠭᠡᠳᠡᠭ᠂ ᠪᠠᠷᠢᠴᠠᠨᠢ ᠪᠦᠬᠡᠴᠦᠳᠤᠨ ᠪᠠᠷᠢᠭᠠ ᠠᠪᠬᠤ ᠭᠤᠤᠯ ᠭᠠᠵᠠᠷ ᠤᠴᠢᠷ ᠲᠡᠭᠦᠨᠳᠤ ᠪᠤᠯᠢᠭ᠋ᠠᠷᠢ ᠬᠠᠳᠠᠨ᠂ ᠮᠢᠨᠳᠠᠰᠤᠨ ᠤᠳᠠᠰᠤ᠂ ᠬᠠᠳᠠᠭ ᠮᠡᠳᠦ ᠵᠢᠨ ᠪᠦᠬᠡ ᠶᠠᠭᠤᠮᠠᠪᠠᠷ ᠤᠶᠤᠵᠤ ᠪᠦᠬᠡᠯᠡᠵᠦ ᠦᠭᠳᠡᠭ᠃ ᠪᠦᠬᠡ ᠵᠢᠨ ᠡᠮᠦᠰᠭᠡᠯᠢ ᠲᠠᠮᠠᠭ᠋ᠠᠨ ᠭᠠᠵᠠᠷᠠᠴᠠ ᠨᠢᠭᠡᠳᠦᠯᠳᠡᠢ ᠬᠢᠵᠦ᠂ ᠨᠠᠶ᠋ᠢᠷᠤᠨ ᠴᠠᠭᠲᠤ ᠭᠠᠷᠭ᠋ᠠᠨ ᠪᠦᠬᠡᠴᠦᠳᠲᠡᠭᠡᠨ ᠡᠮᠦᠰᠭᠡᠵᠦ ᠪᠤᠰᠤᠳ ᠴᠠᠭᠲᠤ ᠬᠠᠳᠠᠭ᠋ᠠᠯᠠᠵᠤ ᠲᠠᠯᠪᠢᠳᠠᠭ ᠪᠠᠶ᠋ᠢᠵᠠᠢ᠂ ᠬᠤᠷᠠᠯ ᠰᠦᠮᠡᠳᠤ ᠪᠠᠰᠠ ᠪᠦᠬᠡ ᠵᠢᠨ ᠡᠮᠦᠰᠭᠡᠯᠲᠠᠢ ᠪᠠᠶ᠋ᠢᠭᠰᠠᠨ ᠭᠡᠵᠦ ᠪᠤᠢ᠃
ᠪᠦᠬᠡ ᠵᠢᠨ ᠲᠠᠯᠠᠪᠠᠢ ᠵᠢ ᠤᠨᠴᠠ ᠠᠩᠬᠠᠷᠤᠨ ᠵᠦᠭᠡᠯᠡᠨ ᠡᠯᠡᠰᠦᠷᠭᠡᠭ ᠭᠠᠵᠠᠷ ᠰᠤᠩᠭᠤᠵᠤ ᠲᠡᠭᠰᠢᠯᠡᠨ ᠴᠡᠪᠡᠷᠯᠡᠨᠡ᠃ ᠬᠤᠶᠠᠷ ᠲᠠᠯᠠ ᠵᠢᠨ ᠪᠦᠬᠡ ᠵᠢᠨ ᠵᠠᠰᠠᠭᠤᠯᠴᠢᠨᠠᠴᠠ ᠲᠤᠰ ᠲᠤᠰᠤᠨ ᠮᠤᠩᠭᠤᠯ ᠭᠡᠷᠤᠨ ᠡᠭᠦᠳᠡᠨᠳᠤ ᠵᠤᠭᠰᠤᠭ᠋ᠠᠳ ᠪᠦᠬᠡᠴᠢᠨᠤᠪᠠᠨ ᠨᠡᠷᠡ ᠲᠠᠭᠤᠳᠠᠵᠤ ᠴᠤᠭᠯᠠᠭᠤᠯᠤᠨᠠ᠂ ᠠᠯᠢ ᠪᠦᠬᠡᠴᠢᠨᠢ ᠠᠯᠢ ᠪᠦᠬᠡᠴᠢᠨᠲᠠᠢ ᠲᠤᠯᠭ᠋ᠠᠵᠤ ᠪᠠᠷᠢᠯᠳᠤᠭᠤᠯᠬᠤ ᠶᠠᠪᠣᠳᠠᠯᠢ ᠪᠦᠬᠡ ᠵᠢᠨ ᠶᠡᠷᠦᠩᠭᠡᠢ ᠲᠠᠭ᠋ᠠᠭ᠋ᠠᠮᠠᠯᠠᠴᠠ ᠬᠠᠮᠢᠶᠠᠷᠴᠤ ᠲᠤᠭᠳᠠᠭ᠋ᠠᠨᠠ᠃ ᠪᠦᠬᠡᠴᠦᠳᠤᠨ ᠵᠶ᠋ᠠᠨ ᠶᠡᠷᠦᠩᠭᠡᠢ ᠪᠠᠶ᠋ᠢᠳᠠᠯᠢ ᠮᠡᠳᠡᠬᠦ ᠪᠤᠯᠬᠤᠷ ᠲᠠᠭ᠋ᠠᠷᠠᠭᠤᠯᠵᠤ ᠤᠨᠤᠭ᠋ᠠᠵᠤ ᠪᠠᠷᠢᠯᠳᠤᠭᠤᠯᠤᠨᠠ᠂ ᠱᠤ ᠤᠷᠬᠢᠬᠤ ᠪᠤᠶᠤ ᠰᠢᠪᠠᠭᠠ ᠰᠤᠭᠤᠯᠬᠤ ᠠᠷᠭᠠ ᠬᠡᠷᠡᠭᠯᠡᠬᠦ ᠦᠭᠡᠢ᠃ ᠲᠡᠭᠡᠬᠦᠳᠡᠭᠡᠨ ᠬᠤᠶᠠᠷ ᠲᠠᠯᠠ ᠵᠢᠨ ᠬᠦᠴᠦ ᠴᠢᠳᠠᠯ ᠤᠪᠰᠤ ᠮᠡᠭᠡ ᠲᠡᠩᠴᠡᠮᠡᠷ ᠭᠡᠰᠡᠨ ᠬᠤᠶᠠᠷ ᠪᠦᠬᠡᠴᠢᠨ ᠵᠶ᠋ᠠᠨ ᠬᠠᠮᠤᠭ ᠲᠡᠷᠢᠭᠦᠨᠳᠤ ᠲᠤᠯᠭ᠋ᠠᠵᠤ ᠪᠠᠷᠢᠯᠳᠤᠭᠤᠯᠤᠨᠠ᠂ ᠲᠤᠰ ᠬᠤᠶᠠᠷ ᠪᠦᠬᠡ ᠤᠳᠠᠳᠠᠯᠠ ᠪᠠᠷᠢᠯᠳᠤᠭ᠋ᠠᠳ ᠬᠡᠨ ᠠᠯᠢᠨ ᠵᠶ᠋ᠠᠨ ᠲᠡᠶ᠋ᠢᠯᠬᠦ ᠦᠭᠡᠢ᠂ ᠰᠢᠭᠦᠯᠳᠡ ᠭᠠᠷᠬᠤ ᠦᠭᠡᠢ ᠪᠠᠶ᠋ᠢᠳᠠᠯ ᠲᠤᠤᠷᠠ ᠬᠤᠶᠠᠳᠤᠭ᠋ᠠᠷᠲᠤ ᠲᠠᠯᠪᠢᠬᠤ ᠬᠤᠶᠠᠷ ᠪᠦᠬᠡᠴᠢᠨᠢ ᠲᠠᠯᠪᠢᠨ ᠪᠠᠷᠢᠯᠳᠤᠭᠤᠯᠵᠤ᠂ ᠠᠯᠢ ᠲᠠᠯᠠ ᠵᠢᠨ ᠪᠦᠬᠡ ᠤᠯᠠᠨ ᠲᠡᠶ᠋ᠢᠯᠦᠭᠰᠡᠨ ᠪᠤᠯ ᠲᠡᠷᠡ ᠲᠠᠯᠠ ᠵᠢ ᠰᠢᠭᠦᠭᠰᠡᠨ ᠵᠶ᠋ᠠᠷ ᠪᠤᠳᠤᠳᠠᠭ ᠪᠠᠶ᠋ᠢᠵᠠᠢ᠃ ᠪᠦᠬᠡ ᠵᠢᠨ ᠶᠤᠰᠤᠨᠳᠤ ᠨᠢᠭᠡ ᠪᠦᠬᠡ ᠨᠢᠭᠡᠯᠡ ᠤᠳᠠᠭᠠ ᠪᠠᠷᠢᠯᠳᠤᠬᠤ ᠡᠷᠬᠡᠲᠠᠢ ᠪᠦᠭᠡᠳ ᠪᠦᠬᠡᠴᠦᠳ ᠵᠶ᠋ᠠᠨ ᠨᠢᠭᠡ ᠲᠤᠤᠷᠠ ᠬᠡᠳᠦ ᠬᠡᠳᠦᠨ ᠬᠤᠤᠰ ᠵᠶ᠋ᠠᠷ ᠲᠠᠯᠪᠢᠬᠤ ᠪᠢᠰᠢ᠂ ᠤᠯᠠᠩᠬᠢᠳᠠᠭᠠᠨ ᠨᠢᠬᠡ ᠬᠤᠤᠰ ᠪᠦᠬᠡ ᠪᠠᠷᠢᠯᠳᠤᠵᠤ ᠪᠠᠷᠠᠭᠰᠠᠨ ᠲᠠᠷᠠᠭ᠋ᠠᠪᠠᠷ ᠰᠠᠶᠢ ᠲᠠᠷᠠᠭ᠋ᠠᠬᠢ ᠪᠦᠬᠡ ᠵᠢ ᠲᠠᠯᠪᠢᠳᠠᠭ ᠶᠤᠰᠤᠲᠠᠢ᠃
ᠪᠦᠬᠡ ᠵᠢᠨ ᠲᠠᠭ᠋ᠠᠭ᠋ᠠᠮᠠᠯᠠᠴᠠ 《ᠪᠦᠬᠡᠪᠠᠨ ᠲᠠᠯᠪᠢ ᠡ》 ᠭᠡᠭᠰᠡᠭᠡᠷ ᠬᠤᠶᠠᠷ ᠲᠠᠯᠠ ᠵᠢᠨ ᠪᠦᠬᠡ ᠵᠢᠨ ᠵᠠᠰᠠᠭᠤᠯᠴᠢᠨᠠᠴᠠ ᠲᠤᠰ ᠲᠤᠰᠤᠨ ᠪᠦᠬᠡᠪᠠᠨ ᠲᠠᠯᠪᠢᠨᠠ᠂ ᠪᠦᠬᠡᠴᠦᠳ (ᠮᠠᠯᠠᠭ᠋ᠠᠢ ᠡᠮᠦᠰᠬᠦ ᠦᠭᠡᠢ) ᠲᠠᠮᠢᠷᠤᠨ ᠲᠠᠯᠠᠪᠠᠢᠳᠤ ᠤᠳᠤᠬᠢ ᠰᠢᠭ᠋ ᠦᠰᠦᠷᠴᠦ ᠲᠡᠪᠢᠵᠦ ᠭᠠᠷᠬᠤ ᠪᠢᠰᠢ᠂ ᠭᠤᠤᠯ ᠭᠡᠷ ᠮᠠᠶ᠋ᠢᠬᠠᠨᠤ ᠡᠭᠦᠳᠡᠨᠳᠤ ᠬᠦᠶᠦᠵᠦ ᠬᠦᠷᠦᠭᠡᠳ (ᠵᠡᠭᠦᠨ ᠲᠠᠯᠠ ᠵᠢᠨ ᠪᠦᠬᠡ ᠵᠡᠭᠦᠨ ᠲᠠᠯᠠᠳᠤ᠂ ᠪᠠᠷᠠᠭᠤᠨ ᠲᠠᠯᠠ ᠵᠢᠨ ᠪᠦᠬᠡ ᠪᠠᠷᠠᠭᠤᠨ ᠲᠠᠯᠠᠳᠤ) ᠸᠠᠩ ᠨᠤᠶᠠᠨᠤ ᠵᠦᠭ ᠬᠠᠨᠳᠤᠵᠤ ᠪᠠᠷᠠᠭᠤᠨ ᠡᠪᠦᠳᠦᠭ ᠵᠶ᠋ᠠᠨ ᠨᠤᠭᠤᠯᠤᠨ ᠰᠦᠭᠦᠳᠴᠦ᠂ ᠪᠠᠷᠠᠭᠤᠨ ᠭᠠᠷ ᠤᠨ ᠡᠷᠡᠬᠡᠢ ᠬᠤᠷᠤᠭᠤ ᠪᠠᠨ ᠮᠠᠩᠨᠠᠢ ᠳᠠᠭᠠᠨ ᠬᠦᠷᠭᠡᠨ ᠮᠦᠷᠭᠦᠬᠦ ᠶᠤᠰᠤ ᠭᠦᠢ᠍ᠴᠡᠳᠬᠡᠨᠡ (ᠲᠠᠯᠠᠪᠤᠷᠠᠴᠠ ᠪᠠᠭᠤᠬᠤᠳᠠᠭᠠᠨ ᠴᠤ᠌ ᠲᠡᠭᠡᠨᠡ)᠃ ᠲᠡᠭᠦᠨᠤ ᠲᠠᠷᠠᠭᠠ ᠬᠤᠶᠠᠷ ᠲᠠᠯᠠ ᠵᠢᠨ ᠪᠦᠬᠡ ᠵᠢᠨ ᠵᠠᠰᠠᠭᠤᠯᠴᠢᠨᠠᠴᠠ ᠪᠦᠬᠡᠴᠢᠨᠤ ᠪᠠᠷᠠᠭᠤᠨ ᠡᠪᠦᠳᠦᠭᠢᠨᠢ ᠰᠦᠭᠦᠳᠭᠡᠨ ᠰᠠᠭᠤᠯᠭ᠋ᠠᠵᠤ ᠪᠠᠶ᠋ᠢᠭ᠋ᠠᠳ ᠪᠠᠷᠢᠴᠠᠠᠴᠠᠨᠢ ᠬᠠᠷᠢᠯᠴᠠᠨ ᠪᠠᠷᠢᠭᠤᠯᠵᠤ ᠪᠠᠷᠢᠯᠳᠤᠭᠤᠯᠬᠤᠪᠠᠷ ᠪᠡᠯᠡᠳᠬᠡᠨᠡ᠃ ᠪᠠᠷᠢᠴᠠ ᠠᠪᠬᠤᠳᠤ᠂ ᠨᠢᠭᠡᠨᠢ ᠵᠡᠭᠦᠨ ᠭᠠᠷ ᠵᠶ᠋ᠠᠷ ᠵᠶ᠋ᠠᠨ ᠨᠦᠭᠦᠭᠡ ᠡᠳᠡᠭᠡᠳᠤᠨ ᠱᠤᠳᠠᠭᠤᠨ ᠡᠮᠦᠨᠡ ᠲᠠᠯᠠ ᠵᠢᠨ ᠪᠠᠷᠢᠴᠠᠠᠴᠠ ᠪᠠᠷᠢᠵᠤ᠂ ᠪᠠᠷᠠᠭᠤᠨ ᠭᠠᠷ ᠵᠶ᠋ᠠᠷ ᠵᠶ᠋ᠠᠨ ᠨᠦᠭᠦᠭᠡ ᠡᠳᠡᠭᠡᠳᠤᠨ ᠱᠤᠳᠠᠭᠤᠨ ᠠᠷᠤ ᠲᠠᠯᠠ ᠵᠢᠨ ᠪᠠᠷᠢᠴᠠᠠᠴᠠ ᠪᠠᠷᠢᠵᠤ ᠪᠠᠷᠢᠯᠳᠤᠨᠠ᠂ ᠢᠩᠭᠢᠬᠦᠯᠡᠷ ᠶᠠᠭ ᠬᠠᠶ᠋ᠢᠴᠢᠯᠠᠵᠤ ᠪᠠᠷᠢᠵᠤ ᠪᠠᠶ᠋ᠢᠬᠤ ᠮᠠᠶᠢᠭᠳᠠᠢ ᠪᠤᠯᠬᠤ ᠤᠴᠢᠷ ᠬᠠᠶ᠋ᠢᠴᠢᠨ ᠪᠠᠷᠢᠯᠳᠤᠯᠭᠠ ᠴᠤ᠌ ᠭᠡᠳᠡᠭ᠃ ᠬᠤᠶᠠᠷ ᠡᠳᠡᠭᠡᠳᠤᠨ ᠪᠠᠷᠠᠭᠤᠨ ᠭᠠᠷ ᠪᠦᠷ ᠨᠦᠭᠦᠭᠡ ᠡᠳᠡᠬᠡᠳᠤᠨ ᠵᠶ᠋ᠠᠨ ᠪᠠᠷᠠᠭᠤᠨ ᠮᠦᠷᠦ ᠲᠡᠭᠡᠭᠦᠷ ᠵᠦᠷᠢᠵᠦ ᠪᠠᠷᠢᠴᠠ ᠤᠯᠤᠨᠠ᠂ ᠪᠠᠷᠢᠴᠠᠪᠠᠨ ᠭᠠᠳᠠᠨᠠᠠᠴᠠᠨᠢ ᠡᠮᠬᠦᠭᠦᠯᠵᠦ ᠪᠠᠷᠢᠬᠤ ᠶᠤᠰᠤ ᠲᠠᠢ᠃ ᠬᠤᠶᠠᠷ ᠪᠦᠬᠡᠴᠢᠨ ᠪᠠᠷᠢᠴᠠ ᠪᠠᠨ ᠪᠠᠷᠢᠵᠤ ᠪᠤᠯᠤᠯᠠ ᠭᠡᠭᠰᠡᠭᠡᠷ ᠵᠠᠰᠠᠭᠤᠯᠴᠢᠨ ᠠᠴᠠ᠄ 《ᠵᠠ᠂ ᠤᠳᠤ ᠪᠠᠷᠢᠯᠳᠤᠵᠤ ᠡᠬᠢᠯᠡ!》 ᠬᠡᠬᠦᠳᠤ ᠪᠦᠬᠡᠴᠢᠨ ᠰᠠᠭᠤᠭᠠᠪᠠᠷ ᠵᠶ᠋ᠠᠨ ᠪᠤᠶᠤ ᠪᠤᠰᠴᠤ ᠵᠤᠭᠰᠤᠭ᠋ᠠᠳ ᠪᠠᠷᠢᠯᠳᠤᠵᠤ ᠡᠬᠢᠯᠡᠨᠡ᠂ ᠪᠠᠷᠢᠯᠳᠤᠬᠤ ᠶᠠᠪᠤᠴᠠᠳᠤ ᠬᠤᠶᠠᠭᠤᠯᠠ ᠭᠠᠵᠠᠷ ᠤᠨᠠᠵᠤ ᠬᠡᠪᠳᠡᠭᠡ ᠪᠠᠷᠢᠯᠳᠤᠯᠭᠠᠳᠤ ᠤᠷᠤᠬᠤᠠᠴᠠ ᠡᠮᠦᠨᠡ ᠪᠠᠷᠢᠴᠠ ᠲᠠᠯᠪᠢᠵᠤ ᠪᠤᠯᠬᠤ ᠦᠭᠡᠢ᠂ ᠲᠠᠯᠪᠢᠪᠠᠯ ᠲᠡᠶ᠋ᠢᠯᠦᠭᠳᠡᠭᠰᠡᠨ ᠵᠶ᠋ᠠᠷ ᠪᠤᠳᠤᠨᠠ᠃
ᠲᠤᠷᠭᠤᠳ ᠪᠦᠬᠡ ᠵᠢᠨ ᠪᠠᠷᠢᠯᠳᠤᠯᠭᠠᠨᠢ ᠲᠡᠯᠡᠬᠡᠢ ᠵᠢᠨ ᠡᠷᠳᠡᠨᠤ ᠰᠤᠩᠭᠤᠳᠠᠭ ᠪᠦᠬᠡ ᠪᠠ ᠴᠢᠯᠦᠭᠡᠳᠦ ᠪᠦᠬᠡ ᠲᠠᠢ ᠨᠡᠯᠢᠶᠡᠳ ᠲᠦᠰᠳᠡᠢ᠂ ᠲᠠᠯᠤ ᠮᠦᠷᠦ ᠰᠢᠷᠤᠶ᠋ᠢᠳᠠᠭᠰᠠᠨ ᠡᠰᠡᠬᠦ ᠪᠠᠷ ᠰᠢᠭᠦᠵᠦ ᠰᠢᠭᠦᠭᠳᠡᠬᠦ ᠪᠠᠷᠢᠮᠵᠢᠶᠠ (ᠵᠠᠪᠠᠯ ᠬᠤᠶᠠᠷ ᠲᠠᠯᠤ ᠵᠢ ᠵᠡᠷᠭᠡᠪᠡᠷ ᠰᠢᠷᠤᠶ᠋ᠢᠳᠠᠭᠰᠠᠨ ᠪᠠᠶ᠋ᠢᠬᠤ ᠬᠡᠷᠡᠭᠲᠠᠢ) ᠪᠤᠯᠭ᠋ᠠᠨᠠ᠃ ᠪᠦᠬᠡ ᠪᠠᠷᠢᠯᠳᠤᠬᠤ ᠶᠠᠪᠤᠴᠠᠳᠤ ᠬᠡᠪᠳᠡᠨ ᠴᠤᠬᠢᠬᠤ (ᠪᠠᠰᠠ ᠲᠠᠰᠢᠶᠠᠯᠳᠤᠨ ᠴᠤᠬᠢᠬᠤ)᠂ ᠠᠴᠢᠬᠤ᠂ ᠲᠡᠭᠡᠭᠡᠳᠡᠬᠦ᠂ ᠭᠤᠬᠠᠳᠠᠬᠤ᠂ ᠨᠤᠮᠤᠳᠠᠬᠤ᠂ ᠰᠢᠯᠢᠳᠡᠬᠦ᠂ ᠡᠷᠭᠦᠬᠦ᠂ ᠬᠦᠷᠪᠡᠭᠦᠯᠬᠦ ᠵᠡᠷᠭᠡ ᠤᠯᠠᠨ ᠵᠦᠢ᠍ᠯᠤᠨ ᠤᠪᠰᠤ ᠮᠡᠭᠡ ᠵᠢ ᠬᠡᠷᠡᠭᠯᠡᠵᠦ ᠪᠤᠯᠳᠠᠭ ᠪᠠᠶ᠋ᠢᠵᠠᠢ᠂ ᠬᠡᠬᠦᠳᠡᠭᠡᠨ ᠬᠠᠪᠰᠤᠷᠬᠤ ᠮᠡᠭᠡ ᠬᠡᠷᠡᠭᠯᠡᠵᠦ ᠪᠤᠯᠳᠠᠭ ᠦᠭᠡᠢ᠂ ᠪᠦᠰᠡᠯᠡᠭᠦᠷᠠᠴᠠ ᠲᠤᠷᠤᠭᠰᠢ ᠭᠠᠷ ᠬᠦᠷᠴᠦ ᠪᠤᠯᠬᠤ ᠦᠭᠡᠢ ᠶᠤᠰᠤᠲᠠᠢ᠃ ᠲᠤᠬᠤᠶ᠋ᠢᠯᠠᠳᠠᠬᠤ᠂ ᠠᠷᠠᠰᠤ ᠮᠢᠬᠠᠠᠴᠠᠨᠢ ᠪᠠᠵᠠᠬᠤ᠂ ᠬᠦᠵᠦᠭᠦᠦ ᠲᠤᠯᠤᠭ᠋ᠠᠢ ᠭᠠᠷ ᠬᠦᠯᠢᠨᠢ ᠮᠤᠰᠭᠢᠬᠤ᠂ ᠡᠪᠦᠳᠦᠭᠯᠡᠬᠦ᠂ ᠢᠰᠭᠦᠯᠬᠦ᠂ ᠲᠡᠪᠢᠰᠬᠦ ᠵᠡᠷᠭᠡ ᠴᠠᠭ᠋ᠠᠵᠠᠳᠠᠢ ᠬᠦᠳᠡᠯᠭᠡᠭᠡᠨᠢ ᠬᠢᠵᠦ ᠦᠯᠦ ᠪᠤᠯᠬᠤ ᠴᠢᠩᠭᠠ ᠲᠦᠷᠢᠮᠲᠠᠢ᠃ ᠬᠡᠪᠳᠡᠨ ᠴᠤᠬᠢᠬᠤ ᠭᠡᠵᠦ ᠦᠪᠡᠷ ᠵᠶ᠋ᠠᠨ ᠬᠡᠪᠳᠡᠩᠭᠦᠳᠡ ᠨᠦᠭᠦᠭᠡ ᠡᠳᠡᠭᠡᠳ ᠵᠶ᠋ᠠᠨ ᠲᠡᠭᠡᠭᠦᠷ ᠵᠶ᠋ᠠᠨ ᠭᠠᠷᠭ᠋ᠠᠵᠤ ᠬᠠᠶᠠᠭ᠋ᠠᠳ ᠲᠠᠯᠤ ᠮᠦᠷᠦ ᠵᠢᠨᠢ ᠰᠢᠷᠤᠶ᠋ᠢᠳᠠᠬᠤ ᠵᠢ ᠬᠡᠯᠡᠵᠦ᠂ ᠡᠷᠭᠦᠨ ᠲᠠᠷᠤᠬᠤ ᠭᠡᠵᠦ ᠨᠦᠭᠦᠭᠡ ᠡᠳᠡᠭᠡᠳ ᠵᠶ᠋ᠠᠨ ᠭᠡᠢ ᠡᠷᠭᠢᠭᠦᠯᠵᠦ ᠪᠠᠶ᠋ᠢᠭ᠋ᠠᠳ ᠲᠠᠷᠤᠨ ᠤᠨᠠᠭ᠋ᠠᠵᠤ ᠲᠠᠯᠤ ᠵᠢᠨᠢ ᠰᠢᠷᠤᠶ᠋ᠢᠳᠠᠬᠤ ᠵᠢ; ᠲᠡᠭᠡᠭᠡᠳᠡᠨ ᠲᠠᠷᠤᠬᠤ ᠭᠡᠵᠦ ᠤᠷᠢᠳ ᠵᠶ᠋ᠠᠷ ᠨᠦᠭᠦᠭᠡ ᠡᠳᠡᠭᠡᠳ ᠵᠶ᠋ᠠᠨ ᠲᠡᠭᠡᠭᠡᠳᠡᠵᠦ᠂ ᠲᠡᠭᠡᠭᠡᠳᠡᠭᠰᠡᠨ ᠬᠦᠴᠦᠨᠳᠡᠭᠡᠨ ᠲᠠᠷᠤᠨ ᠤᠨᠠᠭ᠋ᠠᠵᠤ ᠲᠠᠯᠤ ᠮᠦᠷᠦ ᠵᠢᠨᠢ ᠰᠢᠷᠤᠶ᠋ᠢᠳᠠᠬᠤ ᠵᠢ ᠬᠡᠯᠡᠳᠡᠭ ᠪᠠᠶ᠋ᠢᠵᠠᠢ᠃ ᠬᠤᠶᠠᠷ ᠲᠠᠯᠤ ᠰᠢᠷᠤᠶ᠋ᠢᠳᠠᠬᠤᠪᠠᠷ ᠪᠦᠬᠡ ᠵᠢᠨ ᠰᠢᠭᠦᠯᠳᠡ ᠪᠤᠯᠭ᠋ᠠᠳᠠᠭ ᠪᠠᠶ᠋ᠢᠭᠰᠠᠨ ᠤᠴᠢᠷᠠᠴᠠ ᠬᠤᠶᠠᠷ ᠪᠦᠬᠡᠴᠢᠨ ᠠᠯᠢ ᠨᠢᠭᠡᠪᠠᠨ ᠲᠡᠶ᠋ᠢᠮᠦ ᠠᠮᠠᠷᠬᠠᠨ ᠰᠢᠷᠤᠶ᠋ᠢᠳᠠᠵᠤ ᠡᠰᠡ ᠴᠢᠳᠠᠵᠤ᠂ ᠶᠡᠭᠡ ᠬᠡᠮᠵᠢᠶᠡᠨᠤ ᠴᠠᠭ ᠪᠠ ᠬᠦᠴᠦ ᠵᠠᠷᠤᠴᠠᠭᠤᠯᠵᠤ ᠤᠷᠠ ᠮᠡᠭᠡ ᠬᠡᠷᠡᠭᠰᠡᠳᠡᠭ ᠪᠠᠶ᠋ᠢᠵᠠᠢ᠃ ᠪᠦᠬᠡᠴᠦᠳ ᠬᠦᠮᠦᠨ ᠪᠤᠯᠭ᠋ᠠᠨ ᠨᠢᠭᠡ ᠤᠳᠠᠭᠠ ᠪᠠᠷᠢᠯᠳᠤᠭ᠋ᠠᠳ ᠰᠢᠭᠦᠯᠳᠡ ᠭᠠᠷᠤᠨᠠ᠂ ᠰᠢᠭᠦᠯᠳᠡ ᠵᠢᠨ ᠶᠡᠷᠦᠩᠭᠡᠢ ᠳ᠋ᠦᠩ ᠭᠠᠷᠤᠭᠰᠠᠭ᠋ᠠᠷ ᠪᠦᠬᠡ ᠵᠢᠨ ᠶᠡᠷᠦᠩᠬᠡᠢ ᠲᠠᠭ᠋ᠠᠭ᠋ᠠᠮᠠᠯᠠᠴᠠ ᠨᠤᠶᠠᠨᠤ ᠲᠠᠯᠠ ᠵᠢᠨ ᠪᠦᠬᠡᠴᠢᠨ ᠮᠠᠩᠨᠠᠢ ᠵᠢᠨ ᠪᠦᠬᠡ ᠪᠤᠯᠪᠠ ᠭᠡᠬᠦ ᠪᠤᠶᠤ ᠯᠠᠮᠠ ᠵᠢᠨ ᠲᠠᠯᠠ ᠵᠢᠨ ᠪᠦᠬᠡ ᠲᠡᠳ᠋ ᠪᠦᠬᠡ ᠪᠤᠯᠪᠠ ᠭᠡᠮᠡᠨ ᠤᠯᠠᠨᠳᠤ ᠵᠠᠷᠯᠠᠵᠤ᠂ ᠲᠡᠷᠢᠭᠦᠨ ᠪᠦᠬᠡ ᠵᠢ ᠲᠡᠪᠡᠯᠤᠨ ᠲᠤᠷᠭᠠ᠂ ᠪᠦᠳᠦᠨ ᠴᠠᠢ ᠬᠠᠳᠠᠭ ᠵᠶ᠋ᠠᠷ ᠱᠠᠩᠨᠠᠵᠤ (ᠮᠤᠷᠢᠪᠠᠷ ᠱᠠᠩᠨᠠᠬᠤ ᠲᠤᠬᠢᠶᠠᠯᠳᠤᠯ ᠴᠤ᠌ ᠪᠠᠶ᠋ᠢᠵᠠᠢ)᠂ ᠲᠡᠳ᠋ ᠪᠦᠬᠡ ᠵᠢ ᠲᠡᠪᠡᠯᠤᠨ ᠴᠢᠰᠴᠠᠤ᠂ ᠲᠠᠯᠠ ᠴᠠᠢ ᠬᠠᠳᠠᠭᠲᠠᠢ ᠱᠠᠩᠨᠠᠵᠤ᠂ ᠪᠤᠰᠤᠳ ᠪᠦᠬᠡ ᠵᠢ ᠢᠵᠢᠯ ᠶᠠᠭᠤᠮᠠᠪᠠᠷ ᠱᠠᠩᠨᠠᠨᠠ᠂ ᠲᠡᠭᠡᠬᠦᠳᠡᠭᠡᠨ ᠬᠠᠷᠠ ᠰᠢᠷᠠ ᠵᠢᠨ ᠲᠠᠯᠠ ᠠᠳᠠᠯᠢᠬᠠᠨ ᠵᠶ᠋ᠠᠷ ᠲᠠᠪᠬᠤᠷ ᠱᠠᠩ ᠦᠭᠳᠡᠭ ᠪᠠᠶ᠋ᠢᠵᠠᠢ᠃
ᠠᠷᠪᠠᠨ ᠶᠢᠰᠦᠳᠦᠭᠡᠷ ᠵᠠᠭᠤᠨᠤ ᠡᠴᠦᠰ᠂ ᠬᠤᠷᠢᠳᠤᠭ᠋ᠠᠷ ᠵᠠᠭᠤᠨᠤ ᠡᠬᠢᠪᠠᠷ ᠨᠡᠯᠢᠶᠡᠳ ᠨᠡᠷᠡᠳᠡᠢ ᠪᠠᠷᠢᠯᠳᠤᠵᠤ ᠪᠠᠶ᠋ᠢᠭᠰᠠᠨ ᠪᠦᠬᠡᠴᠢᠨ ᠳᠤ ᠠᠮᠠᠨ᠋ᠧᠴᠢᠷ᠂ ᠪᠦᠳᠦᠭᠦᠨ ᠭᠤᠩᠴᠤᠭ᠂ ᠪᠦᠳᠦᠭᠦᠨ ᠭᠤᠩᠭᠤᠷ᠂ ᠵᠠᠮᠰᠦ᠋ᠷᠦᠩ (ᠪᠠᠨᠳᠤ ᠵᠢᠨ ᠠᠪᠤ)᠂ ᠲᠠᠮᠳᠢᠨ (ᠭᠤᠩᠴᠤᠭᠯᠤᠳᠤᠢ ᠵᠢᠨ ᠠᠪᠤ)᠂ ᠨᠠᠮᠰᠠᠷᠠᠢ (ᠲᠠᠪᠤᠨᠠᠩ)᠂ ᠬᠠᠩᠬᠠᠷ ᠲᠤᠷᠵᠢ᠂ ᠲᠥᠵᠢᠩ᠂ ᠲᠡᠯᠢᠭᠳᠦᠷᠵᠢ᠂ ᠲᠦᠮᠡᠨᠪᠤᠷᠤ ᠨᠠᠷ ᠲᠡᠦᠬᠡᠨ ᠲᠡᠩᠰᠡᠨᠡ ᠲᠡᠮᠳᠡᠭᠯᠡᠭᠳᠡᠬᠦ ᠶᠤᠰᠤᠲᠠᠢ᠃ ᠲᠤᠷᠭᠤᠳ ᠪᠦᠬᠡ ᠵᠢ ᠬᠤᠷᠢᠳᠤᠭ᠋ᠠᠷ ᠵᠠᠭᠤᠨᠤ ᠭᠤᠴᠢᠭ᠋ᠠᠳ ᠤᠨ ᠪᠤᠯᠳᠠᠯᠠ ᠪᠠᠷᠢᠯᠳᠤᠵᠤ ᠪᠠᠶ᠋ᠢᠭ᠋ᠠᠳ ᠵᠠᠯᠭ᠋ᠠᠭ᠋ᠠᠳ ᠬᠠᠯᠬᠠ ᠮᠠᠶᠢᠭᠤᠨ ᠪᠦᠬᠡᠪᠠᠷ ᠤᠷᠤᠯᠠᠭᠳᠠᠵᠤ᠂ ᠲᠤᠷᠭᠤᠳ ᠪᠦᠬᠡ ᠶᠠᠪᠤᠭ᠋ᠠᠨᠳᠠᠭᠠᠨ ᠬᠠᠶᠠᠭᠳᠠᠵᠠᠢ᠃