ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠬᠡᠥᠬᠡᠳ᠎ᠤᠨ ᠬᠦᠮᠦᠵᠢᠯ᠎ᠤᠨ ᠲᠤᠬᠠᠢ ᠵᠦᠪ ᠲᠠᠨᠢᠯᠲᠠ᠎ᠲᠠᠢ ᠪᠤᠯᠬᠤ ᠬᠡᠷᠡᠭᠲᠡᠢ
ᠨᠡᠶ᠋ᠢᠲᠡᠯᠡᠭᠰᠡᠨ ᠴᠠᠭ᠄ 2025-03-20

ᠠ᠋ᠷᠳᠡᠨᠢᠲᠤᠩᠭ᠋ᠠᠯᠠᠭ

 

儿童教育4.png

 

ᠤᠳᠤᠬᠠᠨ᠎ᠤ ᠵᠠᠯᠠᠭᠤ ᠡᠴᠢᠭᠡ ᠠ᠋ᠬᠡᠴᠤᠣᠯ ᠬᠡᠥᠬᠡᠳ᠎ᠤᠨ ᠰᠤᠷᠭ᠋ᠠᠨ ᠬᠦᠮᠦᠵᠢᠯ᠎ᠤᠨ ᠲᠤᠬᠠᠢ ᠶᠡᠬᠡᠬᠡᠨ ᠰᠠᠨᠠᠭ᠋ᠠᠰᠢᠷᠠᠭ᠍ᠤ ᠪᠤᠯᠤᠭᠰᠠᠨ ᠪᠠᠶ᠋ᠢᠨ᠎ᠠ᠃ ᠭᠡᠪᠡᠴᠤ ᠬᠡᠥᠬᠡᠳ᠎ᠤᠨ ᠬᠦᠮᠦᠵᠢᠯ᠎ᠤᠨ ᠴᠢᠬᠤᠯᠠ ᠴᠢᠨᠠᠷ᠎ᠢ ᠮᠡᠳᠡᠭᠰᠡᠨ ᠪᠤᠯᠪᠠᠴᠤ 《ᠬᠡᠷᠬᠢᠨ ᠰᠤᠷᠭ᠋ᠠᠨ ᠬᠦᠮᠦᠵᠢᠭᠦᠯᠪᠡᠯ ᠵᠤᠬᠢᠬᠤ ᠲᠤᠬᠠᠢ》 ᠲᠠᠨᠢᠯᠲᠠ ᠬᠢᠭᠡᠳ ᠠᠷᠭ᠎ᠠ ᠠᠪᠴᠠᠯ ᠬᠠᠷᠠᠭ᠍ᠠᠨ ᠭᠦᠢ᠍ᠴᠡᠳ ᠦᠭᠡᠢ ᠪᠠᠶ᠋ᠢᠭᠰᠠᠭ᠋ᠠᠷ᠃

ᠨᠢᠭᠡ᠂ ᠤᠳᠤᠬᠠᠨ᠎ᠤ ᠬᠡᠥᠬᠡᠳ᠎ᠤᠨ ᠦᠰᠦᠨ ᠪᠤᠶ᠋ᠢᠵᠢᠯᠲᠠ ᠵᠢᠨ ᠤᠷᠴᠢᠨ ᠨᠦᠬᠦᠴᠡᠯ᠎ᠢ ᠵᠠᠳᠠᠯᠤᠨ ᠰᠢᠨᠵᠢᠯᠡᠬᠦ ᠴᠢᠬᠤᠯᠠ᠎ᠲᠠᠢ᠂ ᠨᠡᠶ᠋ᠢᠭᠡᠮ᠎ᠤᠨ ᠬᠦᠭᠵᠢᠯᠲᠡ ᠵᠢᠨ ᠤᠯᠠᠨ ᠲᠠᠯ᠎ᠠ ᠵᠢᠨ ᠰᠢᠯᠳᠠᠭ᠋ᠠᠨ᠎ᠠᠴᠠ ᠨᠦᠯᠦᠭᠡᠯᠡᠭᠳᠡᠵᠦ᠂ ᠤᠳᠤᠬᠠᠨ᠎ᠤ ᠬᠡᠥᠬᠡᠳ᠎ᠤᠨ ᠦᠰᠦᠨ ᠪᠤᠶ᠋ᠢᠵᠢᠯᠲᠠ ᠵᠢᠨ ᠤᠷᠴᠢᠨ ᠨᠦᠬᠦᠴᠡᠯ ᠶᠡᠬᠡᠬᠡᠨ ᠰᠠᠶ᠋ᠢᠵᠢᠷᠠᠭᠰᠠᠨ    ᠪᠠᠶ᠋ᠢᠨ᠎ᠠ᠃ ᠲᠤᠬᠠᠶ᠋ᠢᠯᠠᠪᠠᠯ᠂ ᠠ᠋ᠳ᠋ᠯᠡᠯ ᠬᠡᠷᠡᠭᠯᠡᠬᠦᠨ ᠮᠠᠰᠢ ᠠ᠋ᠯᠪᠡᠭ ᠪᠠᠶᠠᠯᠢᠭ ᠪᠠᠶ᠋ᠢᠵᠤ᠂ ᠬᠡᠥᠬᠡᠳ ᠪᠠᠭ᠋ᠠᠴᠤᠣᠯ᠎ᠤᠨ ᠠ᠋ᠳ᠋ ᠪᠤᠳᠠᠰ᠎ᠤᠨ ᠲᠠᠯ᠎ᠠ ᠵᠢᠨ ᠬᠡᠷᠡᠭᠴᠡᠭᠡ ᠱᠠᠭ᠋ᠠᠷᠳᠠᠯᠭ᠎ᠠ ᠦᠨᠳᠦᠰᠦᠨ᠎ᠳᠤ᠎ᠪᠠᠨ ᠲᠤᠳᠠᠭ᠍ᠤ ᠵᠦᠢ᠍ᠯ ᠦᠭᠡᠢ ᠪᠦᠭᠡᠳ᠂ ᠠ᠋ᠨᠡ ᠲᠠᠯ᠎ᠠ᠎ᠪᠠᠷ ᠬᠡᠥᠬᠡᠳ ᠨᠢᠳᠤ ᠪᠠᠶᠠᠨ ᠰᠡᠳᠬᠢᠯ ᠪᠠᠶᠠᠨ ᠪᠤᠯᠤᠭᠰᠠᠨ ᠪᠠᠶ᠋ᠢᠨ᠎ᠠ᠃ ᠬᠡᠥᠬᠡᠳ ᠬᠦᠰᠡᠭᠰᠡᠨ ᠰᠠᠨᠠᠭᠰᠠᠨ ᠵᠦᠢ᠍ᠯ ᠵᠶ᠋ᠠᠨ ᠠᠪᠬᠤ ᠭᠡᠪᠡᠯ᠂ ᠤᠯᠠᠩᠬᠢ ᠭᠡᠷ᠎ᠤᠨ ᠠᠬᠠᠮᠠᠳ ᠬᠦᠰᠡᠯ ᠰᠠᠨᠠᠯ᠎ᠢ᠎ᠨᠢ ᠰᠢᠭᠤᠳ ᠪᠡᠶᠡᠯᠡᠭᠦᠯᠳᠡᠭ ᠤᠴᠢᠷ᠎ᠠᠴᠠ᠂ ᠬᠡᠥᠬᠡᠳ ᠰᠡᠳᠬᠢᠯ᠎ᠳᠤ᠎ᠪᠠᠨ 《ᠠᠩᠭ᠋ᠠᠶ᠋ᠢᠵᠤ ᠢᠳᠡᠭᠡᠳ ᠲᠠᠩᠭ᠋ᠠᠶ᠋ᠢᠵᠤ ᠬᠡᠪᠳᠡᠵᠦ》 ᠪᠠᠶ᠋ᠢᠭᠰᠠᠨ ᠴᠤ᠌ ᠶᠠᠭᠤ ᠪᠦᠬᠦᠨ ᠬᠢᠯᠪᠠᠷ ᠤᠯᠳᠠᠭ ᠲᠦᠷᠦᠭᠳᠡᠯ᠎ᠲᠠᠢ ᠪᠤᠯᠤᠭᠰᠠᠨ ᠪᠠᠶ᠋ᠢᠨ᠎ᠠ᠃ ᠦᠩᠭᠡᠷᠡᠭᠰᠡᠨ᠎ᠳᠤ 《ᠶᠠᠳᠠᠭᠤ ᠠᠶ᠋ᠢᠯ᠎ᠤᠨ ᠬᠡᠥᠬᠡᠳ ᠠ᠋ᠷᠲᠡ ᠲᠤᠮᠤᠭ᠋ᠠᠵᠢᠳᠠᠭ》 ᠭᠡᠵᠦ ᠶᠠᠷᠢᠳᠠᠭ᠃ ᠤᠳᠤ ᠵᠢᠨ ᠬᠡᠥᠬᠡᠳ᠎ᠲᠤ 《ᠶᠠᠳᠠᠭᠤ》 ᠵᠢᠨ ᠤᠬᠠᠭᠳᠠᠭ᠍ᠤᠨ ᠦᠨᠳᠦᠰᠦᠨ᠎ᠳᠤ᠎ᠪᠠᠨ ᠪᠠᠶ᠋ᠢᠬᠤ ᠦᠭᠡᠢ ᠪᠦᠭᠡᠳ ᠰᠢᠨ᠎ᠡ ᠬᠤᠪᠴᠠᠰᠤ ᠠ᠋ᠮᠦᠰᠦᠭᠰᠡᠨ ᠪᠠᠭ᠍ᠠᠷᠬᠠᠯ᠂ ᠠᠮᠳᠠᠳᠤ ᠢᠳᠡᠭᠡᠨ ᠢᠳᠡᠭᠰᠡᠨ ᠵᠢᠷᠭ᠋ᠠᠯ᠂ ᠠᠪᠤ ᠡᠵᠢ ᠎ᠳᠤ᠎ᠪᠠᠨ ᠮᠠᠭᠳᠠᠭᠳᠠᠭ᠍ᠤ ᠲᠤᠭᠳᠤᠯᠤᠯ ᠬᠢᠭᠡᠳ ᠵᠢᠮᠡᠯᠡᠭᠳᠡᠬᠦ ᠵᠤᠪᠠᠨᠢᠯ ᠁ ᠴᠦᠬᠡᠷᠡᠵᠡᠢ᠃

ᠬᠤᠶᠠᠷ᠂ ᠬᠡᠥᠬᠡᠳ᠎ᠤᠨ ᠦᠰᠦᠨ ᠪᠤᠶ᠋ᠢᠵᠢᠯᠲᠠ᠎ᠳᠤ ᠪᠡᠶ᠎ᠡ᠎ᠪᠠᠨ ᠲᠠᠭ᠋ᠠᠭ᠋ᠠᠬᠤ ᠬᠦᠮᠦᠵᠢᠯ ᠲᠤᠳᠠᠭᠳᠠᠵᠤ ᠪᠤᠯᠤᠰᠢ ᠦᠭᠡᠢ ᠶᠤᠮ᠃ ᠤᠳᠤ ᠵᠢᠨ ᠭᠡᠷ ᠪᠦᠯᠢ᠎ᠳᠤ ᠤᠯᠠᠩᠬᠢ᠎ᠨᠢ ᠭᠠᠭᠴᠠ ᠬᠤᠶᠠᠷ ᠬᠡᠥᠬᠡᠳ ᠪᠠᠶ᠋ᠢᠵᠤ᠂ ᠲᠤᠮᠤᠴᠤᠣᠯ᠎ᠠᠴᠠ ᠬᠡᠥᠬᠡᠳ᠎ᠢ ᠬᠡᠳᠦ ᠠ᠋ᠩᠬᠦᠷᠡᠢ ᠦᠰᠭᠡᠬᠦ ᠪᠤᠯᠤᠭᠰᠠᠨ᠎ᠠᠴᠠ ᠦᠪᠡᠷ᠎ᠤᠨ ᠬᠦᠭᠵᠢᠯᠲᠡ ᠤᠷᠤᠨ ᠵᠠᠢ᠎ᠪᠠᠨ ᠤᠯᠬᠤ ᠦᠭᠡᠢ ᠪᠤᠯᠵᠤ᠂ 《ᠤᠬᠢᠯᠠᠨ ᠪᠠᠶ᠋ᠢᠵᠤ ᠬᠦᠮᠦᠨ ᠪᠤᠯᠵᠤ᠂ ᠮᠠᠶ᠋ᠢᠯᠠᠨ ᠪᠠᠶ᠋ᠢᠵᠤ ᠮᠠᠯ ᠪᠤᠯᠳᠠᠭ》᠎ᠤᠨ ᠵᠢᠮ᠎ᠡ ᠶᠤᠰᠤ ᠡᠪᠳᠡᠭᠳᠡᠵᠦ᠂ ᠬᠡᠥᠬᠡᠳ ᠵᠶ᠋ᠠᠨ ᠤᠬᠢᠯᠠᠭ᠍ᠤ᠎ᠠᠴᠠ ᠬᠡᠳᠦ ᠠᠶᠤᠬᠤ᠂ ᠤᠶ᠋ᠢᠴᠢᠬᠤ᠎ᠠᠴᠠ ᠬᠡᠳᠦ ᠰᠡᠷᠭᠡᠶ᠋ᠢᠯᠡᠬᠦ᠂ ᠪᠤᠷᠤᠭᠤ ᠵᠦᠢ᠍ᠯ ᠬᠢᠬᠦ᠎ᠠᠴᠠ ᠬᠡᠳᠦ ᠬᠡᠷᠰᠡᠥᠯᠡᠬᠦ ᠁ ᠵᠡᠷᠭᠡ ᠤᠯᠠᠨ ᠲᠠᠯ᠎ᠠ ᠵᠢᠨ ᠪᠤᠯᠭᠤᠮᠵᠢᠯᠠᠯ ᠠᠬᠠᠳᠠᠭᠰᠠᠨ᠎ᠠᠴᠠ᠂ ᠬᠡᠥᠬᠡᠳ᠎ᠤᠨ ᠴᠢᠯᠦᠭᠡᠳᠦ ᠬᠦᠭᠵᠢᠯᠲᠡ ᠵᠢᠨ ᠤᠷᠤᠨ ᠵᠠᠢ ᠢᠪᠴᠤᠣᠷᠠᠵᠠᠢ᠃ ᠠ᠋ᠨᠡᠬᠦ ᠬᠡᠳᠦᠷᠬᠡᠢ ᠬᠠᠶ᠋ᠢᠷ᠎ᠠ᠎ᠨᠢ ᠬᠡᠥᠬᠡᠳ᠎ᠤᠨ ᠴᠢᠯᠦᠭᠡᠳᠦ ᠬᠦᠭᠵᠢᠯᠲᠡ ᠵᠢ ᠢᠳᠡᠭ ᠢᠳᠡᠭ ᠵᠶ᠋ᠠᠷ ᠬᠦᠯᠢᠶᠡᠰᠦᠯᠡᠵᠦ᠂ ᠬᠡᠥᠬᠡᠳ ᠠᠶᠠᠨᠳᠠᠭ᠋ᠠᠨ ᠦᠪᠡᠷ᠎ᠤᠨ ᠤᠯᠠᠨ ᠲᠠᠯ᠎ᠠ ᠵᠢᠨ ᠴᠢᠳᠠᠪᠬᠢ᠎ᠪᠠᠨ ᠠᠯᠳᠠᠵᠤ ᠠ᠋ᠬᠢᠯᠡᠳᠡᠭ᠃ ᠦᠨᠡᠨᠳᠡᠭᠡᠨ ᠬᠡᠥᠬᠡᠳ᠎ᠤᠨ 0-5 ᠨᠠᠰᠤᠨ᠎ᠤ ᠦᠰᠦᠯᠳᠡ ᠵᠢᠨ ᠬᠤᠭᠤᠴᠠᠭ᠋ᠠᠨ᠎ᠳᠤ ᠤᠷᠤᠰᠢᠨ ᠲᠤᠭᠳᠠᠨᠢᠯ᠎ᠤᠨ ᠮᠠᠰᠢ ᠤᠯᠠᠨ ᠲᠦᠷᠦᠯᠬᠢ ᠠᠪᠢᠶᠠᠰ᠎ᠨᠢ ᠬᠦᠭᠵᠢᠭᠰᠡᠨ ᠪᠠᠶ᠋ᠢᠪᠠᠯ ᠵᠤᠬᠢᠬᠤ ᠠᠳᠠᠯ᠎ᠠ᠂ ᠶᠠᠭ ᠠ᠋ᠨᠡᠬᠦ ᠬᠤᠭᠤᠴᠠᠭ᠋ᠠᠨ᠎ᠳᠤ᠎ᠨᠢ ᠬᠡᠥᠬᠡᠳ᠎ᠤᠨ ᠦᠪᠡᠷ ᠵᠶ᠋ᠠᠨ ᠬᠢᠬᠦ ᠶᠤᠰᠤᠲᠠᠢ ᠠᠵᠢᠯ᠎ᠢ᠎ᠨᠢ ᠲᠤᠮᠤᠴᠤᠣᠯ᠎ᠨᠢ ᠤᠷᠤᠯᠠᠨ ᠬᠢᠭᠰᠡᠨ᠎ᠠᠴᠠ ᠬᠡᠥᠬᠡᠳ᠎ᠤᠨ ᠠᠶᠠᠨᠳᠠᠭ᠋ᠠᠨ᠎ᠤ ᠬᠦᠭᠵᠢᠯᠲᠡ ᠬᠠᠷᠰᠢᠯᠠᠭᠳᠠᠵᠤ᠂ ᠰᠤᠷᠭ᠋ᠠᠭᠤᠯᠢ᠎ᠳᠤ ᠠ᠋ᠬᠢᠯᠡᠵᠦ ᠤᠷᠤᠭᠰᠠᠨ᠎ᠤ ᠲᠠᠷᠠᠭ᠎ᠠ ᠪᠡᠶ᠎ᠡ᠎ᠪᠠᠨ ᠲᠠᠭ᠋ᠠᠭ᠋ᠠᠵᠤ ᠴᠢᠳᠠᠭ᠍ᠤ ᠦᠭᠡᠢ ᠦᠵᠡᠭᠳᠡᠯ ᠤᠯᠠᠨ ᠤᠷᠤᠰᠢᠵᠤ ᠪᠤᠢ᠃ ᠲᠠᠷᠤᠢ᠂ ᠬᠤᠪᠴᠠᠰᠤ ᠬᠤᠨᠠᠷ ᠵᠶ᠋ᠠᠨ ᠲᠡᠷᠢ ᠲᠡᠭᠰᠢ ᠠ᠋ᠮᠦᠰᠴᠤ ᠴᠢᠳᠠᠭ᠍ᠤ ᠦᠭᠡᠢ᠂ ᠪᠢᠷ ᠲᠠᠰᠬᠠᠯ ᠮᠡᠳᠦ ᠵᠢᠨ ᠠ᠋ᠳ᠋ ᠪᠤᠳᠠᠰ ᠵᠶ᠋ᠠᠨ ᠬᠢᠮᠠᠭ᠋ᠠᠳᠠᠵᠤ ᠴᠢᠳᠠᠭ᠍ᠤ ᠦᠭᠡᠢ᠂ ᠨᠢᠭᠡᠳᠦᠯᠲᠡᠢ ᠵᠢᠯᠤᠭᠤᠳᠤᠯᠭ᠎ᠠ ᠵᠢ ᠲᠠᠭ᠋ᠠᠵᠤ ᠴᠢᠳᠠᠭ᠍ᠤ ᠦᠭᠡᠢ ᠁ ᠵᠡᠷᠭᠡ ᠤᠯᠠᠨ ᠠᠰᠠᠭᠤᠳᠠᠯ ᠢᠯᠡᠷᠡᠵᠦ ᠪᠤᠢ᠃

ᠭᠤᠷᠪᠠ᠂ ᠬᠡᠥᠬᠡᠳ᠎ᠤᠨ ᠬᠦᠰᠡᠯ ᠮᠦᠷᠦᠭᠡᠳᠦᠯ ᠮᠠᠰᠢ ᠬᠡᠶ᠋ᠢᠰᠪᠦᠷᠢ ᠪᠠᠶ᠋ᠢᠵᠤ᠂ ᠪᠤᠳᠠᠳᠤ ᠬᠦᠭᠡᠭᠡᠴᠡᠯᠳᠦᠯ ᠲᠤᠳᠠᠮᠠᠭ ᠪᠤᠯᠪᠠ᠃ ᠤᠳᠤᠬᠠᠨ᠎ᠤ ᠭᠡᠷ᠎ᠤᠨ ᠠᠬᠠᠮᠠᠳ ᠬᠡᠥᠬᠡᠳ᠎ᠤᠨ ᠶᠠᠭᠤ ᠪᠦᠬᠦᠨ᠎ᠢ ᠤᠷᠤᠯᠠᠨ ᠭᠦᠢ᠍ᠴᠡᠳᠬᠡᠬᠦ ᠪᠤᠯᠤᠭᠰᠠᠨ᠎ᠠᠴᠠ ᠬᠡᠥᠬᠡᠳ᠎ᠤᠨ ᠰᠡᠳᠬᠢᠯ᠎ᠳᠤ ᠲᠤᠯᠭ᠋ᠠᠮ ᠪᠦᠭᠡᠳ ᠪᠤᠳᠠᠳᠤ ᠬᠦᠰᠡᠯ ᠬᠦᠭᠡᠭᠡᠴᠡᠯᠳᠦᠯ ᠱᠠᠭ᠋ᠠᠷᠳᠠᠭᠳᠠᠭ᠍ᠤ ᠦᠭᠡᠢ ᠪᠤᠯᠵᠤ᠂ ᠢᠷᠡᠭᠡᠳᠦᠢ᠎ᠳᠤ ᠶᠠᠭᠤ ᠬᠢᠬᠦ ᠲᠤᠬᠠᠢ ᠲᠡᠮᠡᠢ ᠪᠤᠳᠤᠯᠬᠢᠯᠠᠭ᠍ᠤ ᠦᠭᠡᠢ ᠪᠤᠯᠵᠠᠢ᠃ ᠲᠡᠳᠡᠨ᠎ᠤ ᠶᠠᠭᠤ ᠪᠦᠬᠦᠨ᠎ᠢ ᠪᠡᠯᠡᠳᠬᠡᠵᠦ ᠬᠢᠵᠤ ᠦᠭᠬᠦ ᠬᠦᠮᠦᠨ ᠪᠠᠶ᠋ᠢᠬᠤ ᠤᠴᠢᠷ᠎ᠠᠴᠠ ᠲᠡᠳᠡ ᠢᠷᠡᠭᠡᠳᠦᠢ ᠵᠢᠨ ᠲᠤᠬᠠᠢ ᠲᠡᠳᠦᠢ ᠰᠠᠨᠠᠭ᠋ᠠᠰᠢᠷᠠᠭ᠍ᠤ ᠦᠭᠡᠢ ᠪᠤᠯᠳᠠᠭ᠃ ᠨᠡᠩ ᠴᠢᠨᠠᠭᠰᠢᠯᠠᠪᠠᠯ ᠪᠤᠰᠤᠳ᠎ᠤᠨ ᠰᠠᠶ᠋ᠢᠨ ᠰᠠᠶ᠋ᠢᠬᠠᠨ ᠰᠢᠯᠢᠳᠡᠭ ᠵᠦᠢ᠍ᠯ᠎ᠢ ᠪᠠᠭ᠍ᠠᠷᠬᠠᠵᠤ ᠬᠦᠭᠡᠭᠡᠴᠡᠯᠳᠦᠭᠦ ᠤᠷᠮ᠎ᠠ ᠰᠡᠳᠬᠢᠯᠭᠡ ᠴᠤ᠌ ᠲᠦᠷᠦᠭᠳᠡᠬᠦ ᠦᠭᠡᠢ ᠪᠤᠯᠵᠤ᠂ ᠬᠤᠵᠢᠮ᠎ᠤᠨ ᠬᠦᠭᠵᠢᠯᠲᠡ ᠵᠢᠨ ᠲᠠᠯ᠎ᠠ ᠵᠢᠨ ᠰᠡᠳᠬᠢᠴᠡ ᠵᠢᠨ ᠬᠦᠳᠡᠯᠭᠡᠭᠴᠢ ᠬᠦᠴᠦᠨ ᠲᠤᠳᠠᠭᠳᠠᠭ᠍ᠤ ᠪᠤᠯᠤᠭᠰᠠᠨ ᠪᠠᠶ᠋ᠢᠨ᠎ᠠ᠃

ᠲᠦᠷᠪᠡ᠂ ᠤᠳᠤᠬᠠᠨ᠎ᠳᠤ ᠬᠡᠥᠬᠡᠳ᠎ᠤᠳ᠎ᠤᠨ ᠠᠳᠠᠭ᠋ᠠᠷᠬᠠᠯ᠎ᠠᠴᠠ ᠢᠯᠡᠭᠦᠤ᠂ ᠭᠡᠷ᠎ᠤᠨ ᠠᠬᠠᠮᠠᠳ᠎ᠤᠨ ᠬᠠᠷᠢᠴᠠᠭᠤᠯᠤᠨ ᠠᠳᠠᠯᠢᠳᠬᠠᠬᠤ ᠦᠵᠡᠯᠲᠡ ᠲᠠᠪᠠᠮᠠᠭ᠋ᠠᠢ ᠪᠤᠯᠵᠤ ᠪᠤᠢ᠃ ᠲᠡᠳᠡ ᠬᠡᠥᠬᠡᠳ ᠵᠶ᠋ᠠᠨ ᠰᠠᠶ᠋ᠢᠨ ᠬᠦᠮᠦᠵᠢᠭᠦᠯᠬᠦ ᠵᠢᠨ ᠬᠦᠰᠡᠯ ᠱᠠᠭ᠋ᠠᠷᠳᠠᠯᠭ᠎ᠠ ᠵᠢ ᠡᠪᠦᠷᠯᠡᠳᠡᠭ ᠴᠤ᠌᠂ ᠬᠡᠷᠬᠢᠨ ᠬᠦᠮᠦᠵᠢᠭᠦᠯᠬᠦ ᠲᠤᠬᠠᠢ ᠲᠤᠳᠤᠷᠬᠠᠢ ᠦᠵᠡᠯᠳᠡ ᠪᠠᠶ᠋ᠢᠳᠠᠭ ᠦᠭᠡᠢ᠃ ᠬᠡᠥᠬᠡᠳ ᠬᠦᠮᠦᠵᠢᠭᠦᠯᠬᠦ ᠠ᠋ᠭᠦᠷᠭᠡ ᠵᠢ ᠰᠤᠷᠭ᠋ᠠᠭᠤᠯᠢ ᠪᠤᠶᠤ ᠪᠠᠭᠰᠢ᠎ᠳᠤ ᠨᠠᠶ᠋ᠢᠳᠠᠭ᠍ᠤ ᠮᠡᠳᠦ᠎ᠪᠠᠷ ᠦᠷᠦᠭᠡᠯ ᠪᠤᠰᠤᠳ᠎ᠲᠤ ᠨᠠᠶ᠋ᠢᠳᠠᠭ᠍ᠤ᠎ᠨᠢ ᠲᠡᠶ᠋ᠢᠯᠦᠩᠭᠦᠢ ᠪᠤᠯᠵᠤ 《ᠭᠡᠷ ᠪᠦᠯᠢ ᠪᠤᠯ ᠬᠡᠥᠬᠡᠳ᠎ᠤᠨ ᠰᠤᠷᠭ᠋ᠠᠨ ᠬᠦᠮᠦᠵᠢᠯ᠎ᠤᠨ ᠴᠢᠬᠤᠯᠠ ᠰᠠᠭᠤᠷᠢᠨ ᠭᠠᠵᠠᠷ》 ᠪᠤᠯᠬᠤ ᠵᠢ ᠤᠮᠳᠤᠭ᠋ᠠᠶ᠋ᠢᠯᠠᠵᠤ ᠪᠤᠢ᠃ ᠲᠡᠳᠡ ᠪᠤᠰᠤᠳᠴᠢ ᠨᠦᠬᠦᠴᠡᠯ᠎ᠢ ᠬᠠᠷᠢᠴᠠᠭᠤᠯᠤᠨ ᠠᠳᠠᠯᠢᠳᠬᠠᠵᠤ᠂ ᠪᠤᠰᠤᠳ ᠠᠶ᠋ᠢᠯ᠎ᠤᠨ ᠬᠡᠥᠬᠡᠳ ᠶᠠᠭᠤ ᠠ᠋ᠳ᠋ᠯᠡᠵᠦ ᠪᠠᠶ᠋ᠢᠪᠠᠯ᠂ ᠲᠡᠭᠦᠨ᠎ᠢ᠎ᠨᠢ ᠬᠡᠥᠬᠡᠳ᠎ᠲᠤ᠎ᠪᠠᠨ ᠠᠳᠠᠯᠢᠬᠠᠨ ᠤᠯᠭᠤᠬᠤ᠂ ᠪᠤᠰᠤᠳ ᠠᠶ᠋ᠢᠯ᠎ᠤᠨ ᠬᠡᠥᠬᠡᠳ ᠶᠠᠮᠠᠷ ᠪᠤᠯᠪᠠᠰᠤᠷᠠᠯ᠎ᠤᠨ ᠠᠩᠬᠢ᠎ᠳᠤ ᠤᠴᠢᠵᠤ ᠪᠠᠶ᠋ᠢᠪᠠᠯ ᠬᠡᠥᠬᠡᠳ ᠵᠶ᠋ᠠᠨ ᠠᠳᠠᠯᠢᠬᠠᠨ ᠤᠴᠢᠭᠤᠯᠬᠤ᠂ ᠪᠤᠰᠤᠳ ᠠᠶ᠋ᠢᠯ᠎ᠤᠨ ᠬᠡᠥᠬᠡᠳ ᠵᠶ᠋ᠠᠨ ᠶᠠᠭ᠋ᠠᠬᠢᠵᠤ ᠱᠠᠭ᠋ᠠᠷᠳᠠᠵᠤ ᠪᠠᠶ᠋ᠢᠪᠠᠯ᠂ ᠦᠪᠡᠷ᠎ᠤᠨ ᠬᠡᠥᠬᠡᠳ᠎ᠨᠢ ᠲᠡᠭᠦᠨ᠎ᠠᠴᠠ ᠬᠤᠵᠢᠮᠳᠠᠭ᠍ᠤ᠎ᠠᠴᠠ ᠠᠶᠤᠵᠤ᠂ ᠠᠳᠠᠯᠢᠬᠠᠨ ᠱᠠᠭ᠋ᠠᠷᠳᠠᠭ᠍ᠤ ᠵᠡᠷᠭᠡ ᠰᠤᠬᠤᠷ ᠪᠠᠯᠠᠢ ᠲᠠᠭᠤᠷᠢᠶᠠᠮᠠᠯ ᠠᠷᠭ᠎ᠠ᠎ᠪᠠᠷ ᠬᠡᠥᠬᠡᠳ ᠵᠶ᠋ᠠᠨ ᠬᠦᠮᠦᠵᠢᠭᠦᠯᠬᠦ ᠵᠢ ᠤᠷᠤᠯᠳᠤᠳᠠᠭ᠃ ᠠ᠋ᠨᠡ᠎ᠨᠢ ᠬᠡᠥᠬᠡᠳ ᠪᠤᠯᠭ᠋ᠠᠨ᠎ᠢ ᠨᠢᠭᠡᠯᠡ ᠠᠳᠠᠯᠢ ᠴᠤᠭᠴᠠ᠎ᠪᠠᠷ ᠦᠵᠡᠵᠦ᠂ ᠬᠡᠥᠬᠡᠳ ᠪᠤᠯᠭ᠋ᠠᠨ᠎ᠤ ᠦᠪᠡᠷ᠎ᠤᠨ ᠤᠨᠴᠠᠯᠢᠭᠲᠤ ᠬᠦᠭᠵᠢᠯᠲᠡ ᠪᠠᠶ᠋ᠢᠪᠠᠯ ᠵᠤᠬᠢᠬᠤ ᠵᠢ ᠤᠮᠳᠤᠭ᠋ᠠᠶ᠋ᠢᠯᠠᠵᠤ ᠪᠤᠢ᠃ ᠬᠡᠥᠬᠡᠳ ᠪᠤᠯᠭ᠋ᠠᠨ᠎ᠤ ᠤᠨᠴᠠᠯᠢᠭ ᠠᠳᠠᠯᠢ ᠦᠭᠡᠢ᠎ᠠᠴᠠ ᠪᠤᠯᠵᠤ᠂ ᠭᠡᠷ᠎ᠤᠨ ᠠᠬᠠᠮᠠᠳ᠎ᠤᠨ ᠠ᠋ᠨᠡᠬᠦ ᠬᠦᠭᠡᠭᠡᠴᠡᠯᠳᠦᠯ᠎ᠨᠢ ᠵᠠᠷᠢᠮ ᠦᠶ᠎ᠡ᠎ᠳᠤ ᠬᠡᠥᠬᠡᠳ᠎ᠤᠨ ᠠ᠋ᠷᠡᠭᠦᠯ ᠦᠰᠦᠨ ᠪᠤᠶ᠋ᠢᠵᠢᠯᠳᠠ᠎ᠳᠤ ᠮᠠᠭᠤ ᠨᠦᠯᠦᠭᠡ ᠦᠵᠡᠭᠦᠯᠵᠦ᠂ ᠬᠡᠥᠬᠡᠳ᠎ᠢ ᠰᠤᠷᠬᠤ᠎ᠠᠴᠠ ᠬᠠᠯᠠᠰᠢᠷᠠᠭ᠍ᠤ᠂ ᠲᠤᠷ᠎ᠠ ᠦᠭᠡᠶ᠋ᠢᠴᠡᠬᠦ᠂ ᠠᠷᠭ᠎ᠠ ᠪᠠᠷᠠᠭᠳᠠᠭ᠍ᠤ ᠁ ᠮᠡᠳᠦ ᠵᠢᠨ ᠰᠦᠷᠭᠡᠦ ᠰᠡᠳᠬᠢᠴᠡ ᠵᠢᠨ ᠦᠵᠡᠭᠳᠡᠯ᠎ᠲᠠᠢ ᠪᠤᠯᠭ᠋ᠠᠳᠠᠭ᠃

ᠲᠠᠪᠤ᠂ ᠤᠳᠤᠬᠠᠨ᠎ᠤ ᠬᠡᠥᠬᠡᠳ᠎ᠤᠨ ᠬᠦᠴᠢᠷ᠎ᠢ ᠲᠡᠰᠪᠦᠷᠢᠯᠡᠬᠦ᠂ ᠬᠠᠯᠠ ᠲᠠᠭ᠋ᠠᠭ᠋ᠠᠬᠤ ᠰᠦᠰᠦ ᠵᠤᠷᠢᠭ ᠲᠤᠳᠠᠮᠠᠭ ᠪᠤᠯᠤᠭᠰᠠᠨ ᠪᠠᠶ᠋ᠢᠨ᠎ᠠ᠃ ᠠ᠋ᠨᠡ᠎ᠨᠢ ᠮᠦᠨ ᠴᠤ᠌ ᠭᠡᠷ ᠪᠦᠯᠢ ᠵᠢᠨ ᠰᠤᠷᠭ᠋ᠠᠨ ᠬᠦᠮᠦᠵᠢᠯ᠎ᠲᠠᠢ ᠰᠢᠭᠤᠳ ᠬᠤᠯᠪᠤᠭᠳᠠᠨ᠎ᠠ᠃ ᠬᠡᠥᠬᠡᠳ᠎ᠢ ᠬᠡᠳᠦ ᠠ᠋ᠩᠬᠦᠷᠡᠶ᠋ᠢᠯᠡᠵᠦ ᠬᠠᠶ᠋ᠢᠷᠠᠯᠠᠭᠰᠠᠨ᠎ᠠᠴᠠ ᠵᠢᠭ᠋ᠠᠬᠠᠨ ᠬᠦᠴᠢᠷ᠎ᠢ ᠴᠤ᠌ ᠲᠡᠰᠪᠦᠷᠢᠯᠡᠵᠦ ᠰᠢᠢ᠍ᠳᠪᠦᠷᠢᠯᠡᠵᠦ ᠴᠢᠳᠠᠭ᠍ᠤ ᠦᠭᠡᠢ ᠪᠤᠯᠵᠤ᠂ ᠲᠤᠮᠤ ᠪᠤᠯᠤᠭᠰᠠᠨ ᠴᠤ᠌ ᠶᠠᠷᠰᠢᠭᠲᠠᠢ ᠤᠴᠢᠷ ᠲᠤᠯᠭ᠋ᠠᠷᠠᠭᠰᠠᠭ᠋ᠠᠷ ᠰᠢᠢ᠍ᠳᠪᠦᠷᠢᠯᠡᠬᠦ ᠠᠷᠭ᠎ᠠ ᠤᠯᠬᠤ ᠦᠭᠡᠢ᠂ ᠪᠠᠴᠢᠮᠳᠠᠵᠤ ᠵᠤᠪᠠᠭ᠍ᠤ᠎ᠨᠢ ᠠᠬᠠᠳᠠᠳᠠᠭ᠃ ᠠᠰᠠᠭᠤᠳᠠᠯ ᠎ᠢ ᠪᠤᠰᠤᠳᠴᠢ ᠲᠠᠯ᠎ᠠ᠎ᠠᠴᠠ ᠵᠠᠳᠠᠯᠬᠤ ᠠᠷᠭ᠎ᠠ ᠤᠬᠠᠭ᠋ᠠᠨ ᠬᠤᠮᠰᠠᠳᠠᠵᠤ᠂ ᠦᠪᠡᠷ᠎ᠢ᠎ᠪᠠᠨ ᠲᠠᠶ᠋ᠢᠳᠬᠤᠷᠠᠭᠤᠯᠬᠤ᠂ ᠦᠪᠡᠷ᠎ᠢ᠎ᠪᠠᠨ ᠲᠠᠪᠳᠠᠨ ᠪᠤᠯᠪᠠᠰᠤᠷᠠᠭᠤᠯᠬᠤ᠂ ᠦᠪᠡᠷ᠎ᠢ᠎ᠪᠠᠨ ᠬᠦᠮᠦᠵᠢᠭᠦᠯᠬᠦ ᠲᠠᠨᠢᠯᠲᠠ ᠦᠭᠡᠢ ᠪᠠᠶ᠋ᠢᠳᠠᠭ᠃ ᠲᠤᠬᠠᠶ᠋ᠢᠯᠠᠪᠠᠯ᠂ ᠪᠠᠭ᠎ᠠ ᠰᠤᠷᠭ᠋ᠠᠭᠤᠯᠢ ᠵᠢᠨ ᠱᠠᠳᠤᠨ᠎ᠳᠤ ᠪᠤᠰᠤᠳ᠎ᠲᠤ ᠲᠤᠭᠤᠬᠢᠯᠠᠭᠳᠠᠭ᠍ᠤ ᠵᠢ ᠲᠡᠰᠴᠤ ᠶᠠᠳᠠᠭ᠍ᠤ᠂ ᠦᠭᠡᠨ᠎ᠳᠤ ᠵᠢᠭ᠋ᠠᠬᠠᠨ ᠬᠤᠨᠵᠢᠭᠳᠠᠭ᠍ᠤ ᠪᠤᠶᠤ ᠲᠦᠯᠬᠢᠯᠴᠡᠵᠦ ᠲᠠᠳᠠᠯᠴᠠᠭᠰᠠᠨ᠎ᠠᠴᠠ ᠪᠤᠯᠤᠭᠰᠠᠨ ᠵᠢᠵᠢᠭ ᠰᠠᠵᠢᠭ ᠶᠠᠪᠤᠳᠠᠯ᠎ᠳᠤ ᠤᠶ᠋ᠢᠳᠬᠠᠷᠯᠠᠵᠤ ᠪᠤᠬᠢᠨᠢᠳᠤᠬᠤ᠎ᠠᠴᠠ ᠦᠭᠡᠷ᠎ᠡ ᠠᠷᠭ᠎ᠠ ᠦᠭᠡᠢ ᠪᠤᠶᠤ ᠠ᠋ᠰᠡᠭᠦᠯ᠎ᠡ ᠪᠠᠭᠰᠢ ᠪᠠ ᠭᠡᠷ᠎ᠤᠨ ᠠᠬᠠᠮᠠᠳ᠎ᠲᠤ᠎ᠪᠠᠨ ᠵᠠᠭ᠋ᠠᠯᠳᠤᠯᠭ᠎ᠠ ᠬᠢᠬᠦ᠎ᠪᠠᠷ ᠠᠷᠭ᠎ᠠ ᠠᠪᠴᠠᠯ ᠪᠤᠯᠭ᠋ᠠᠳᠠᠭ᠃ ᠭᠡᠷ᠎ᠤᠨ ᠠᠬᠠᠮᠠᠳ᠎ᠨᠢ ᠴᠤ᠌ ᠰᠤᠷᠭ᠋ᠠᠭᠤᠯᠢ ᠪᠠᠭᠰᠢ ᠵᠢ ᠠ᠋ᠷᠢᠵᠤ ᠰᠢᠢ᠍ᠳᠪᠦᠷᠢᠯᠡᠬᠦ ᠵᠢ ᠱᠠᠭ᠋ᠠᠷᠳᠠᠭ᠍ᠤ ᠦᠵᠡᠭᠳᠡᠯ ᠵᠦᠩᠳᠡᠭᠡᠨ ᠬᠠᠷᠠᠭᠳᠠᠭ᠍ᠤ ᠪᠤᠯᠵᠠᠢ᠃ ᠵᠢᠭ᠋ᠠᠬᠠᠨ ᠲᠤᠮᠤ ᠪᠤᠯᠤᠭ᠋ᠠᠳ ᠲᠤᠮᠳᠠᠳᠤ ᠰᠤᠷᠭ᠋ᠠᠭᠤᠯᠢ᠎ᠳᠤ ᠤᠷᠤᠭᠰᠠᠨ᠎ᠤ ᠲᠠᠷᠠᠭ᠎ᠠ ᠴᠤ᠌ ᠴᠦᠬᠡᠨ ᠪᠤᠰᠤ ᠬᠡᠥᠬᠡᠳ ᠪᠠᠭᠰᠢ᠎ᠳᠤ᠎ᠪᠠᠨ ᠵᠢᠮᠡᠯᠡᠭᠳᠡᠬᠦ᠂ ᠨᠦᠬᠦᠳ᠎ᠲᠠᠢ᠎ᠪᠠᠨ ᠵᠦᠷᠢᠴᠡᠯᠳᠦᠬᠦ ᠁ ᠮᠡᠳᠦ ᠵᠢᠨ ᠤᠴᠢᠷ ᠶᠠᠪᠤᠳᠠᠯ᠎ᠢ ᠰᠢᠢ᠍ᠳᠪᠦᠷᠢᠯᠡᠬᠦ ᠠᠷᠭ᠎ᠠ ᠤᠬᠠᠭ᠋ᠠᠨ ᠤᠯᠬᠤ ᠦᠭᠡᠢ ᠪᠠᠶ᠋ᠢᠵᠤ᠂ ᠪᠤᠬᠢᠨᠢᠳᠤᠬᠤ᠎ᠳᠤ᠎ᠪᠠᠨ ᠭᠡᠳᠡᠷᠭᠦ ᠬᠠᠷᠢᠨ ᠦᠪᠡᠷ᠎ᠤᠨ ᠪᠡᠶ᠎ᠡ᠎ᠳᠤ ᠠᠭᠤᠷ ᠭᠠᠷᠭ᠋ᠠᠬᠤ᠂ ᠦᠪᠡᠷ᠎ᠢ᠎ᠪᠠᠨ ᠶᠠᠯᠠᠯᠠᠨ ᠰᠢᠢ᠍ᠳᠬᠡᠬᠦ᠂ ᠴᠢᠨᠠᠭᠰᠢᠯᠠᠪᠠᠯ ᠠᠮᠢ᠎ᠪᠠᠨ ᠬᠤᠣᠷᠯᠠᠭ᠍ᠤ ᠮᠡᠳᠦ᠎ᠪᠠᠷ ᠪᠤᠬᠢᠨᠢᠳᠤᠯ ᠵᠶ᠋ᠠᠨ ᠲᠠᠶ᠋ᠢᠯᠬᠤ ᠵᠢ ᠤᠷᠤᠯᠳᠤᠬᠤ ᠪᠤᠯᠵᠠᠢ᠃ ᠠ᠋ᠨᠡ ᠪᠤᠯ ᠮᠠᠰᠢ ᠠᠶᠤᠮᠰᠢᠭᠲᠠᠢ ᠦᠵᠡᠭᠳᠡᠯ ᠪᠤᠯᠤᠨ᠎ᠠ᠃ ᠠ᠋ᠳᠡᠭᠡᠷ ᠦᠵᠡᠭᠳᠡᠯ᠎ᠤᠨ ᠤᠯᠠᠩᠬᠢ᠎ᠨᠢ ᠬᠡᠥᠬᠡᠳ ᠬᠠᠷᠠᠭ᠍ᠠᠨ ᠪᠠᠭ᠎ᠠ᠎ᠠᠴᠠ᠎ᠪᠠᠨ ᠬᠦᠴᠢᠷ ᠲᠤᠯᠭ᠋ᠠᠷᠠᠭᠰᠠᠨ ᠦᠭᠡᠢ᠂ ᠬᠠᠯᠠ ᠠᠮᠰᠠᠭᠰᠠᠨ ᠦᠭᠡᠢ᠎ᠲᠠᠢ ᠬᠤᠯᠪᠤᠭᠳᠠᠯ᠎ᠲᠠᠢ ᠶᠤᠮ᠃

ᠠ᠋ᠶ᠋ᠢᠮᠤ᠎ᠠᠴᠠ ᠭᠡᠷ᠎ᠤᠨ ᠠᠬᠠᠮᠠᠳ ᠪᠤᠯᠤᠭᠰᠠᠳ ᠬᠡᠥᠬᠡᠳ᠎ᠤᠨ ᠬᠦᠮᠦᠵᠢᠯ᠎ᠤᠨ ᠲᠠᠯ᠎ᠠ᠎ᠳᠤ᠂ ᠵᠦᠪ ᠵᠠᠳᠠᠯᠤᠯᠳᠠ ᠬᠢᠵᠤ᠂ ᠦᠪᠡᠷ᠎ᠤᠨ ᠦᠵᠡᠯᠳᠡ ᠲᠠᠨᠢᠯᠲᠠ᠎ᠪᠠᠨ ᠲᠠᠰᠤᠷᠠᠯᠳᠠ ᠦᠭᠡᠢ ᠰᠢᠨᠡᠴᠢᠯᠡᠨ ᠲᠡᠭᠡᠭᠰᠢᠯᠡᠭᠦᠯᠵᠦ᠂ ᠬᠡᠥᠬᠡᠳ᠎ᠲᠠᠢ ᠬᠠᠮᠲᠤ᠎ᠪᠠᠷ ᠦᠰᠦᠨ ᠪᠤᠶ᠋ᠢᠵᠢᠬᠤ ᠵᠢ ᠠᠩᠬᠠᠷᠬᠤ ᠬᠡᠷᠡᠭᠲᠡᠢ᠃ ᠤᠴᠢᠷ᠎ᠨᠢ ᠬᠡᠨ᠎ᠳᠤ ᠴᠤ᠌ ᠭᠡᠳ ᠠᠪᠤ ᠡᠵᠢ ᠪᠤᠯᠵᠤ ᠪᠠᠶ᠋ᠢᠭᠰᠠᠨ ᠦᠩᠭᠡᠷᠡᠯᠳᠡ ᠲᠤᠷᠰᠢᠯᠭ᠎ᠠ ᠪᠠᠶ᠋ᠢᠬᠤ ᠦᠭᠡᠢ ᠪᠦᠭᠡᠳ ᠬᠡᠥᠬᠡᠳ ᠵᠶ᠋ᠠᠨ ᠦᠰᠭᠡᠬᠦ ᠶᠠᠪᠤᠴᠠ᠎ᠳᠤ ᠲᠠᠰᠤᠷᠠᠯᠳᠠ ᠦᠭᠡᠢ ᠰᠤᠷᠤᠯᠴᠠᠵᠤ ᠰᠤᠳᠤᠯᠤᠨ᠂ ᠬᠡᠥᠬᠡᠳ᠎ᠤᠨ ᠬᠦᠮᠦᠵᠢᠯ᠎ᠤᠨ ᠵᠦᠪ ᠲᠠᠨᠢᠯᠲᠠ᠂ ᠵᠦᠪ ᠠᠷᠭ᠎ᠠ ᠵᠢ ᠬᠠᠶ᠋ᠢᠨ ᠰᠦᠪᠡᠭᠴᠢᠯᠡᠬᠦ ᠬᠡᠷᠡᠭᠲᠡᠢ᠃

ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠪᠠᠭ᠋ᠠᠷᠢᠨ ᠵᠡᠭᠦᠨ ᠬᠤᠰᠢᠭᠤᠨ᠎ᠤ ᠯᠢᠨᠳᠥ᠋ᠩ᠎ᠤᠨ 
                                    ᠮᠤᠩᠭᠤᠯ ᠦᠨᠳᠦᠰᠦᠲᠡᠨ᠎ᠤ ᠲᠤᠮᠳᠠᠳᠤ ᠰᠤᠷᠭ᠋ᠠᠭᠤᠯᠢ 
                                         (ᠮᠦᠨᠭᠭᠦᠨᠴᠢᠮᠡᠭ ᠨᠠᠢ᠍ᠢ᠍ᠷᠠᠭᠤᠯᠪᠠ)

 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠬᠡᠭᠡᠷ᠎ᠡ ᠵᠢᠨ ᠲᠠᠷᠢᠶ᠎ᠠ ᠠᠯᠳᠠᠪᠠᠯ ᠵᠢᠯ᠎ᠤᠨ ᠲᠠᠷᠢᠶ᠎ᠠ ᠠᠯᠳᠠᠨ᠎ᠠ ᠬᠡᠦᠬᠡᠳ᠎ᠤᠨ ᠲᠠᠷᠢᠶ᠎ᠠ ᠠᠯᠳᠠᠪᠠᠯ ᠨᠠᠰᠥᠨ᠎ᠤ ᠲᠠᠷᠢᠶ᠎ᠠ ᠠᠯᠳᠠᠨ᠎ᠠ
ᠴᠡᠴᠡᠷᠯᠢᠭ᠎ᠤᠨ ᠭᠡᠤᠭᠡᠳ᠎ᠤᠨ ᠦᠬᠡ ᠶᠠᠷᠢᠶᠠᠨ᠎ᠤ ᠵᠢᠭ᠋ᠠᠨ ᠰᠤᠷᠭ᠋ᠠᠯᠳᠠ ᠵᠢᠨ ᠲᠤᠬᠠᠢ ᠲᠦᠬᠦᠮ ᠦᠬᠦᠯᠡᠬᠦ᠎ᠨᠢ
ᠴᠡᠴᠡᠷᠯᠢᠭ᠎ᠤᠨ ᠵᠢᠭ᠋ᠠᠨ ᠰᠤᠷᠭ᠋ᠠᠯᠲᠠ᠎ᠳᠤ ᠤᠯᠠᠮᠵᠢᠯᠠᠯᠲᠤ ᠰᠤᠶᠤᠯ᠎ᠤᠨ ᠬᠦᠮᠦᠵᠢᠯ᠎ᠢ ᠠᠭᠤᠰᠬᠠᠬᠤ ᠲᠤᠬᠠᠢ ᠶᠠᠷᠢᠬᠤ᠎ᠨᠢ
ᠦᠢ᠍ᠯᠡ ᠤᠶᠤᠳᠠᠯ᠎ᠤᠨ ᠵᠢᠭ᠋ᠠᠨ ᠰᠤᠷᠭ᠋ᠠᠯᠳᠠ ᠵᠢᠨ ᠴᠡᠴᠡᠷᠯᠢᠭ᠎ᠤᠨ ᠬᠡᠦᠬᠡᠳ᠎ᠲᠤ ᠦᠵᠡᠭᠦᠯᠬᠦ ᠨᠦᠯᠦᠭᠡ
ᠬᠡᠦᠬᠡᠳ᠎ᠤᠨ ᠲᠠᠭᠤᠤ ᠵᠢ ᠠᠰᠢᠭᠯᠠᠵᠤ ᠠᠩᠭ᠍ᠯᠢ ᠬᠡᠯᠡᠨ᠎ᠤ ᠰᠤᠷᠭ᠋ᠠᠨ ᠬᠦᠮᠦᠵᠢᠯ ᠬᠢᠬᠦ
 
             蒙ICP备05000248号