ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠪᠠᠭᠰᠢ᠎ᠶᠢᠨ ᠬᠤᠷᠸ᠎ᠠ
ᠪᠠᠭᠰᠢ ᠵᠢᠨ ᠶᠣᠰᠤ ᠰᠤᠷᠲᠠᠬᠤᠨ᠎ᠤ ᠠᠰᠠᠭᠤᠳᠠᠯ᠎ᠳᠤ
ᠨᠡᠶ᠋ᠢᠲᠡᠯᠡᠭᠰᠡᠨ ᠴᠠᠭ᠄ 2024-08-15

                   ᠳᠠᠪᠰᠢᠯᠲᠦ


教师风采2.png


      ᠠ᠋ᠨᠡᠷᠢᠯ᠎ᠤᠨ ᠳᠡᠭᠷᠢ ᠡᠵᠢ ᠬᠦᠮᠦᠨ᠎ᠲᠠᠢ ᠠ᠋ᠩ ᠵᠡᠷᠭᠡᠴᠡᠬᠦ᠎ᠨᠢ ᠪᠠᠬᠰᠢ ᠬᠦᠮᠦᠨ
      ᠠ᠋ᠨᠡᠬᠡᠨ ᠨᠠᠰᠣᠨ᠎ᠤ ᠠᠮᠢᠳᠣᠷᠠᠯ᠎ᠤᠨ ᠵᠢᠯᠣᠭᠣ ᠵᠢ ᠵᠢᠭ᠋ᠠᠵᠦ ᠳᠣᠬᠢᠳᠠᠭ᠎ᠨᠢ ᠪᠠᠬᠰᠢ ᠬᠦᠮᠦᠨ
      ᠦᠷᠦᠭᠡᠯ᠎ᠤᠨ ᠬᠡᠦᠬᠡᠳ᠎ᠲᠤ ᠵᠢᠷᠦᠬᠡ ᠦᠨᠳᠡᠯᠵᠡᠳᠡᠭ᠎ᠨᠢ ᠪᠠᠬᠰᠢ ᠬᠦᠮᠦᠨ
      ᠦᠰᠪᠦᠷᠢ ᠵᠢᠨ ᠬᠡᠦᠬᠡᠳ᠎ᠲᠤ ᠬᠠᠢ᠍ᠢ᠍ᠷ᠎ᠠ᠎ᠪᠠᠨ ᠶᠡᠭᠦᠯᠡᠳᠡᠭ᠎ᠨᠢ ᠪᠠᠬᠰᠢ ᠬᠦᠮᠦᠨ
      ᠡ᠊ᠨᠡ ᠭᠦ᠌ ᠪᠠᠳᠠᠭ ᠦᠭᠡᠨ᠎ᠠᠴᠠ ᠪᠠᠬᠰᠢ ᠬᠦᠮᠦᠨ ᠪᠤᠯ ᠠᠭᠣᠣ ᠶᠡᠬᠡ ᠮᠦᠷᠲᠡᠯ᠎ᠡ᠎ᠪᠠᠨ ᠪᠠᠬᠰᠢ ᠬᠦᠮᠦᠨ᠎ᠤ ᠮᠦᠷᠦᠨ᠎ᠳᠤ ᠳᠠᠯᠪᠢᠬᠳᠠᠵᠦ ᠪᠠᠢ᠍ᠢ᠍ᠭ᠎ᠠ ᠠ᠋ᠭᠦᠷᠭᠡ ᠪᠤᠯ ᠦᠩᠭᠡ ᠭᠡᠷᠡᠯ᠎ᠲᠠᠢ ᠬᠦᠨᠳᠦ ᠴᠢᠬᠣᠯᠠ ᠭᠡᠳᠡᠭ᠎ᠢ ᠦᠵᠡᠵᠦ ᠭᠠᠷᠣᠨ᠎ᠠ᠃ ᠪᠠᠬᠰᠢ ᠬᠦᠮᠦᠨ ᠶᠠᠭ ᠠ᠋ᠢ᠍ᠢ᠍ᠮᠦᠷᠬᠦᠤ ᠠᠭᠤᠤ ᠶᠡᠬᠡ ᠠ᠋ᠭᠦᠷᠭᠡ ᠵᠢ ᠠ᠋ᠭᠦᠷᠭᠡᠯᠡᠵᠦ ᠪᠠᠢ᠍ᠢ᠍ᠭ᠎ᠠ ᠵᠢᠨ ᠣᠴᠢᠷ᠂ ᠪᠠᠬᠰᠢ ᠵᠢᠨ ᠠᠵᠢᠯ᠎ᠳᠤ ᠪᠠᠬᠰᠢ ᠵᠢᠨ ᠶᠣᠰᠣ ᠰᠣᠷᠳᠠᠬᠤᠨ ᠴᠢᠬᠤᠯᠠ ᠱᠠᠭ᠋ᠠᠷᠳᠠᠭᠳᠠᠨ᠎ᠠ᠃ ᠳᠠᠷᠠᠭ᠎ᠠ᠎ᠨᠢ ᠪᠢ ᠪᠠᠬᠰᠢ ᠵᠢᠨ ᠶᠣᠰᠣ ᠰᠣᠷᠳᠠᠬᠣᠨ᠎ᠤ ᠳᠣᠬᠠᠢ ᠦᠪᠡᠷ᠎ᠤᠨ ᠦᠴᠦᠬᠡᠨ ᠣᠢ᠍ᠢ᠍ᠯᠠᠭ᠋ᠠᠯᠲᠠ᠎ᠪᠠᠨ ᠲᠠ ᠪᠦᠬᠦᠨ᠎ᠲᠠᠢ᠎ᠪᠠᠨ ᠬᠤᠪᠢᠶᠠᠯᠴᠠᠶ᠎ᠠ᠃
      ᠪᠠᠬᠰᠢ ᠬᠦᠮᠦᠨ ᠪᠤᠯ ᠬᠦᠮᠦᠨ ᠲᠦᠷᠦᠯᠬᠢᠳᠡᠨ᠎ᠤ ᠣᠶᠣᠨ᠎ᠤ ᠢᠨᠵᠸᠨ᠋ᠸᠷ᠂ ᠪᠠᠬᠰᠢ ᠬᠦᠮᠦᠨ ᠪᠤᠯ ᠪᠢᠷ ᠪᠡᠬᠡᠰ ᠵᠶ᠋ᠠᠷ ᠪᠠᠭ᠋ᠠᠴᠣᠳ ᠬᠡᠦᠬᠡᠳ᠎ᠤᠨ ᠣᠶᠣᠨ᠎ᠢ ᠨᠡᠭᠡᠭᠡᠬᠦ᠎ᠪᠠᠷ ᠠᠵᠢᠯ᠎ᠤᠨ ᠠ᠋ᠭᠦᠷᠭᠡ᠎ᠪᠠᠨ ᠪᠤᠯᠭ᠋ᠠᠬᠰᠠᠭ᠋ᠠᠷ ᠢᠷᠡᠭᠰᠡᠨ ᠠ᠋ᠭᠡᠯ ᠶᠡᠷᠦᠮᠳᠡᠭ ᠮᠦᠷᠳᠡᠯ᠎ᠡ᠎ᠪᠠᠨ ᠠ᠋ᠷᠬᠢᠮ ᠳᠡᠭᠡᠳᠦ ᠬᠦᠮᠦᠨ ᠶᠣᠮ᠃ ᠪᠠᠬᠰᠢ ᠬᠦᠮᠦᠨ ᠪᠤᠯ ᠠᠭᠣᠳᠠᠯᠤᠭ᠋ᠠᠳ ᠪᠠᠷᠠᠰᠢ ᠦᠭᠡᠢ ᠮᠡᠳᠡᠯᠭᠡ᠂ ᠣᠨᠳᠣᠷᠣᠭ᠋ᠠᠳ ᠳᠠᠭᠣᠰᠣᠰᠢ ᠦᠭᠡᠢ ᠠ᠋ᠯᠢᠭᠡᠨ ᠬᠠᠢ᠍ᠢ᠍ᠷ᠎ᠠ᠎ᠪᠠᠷ ᠵᠶ᠋ᠠᠨ ᠦᠶ᠎ᠡ ᠵᠢᠨ ᠦᠶ᠎ᠡ ᠵᠢᠨ ᠦᠰᠪᠦᠷᠢ ᠵᠢᠨ ᠬᠡᠦᠬᠡᠳ ᠵᠶ᠋ᠠᠨ ᠬᠠᠢ᠍ᠢ᠍ᠷᠠᠯᠠᠨ ᠬᠦᠮᠦᠵᠢᠭᠦᠯᠦᠭᠰᠡᠭᠡᠷ ᠢᠷᠡᠭᠰᠡᠨ ᠠᠴᠢᠳᠦ ᠬᠦᠮᠦᠨ ᠶᠤᠮ᠃ ᠶᠠᠭ ᠡ᠊ᠨᠡ ᠭᠦ᠌ ᠠᠭᠣᠣ ᠶᠡᠬᠡ ᠦᠢ᠍ᠯᠡ᠎ᠪᠠᠨ ᠣᠷᠳᠦ ᠬᠣᠭᠣᠴᠠᠭ᠎ᠠ᠎ᠪᠠᠷ ᠪᠠᠷᠢᠮᠳᠠᠯᠠᠬᠰᠠᠭ᠋ᠠᠷ ᠢᠷᠡᠭᠰᠡᠨ ᠵᠤᠷᠢᠭ ᠰᠠᠨ᠋ᠠᠭ᠎ᠠ᠎ᠨᠢ ᠳᠣᠢ᠍ᠢ᠍ᠯ᠎ᠤᠨ ᠶᠡᠬᠡ ᠰᠣᠷᠣᠯᠴᠠᠭᠣᠰᠢᠳᠠᠢ ᠶᠤᠮ᠃ ᠡ᠊ᠨᠡ ᠭᠦ᠌ ᠠᠭᠣᠣ ᠶᠡᠬᠡ ᠵᠤᠷᠢᠭ ᠰᠠᠨᠠᠭ᠎ᠠ ᠵᠢ ᠳᠣᠯᠭ᠋ᠠᠭᠣᠷᠢᠯᠠᠵᠦ ᠪᠠᠢ᠍ᠢ᠍ᠭ᠎ᠠ ᠬᠦᠴᠦᠨ ᠪᠤᠯ ᠳᠠᠷᠤᠢ ᠪᠠᠬᠰᠢ ᠬᠦᠮᠦᠨ᠎ᠤ ᠠ᠋ᠷᠬᠢᠮ ᠳᠡᠭᠡᠳᠦ ᠶᠣᠰᠣ ᠮᠣᠷᠠᠯ ᠪᠤᠯᠤᠨ ᠬᠡᠪ ᠰᠣᠷᠳᠠᠯ᠂ ᠳᠠᠷᠣᠢ ᠪᠠᠬᠰᠢ ᠵᠢᠨ ᠶᠣᠰᠣ ᠰᠣᠷᠳᠠᠬᠤᠨ ᠭᠡᠵᠦ ᠪᠢ ᠦᠵᠡᠨ᠎ᠡ᠃ ᠪᠠᠬᠰᠢ ᠵᠢᠨ ᠶᠤᠰᠣ ᠰᠣᠷᠳᠠᠬᠣᠨ ᠪᠤᠯ ᠪᠠᠬᠰᠢ ᠪᠤᠯᠤᠬᠰᠠᠳ᠎ᠤᠨ ᠪᠦᠷᠢᠯᠳᠦᠭᠦᠯᠪᠡᠰᠦ ᠵᠤᠬᠢᠬᠤ ᠬᠠᠮᠣᠭ᠎ᠤᠨ ᠨᠠᠭ᠋ᠠᠳᠦ ᠵᠠᠬ᠎ᠠ ᠵᠢᠨ᠂ ᠬᠠᠮᠤᠭ᠎ᠤᠨ ᠦᠨᠳᠦᠰᠦᠨ ᠶᠣᠰᠣ ᠰᠣᠷᠳᠠᠬᠤᠨ᠎ᠤ ᠬᠡᠪ ᠴᠢᠨ᠋ᠨᠷ᠎ᠢ ᠬᠡᠯᠡᠵᠦ ᠪᠤᠢ᠃ ᠳᠡᠭᠡᠪᠡᠯ ᠮᠠᠨ᠎ᠤ ᠦᠷᠭᠦᠯᠵᠢ ᠶᠠᠷᠢᠳᠠᠭ ᠪᠠᠬᠰᠢ ᠵᠢᠨ ᠶᠣᠰᠣ ᠰᠣᠷᠳᠠᠬᠤᠨ ᠭᠡᠳᠡᠭ᠎ᠨᠢ ᠭᠣᠣᠯᠳᠠᠭᠣ ᠪᠠᠬᠰᠢ ᠵᠢᠨ ᠳᠣᠬᠠᠢ᠍ᠢ᠍ᠯᠠᠬᠰᠠᠨ ᠠᠵᠢᠯ᠎ᠤᠨ ᠶᠤᠰᠣ ᠰᠣᠷᠳᠠᠬᠣᠨ᠎ᠢ ᠵᠢᠭ᠋ᠠᠵᠦ ᠪᠠᠢ᠍ᠢ᠍ᠭ᠎ᠠ ᠶᠤᠮ᠃ ᠳᠠᠷᠣᠢ ᠪᠠᠬᠰᠢ ᠪᠤᠯᠤᠨ ᠠᠯᠢᠪᠠ ᠰᠣᠷᠭ᠋ᠠᠨ ᠬᠦᠮᠦᠵᠢᠯ᠎ᠤᠨ ᠠᠵᠢᠯᠳᠠᠨ᠎ᠤ ᠵᠢᠭ᠋ᠠᠨ ᠰᠣᠷᠭ᠋ᠠᠯᠳᠠ ᠵᠢᠨ ᠠᠵᠢᠯ᠎ᠤᠨ ᠳᠣᠮᠳᠠ          ᠎ᠪᠠᠨ ᠠ᠋ᠷᠬᠡᠪᠰᠢ ᠵᠢᠷᠣᠮᠯᠠᠬᠣ ᠴᠢᠬᠤᠯᠠᠳᠠᠢ ᠶᠣᠰᠣ ᠰᠣᠷᠳᠠᠬᠤᠨ ᠪᠤᠯᠤᠨ ᠦᠢ᠍ᠯᠡ ᠠᠵᠢᠯᠯᠠᠭ᠋ᠠᠨ᠎ᠤ ᠳᠦᠷᠢᠮᠵᠢᠯ           ᠪᠤᠯᠤᠨ᠎ᠠ᠃ ᠪᠠᠬᠰᠢ ᠵᠢᠨ ᠳᠣᠬᠠᠢ᠍ᠢ᠍ᠯᠠᠬᠰᠠᠨ ᠠᠵᠢᠯ᠎ᠤᠨ ᠶᠣᠰᠦ ᠰᠣᠷᠳᠠᠬᠤᠨ᠎ᠳᠤ ᠣᠯᠣᠰ ᠵᠶ᠋ᠠᠨ ᠬᠠᠢ᠍ᠢ᠍ᠷᠠᠯᠠᠬᠤ᠂ ᠡᠪ ᠬᠠᠮᠳᠦ ᠨᠠᠮ ᠵᠶ᠋ᠠᠨ ᠬᠦᠷᠢᠶᠡᠯᠡᠬᠦ᠂ ᠰᠣᠷᠣᠬ᠍ᠴᠢ᠎ᠪᠠᠨ ᠬᠠᠢ᠍ᠢ᠍ᠷᠠᠯᠠᠬᠤ᠂ ᠪᠤᠰᠣᠳ᠎ᠲᠤ ᠬᠡᠪ ᠳᠠᠭᠣᠷᠢᠶᠠᠯ ᠪᠤᠯᠬᠤ᠂ ᠪᠢᠴᠢᠭ ᠵᠢᠭ᠋ᠠᠵᠤ ᠬᠦᠮᠦᠨ᠎ᠢ ᠬᠦᠮᠦᠵᠢᠭᠦᠯᠬᠦ᠂ ᠨᠠᠰᠣᠨ ᠳᠣᠷᠰᠢᠳᠠ ᠰᠣᠷᠣᠯᠴᠠᠬᠤ ᠵᠡᠷᠭᠡ ᠣᠯᠠᠨ ᠳᠠᠯ᠎ᠠ ᠵᠢᠨ ᠦᠷᠭᠡᠨ ᠳᠡᠯᠭᠡᠷ ᠠᠭᠣᠯᠭ᠎ᠠ ᠵᠢ ᠪᠠᠬᠳᠠᠭ᠋ᠠᠨ᠎ᠠ᠃
      ᠮᠢᠨᠤ ᠳᠡᠭᠡᠷ᠎ᠡ ᠶᠠᠷᠢᠬᠰᠠᠨ ᠪᠤᠯ ᠪᠠᠬᠰᠢ ᠵᠢᠨ ᠳᠣᠬᠠᠢ᠍ᠢ᠍ᠯᠠᠬᠰᠠᠨ ᠠᠵᠢᠯ᠎ᠲᠠᠢ ᠬᠤᠯᠪᠤᠬᠳᠠᠬᠰᠠᠨ ᠶᠣᠰᠣ ᠰᠣᠷᠳᠠᠬᠤᠨ᠎ᠤ ᠠᠭᠣᠯᠭ᠎ᠠ ᠪᠤᠯᠤᠨ᠎ᠠ᠃ ᠳᠡᠭᠡᠪᠡᠯ ᠪᠢᠳᠡ ᠦᠪᠡᠷ᠎ᠤᠨ ᠬᠡᠦᠬᠡᠳ᠂ ᠦᠪᠡᠷ᠎ᠤᠨ ᠰᠣᠷᠣᠬ᠍ᠴᠢᠳ᠎ᠲᠤ᠎ᠪᠠᠨ ᠠ᠋ᠨᠡ ᠳᠣᠬᠠᠢ ᠮᠤᠷᠠᠯ᠎ᠤᠨ ᠬᠦᠮᠦᠵᠢᠯ ᠬᠢᠬᠦ ᠦᠶ᠎ᠡ᠎ᠳᠤ᠂ ᠶᠠᠭᠤᠨ᠎ᠤ ᠠ᠋ᠮᠦᠨ᠎ᠡ ᠠᠪᠤ ᠡᠵᠢ᠎ᠪᠠᠨ ᠬᠠᠢ᠍ᠢ᠍ᠷᠠᠯᠠᠬᠤ ᠳᠣᠬᠠᠢ ᠬᠦᠮᠦᠵᠢᠯ᠎ᠢ ᠣᠯᠭᠣᠪᠠᠯ ᠵᠤᠬᠢᠨ᠎ᠠ᠃ ᠣᠴᠢᠷ᠎ᠨᠢ ᠠᠪᠤ ᠡᠵᠢ ᠬᠤᠶᠠᠷ ᠪᠤᠯ ᠬᠦᠮᠦᠨ ᠪᠦᠬᠦᠨ᠎ᠤ ᠬᠠᠮᠣᠭ᠎ᠤᠨ ᠳᠡᠭᠡᠳᠦ ᠠᠮᠢᠳᠦ ᠵᠢᠨ ᠪᠤᠷᠬᠠᠨ ᠶᠣᠮ᠃ ᠠᠪᠤ ᠡᠵᠢ ᠵᠢᠨ ᠬᠠᠢ᠍ᠢ᠍ᠷ᠎ᠠ ᠪᠤᠯ ᠠᠯᠢᠪᠠ ᠬᠠᠢ᠍ᠢ᠍ᠷ᠎ᠠ ᠵᠢᠨ ᠳᠡᠭᠡᠳᠦ᠂ ᠠᠯᠢᠪᠠ ᠬᠠᠢ᠍ᠢ᠍ᠷ᠎ᠠ ᠵᠢᠨ ᠠ᠋ᠬᠢ ᠠ᠋ᠭᠦᠰᠦᠯ ᠮᠦᠷᠳᠡᠭᠡᠨ ᠪᠠᠳᠦ ᠰᠠᠭᠣᠷᠢ᠎ᠨᠢ ᠮᠦᠨ᠃ ᠠ᠋ᠢ᠍ᠢ᠍ᠮᠦ᠎ᠠᠴᠠ ᠦᠪᠡᠷ᠎ᠤᠨ ᠠᠪᠤ ᠡᠵᠢ᠎ᠪᠠᠨ ᠬᠠᠢ᠍ᠢ᠍ᠷᠠᠯᠠᠬᠤ ᠦᠭᠡᠢ᠂ ᠨᠡᠩ ᠴᠠᠭ᠋ᠠᠰᠢᠯᠠᠨ ᠠᠪᠤ ᠡᠵᠢ᠎ᠪᠠᠨ ᠠᠴᠢᠯᠠᠨ ᠳᠡᠭᠡᠳᠦᠯᠡᠬᠦ ᠵᠢ ᠮᠡᠳᠡᠳᠡᠭ ᠦᠭᠡᠢ ᠬᠦᠮᠦᠨ ᠪᠤᠰᠣᠳ ᠵᠦᠢ᠍ᠯ᠎ᠳᠤ ᠬᠠᠢ᠍ᠢ᠍ᠷᠠᠳᠠᠢ ᠪᠤᠯᠬᠤ ᠪᠤᠯᠤᠯᠴᠠᠭ᠎ᠠ ᠶᠠᠭ ᠪᠠᠢ᠍ᠢ᠍ᠬᠤ ᠦᠭᠡᠢ᠃ ᠠᠪᠤ ᠡᠵᠢ ᠵᠢᠨ ᠬᠠᠢ᠍ᠢ᠍ᠷ᠎ᠠ ᠵᠢ ᠮᠡᠳᠡᠷᠡᠵᠦ ᠴᠢᠳᠠᠪᠠᠯ ᠰᠠᠶᠢ 《ᠬᠠᠢ᠍ᠢ᠍ᠷ᠎ᠠ》 ᠭᠡᠳᠡᠭ ᠦᠭᠡ ᠵᠢᠨ ᠣᠬᠠᠭ᠋ᠠᠨ᠎ᠢ ᠠ᠋ᠬᠢᠯᠡᠵᠦ ᠣᠢ᠍ᠢ᠍ᠯᠠᠭ᠋ᠠᠨ᠎ᠠ᠃
      ᠳᠡᠭᠡᠪᠠᠯ ᠶᠠᠭ᠋ᠠᠬᠢᠭ᠋ᠠᠳ ᠪᠠᠬᠰᠢ ᠵᠢᠨ ᠶᠣᠰᠦ ᠰᠣᠷᠳᠠᠬᠣᠨ᠎ᠤ ᠪᠦᠳᠦᠭᠡᠨ ᠪᠠᠢ᠍ᠢ᠍ᠭᠣᠯᠣᠯᠳᠠ ᠠ᠋ᠢ᠍ᠢ᠍ᠮᠦᠷᠬᠦᠤ ᠴᠢᠬᠤᠯᠠ ᠪᠠᠢ᠍ᠢ᠍ᠷᠢᠨ᠎ᠳᠤ ᠪᠠᠢ᠍ᠢ᠍ᠭ᠎ᠠ ᠪᠤᠢ ᠭᠡᠪᠡᠯ᠂ ᠠ᠋ᠨᠡ ᠪᠤᠯ ᠪᠠᠬᠰᠢ ᠵᠢᠨ ᠬᠤᠪᠢ ᠬᠦᠮᠦᠨ᠎ᠤ ᠬᠦᠭᠵᠢᠯᠳᠡ ᠵᠢᠨ ᠵᠠᠢ᠍ᠢ᠍ᠯᠠᠰᠢ           ᠦᠭᠡᠢ ᠣᠷᠢᠳᠠᠯ ᠨᠦᠬᠦᠴᠡᠯ ᠪᠤᠯᠬᠤ᠎ᠪᠠᠷ ᠪᠠᠷᠠᠬᠣ ᠦᠭᠡᠢ ᠵᠢᠭ᠋ᠠᠨ ᠰᠣᠷᠭ᠋ᠠᠬᠣ ᠠᠵᠢᠯ᠎ᠤᠨ ᠬᠢᠨᠢ ᠭᠣᠣᠯᠳᠠᠯᠭ᠎ᠠ           ᠪᠤᠯᠤᠨ᠎ᠠ᠃ ᠶᠠᠭ᠋ᠠᠬᠢᠭ᠋ᠠᠳ ᠢᠩᠬᠢᠵᠦ ᠶᠠᠷᠢᠵᠦ ᠪᠠᠢ᠍ᠢ᠍ᠨ᠎ᠠ ᠪᠤᠢ ᠭᠡᠬᠦ᠎ᠪᠠᠷ᠂ ᠪᠠᠬᠰᠢ ᠬᠦᠮᠦᠨ᠎ᠤ ᠬᠠᠮᠤᠭ᠎ᠤᠨ ᠭᠣᠣᠯ ᠠᠵᠢᠯ ᠪᠤᠯ ᠪᠢᠴᠢᠭ ᠵᠢᠭ᠋ᠠᠵᠦ ᠬᠦᠮᠦᠨ᠎ᠢ ᠬᠦᠮᠦᠵᠢᠭᠦᠯᠬᠦ ᠠᠵᠢᠯ ᠪᠤᠯᠤᠨ᠎ᠠ᠃ ᠳᠠᠷᠣᠢ ᠪᠢᠴᠢᠭ ᠠ᠋ᠷᠳᠡᠮ᠎ᠢ ᠵᠢᠭ᠋ᠠᠬᠤ᠎ᠪᠠᠷ ᠳᠠᠮᠵᠢᠭᠤᠯᠤᠨ ᠰᠤᠷᠤᠭᠴᠢᠳ ᠵᠶ᠋ᠠᠨ ᠬᠦᠮᠦᠨ ᠪᠤᠯᠭ᠋ᠠᠨ ᠬᠦᠮᠦᠵᠢᠭᠦᠯᠦᠨ᠎ᠡ᠃ ᠪᠢᠴᠢᠭ ᠠ᠋ᠷᠳᠡᠮ ᠵᠢᠭ᠋ᠠᠵᠦ ᠪᠠᠢ᠍ᠢ᠍ᠭ᠎ᠠ ᠵᠢᠨ ᠬᠠᠮᠤᠭ᠎ᠤᠨ ᠡᠴᠦᠰ᠎ᠤᠨ ᠵᠤᠷᠢᠯᠭ᠎ᠠ᠎ᠨᠢ ᠵᠢᠭ᠋ᠠᠬᠤ ᠪᠢᠴᠢᠭ᠎ᠲᠤ ᠳᠣᠬᠢᠷᠠᠭᠣᠯᠣᠬᠰᠠᠨ ᠬᠢᠴᠢᠶᠡᠯ ᠪᠦᠬᠦᠨ᠎ᠢ ᠣᠷᠣᠰᠣᠮ᠎ᠠ ᠳᠣᠳᠣ ᠤᠩᠰᠢᠭᠣᠯᠣᠭ᠋ᠠᠳ᠂ ᠰᠡᠳᠦᠪ ᠪᠦᠬᠦᠨ᠎ᠢ ᠵᠦᠪ ᠣᠨᠣᠪᠴᠢᠳᠠᠢ ᠪᠤᠳᠣᠵᠦ ᠴᠢᠳᠠᠭᠣᠯᠣᠭ᠋ᠠᠳ ᠯᠠ ᠪᠤᠯᠴᠢᠬᠠᠬᠤ ᠪᠢᠰᠢ᠂ ᠬᠠᠷᠢᠨ ᠠ᠋ᠭᠦᠨ ᠵᠶ᠋ᠠᠷ ᠳᠠᠮᠵᠢᠨ ᠬᠡᠦᠬᠡᠳ ᠵᠶ᠋ᠠᠨ ᠬᠦᠮᠦᠨ ᠪᠤᠯᠭ᠋ᠠᠨ ᠬᠦᠮᠦᠵᠢᠭᠦᠯᠦᠨ᠎ᠡ᠂ ᠳᠡᠳᠡ ᠨᠠᠷ᠎ᠲᠤ ᠠᠮᠢᠳᠣᠷᠠᠬᠤ ᠵᠢᠨ ᠠᠷᠭ᠎ᠠ ᠣᠬᠠᠭ᠋ᠠᠨ᠎ᠢ ᠵᠢᠭ᠋ᠠᠨ᠎ᠠ᠂ ᠣᠷᠣᠰᠢᠨ ᠲᠤᠭᠳᠠᠨᠢᠬᠤ ᠵᠢᠨ ᠣᠷ᠎ᠠ ᠮᠡᠷᠭᠡᠰᠢᠯ᠎ᠢ ᠰᠣᠶᠣᠷᠬᠠᠬᠤ᠎ᠨᠢ ᠴᠢᠬᠤᠯᠠ᠎ᠠᠴᠠ ᠴᠢᠬᠤᠯᠠ ᠶᠤᠮ᠃ ᠦᠩᠭᠡᠷᠡᠭᠰᠡᠨ᠎ᠳᠤ ᠮᠠᠨ᠎ᠤ ᠡᠪᠦᠭᠡᠨ ᠪᠤᠭᠤᠷᠤᠯᠴᠣᠳ ᠳᠠᠩᠳᠠ 《ᠰᠣᠷᠭ᠋ᠠᠭᠣᠯᠢ ᠰᠣᠶᠣᠯ᠎ᠤᠨ ᠮᠦᠷ ᠵᠶ᠋ᠠᠨ ᠳᠣᠳᠠᠭᠣ ᠳᠣᠷᠭᠣᠨ ᠵᠤᠬᠰᠣᠵᠦ ᠪᠤᠯᠬᠤ ᠦᠭᠡᠢ᠂ ᠨᠤᠮ᠎ᠢ᠎ᠨᠢ ᠰᠣᠷᠬᠣ ᠦᠭᠡᠢ᠎ᠳᠤ ᠨᠤᠮᠤᠬᠠᠨ᠎ᠢ᠎ᠨᠢ ᠰᠣᠷᠬᠤ ᠦᠭᠡᠢ ᠦᠦ ᠳ᠋ᠠ》 ᠭᠡᠵᠦ ᠬᠠᠭᠣᠴᠢᠯᠠᠳᠠᠭ ᠪᠠᠢ᠍ᠢ᠍ᠬᠰᠠᠨ᠃ ᠡ᠊ᠨᠳᠡ ᠶᠠᠷᠢᠵᠦ ᠪᠠᠢ᠍ᠢ᠍ᠭ᠎ᠠ 《ᠨᠣᠮᠣᠬᠠᠨ》 ᠭᠡᠳᠡᠭ ᠳᠠᠷᠣᠢ ᠶᠤᠰᠣ ᠮᠣᠷᠠᠯ᠂ ᠬᠡᠪ ᠰᠣᠷᠳᠠᠯ᠎ᠢ ᠶᠠᠷᠢᠵᠦ ᠪᠠᠢ᠍ᠢ᠍ᠨ᠎ᠠ᠃ ᠲᠡᠭᠡᠪᠡᠯ ᠮᠢᠨᠦ ᠦᠵᠡᠬᠦ᠎ᠪᠠᠷ ᠨᠢᠭᠡᠨ ᠪᠣᠯᠪᠠᠰᠤᠨ ᠮᠤᠷᠠᠯ᠎ᠲᠠᠢ ᠪᠠᠭᠰᠢ ᠪᠤᠯᠵᠦ ᠬᠥᠮᠦᠵᠢᠭᠳᠡᠬᠦ᠎ᠳᠤ ᠠ᠋ᠩ ᠲᠡᠷᠢᠭᠦᠨ᠎ᠳᠤ ᠳᠠᠷᠠᠭ᠋ᠠᠬᠢ ᠬᠤᠶᠠᠷ ᠲᠠᠯ᠎ᠠ ᠵᠢ ᠠᠩᠬᠠᠷᠬᠤ ᠴᠢᠬᠤᠯᠠᠲᠠᠢ ᠪᠠᠢ᠍ᠢ᠍ᠨ᠎ᠠ᠃
      ᠨᠢᠭᠡ᠂ ᠰᠣᠷᠣᠬ᠍ᠴᠢᠳ᠎ᠲᠤ᠎ᠪᠠᠨ ᠳᠠᠭ᠋ᠠᠯᠠᠬᠳᠠᠬᠰᠠᠨ ᠪᠠᠬᠰᠢ ᠪᠤᠯᠬᠤ
      ᠦᠪᠡᠷ᠎ᠤᠨ ᠬᠦᠭᠡᠷᠦᠬᠦᠨ ᠴᠣᠪᠣᠭᠣᠯᠢᠭ ᠬᠡᠦᠬᠡᠳ᠎ᠲᠤ᠎ᠪᠠᠨ ᠳᠠᠭ᠋ᠠᠯᠠᠬᠳᠠᠬᠰᠠᠨ᠂ ᠪᠢᠰᠢᠷᠡᠭᠳᠡᠭᠰᠡᠨ᠂ ᠬᠦᠨᠳᠦᠳᠭᠡᠭᠳᠡᠭᠰᠡᠨ ᠪᠠᠬᠰᠢ ᠪᠤᠯᠤᠨ᠎ᠠ ᠭᠡᠳᠡᠭ ᠪᠤᠯ ᠪᠠᠬᠰᠢ ᠪᠤᠯᠤᠬᠰᠠᠨ ᠬᠦᠮᠦᠨ ᠪᠦᠬᠦᠳᠡ ᠵᠢᠨ ᠬᠠᠷᠠᠯᠳᠠ ᠪᠠᠢ᠍ᠢ᠍ᠵᠦ ᠳᠠᠭ᠋ᠠᠷᠠᠨ᠎ᠠ᠃ ᠳᠠᠷᠣᠢ ᠰᠣᠷᠣᠬ᠍ᠴᠢ ᠵᠢᠨ ᠵᠶ᠋ᠠᠨ ᠠᠩᠬᠠᠷᠣᠯ᠎ᠢ ᠳᠠᠳᠠᠬᠰᠠᠨ᠂ ᠰᠣᠷᠣᠬ᠍ᠴᠢᠳ᠎ᠲᠤ᠎ᠪᠠᠨ ᠰᠣᠷᠢᠨᠵᠢᠨ ᠲᠡᠮᠦᠷ ᠮᠡᠳᠦ ᠰᠣᠷᠣᠬᠳᠠᠬᠰᠠᠨ ᠪᠠᠬᠰᠢ ᠪᠤᠯᠬᠤ ᠬᠡᠷᠡᠭᠳᠡᠢ᠃ ᠳᠡᠭᠡᠪᠡᠯ ᠶᠠᠭᠣ᠎ᠪᠠᠷ ᠵᠶ᠋ᠠᠨ ᠳᠠᠳᠠᠬᠳᠠᠬᠤ ᠪᠤᠢ? ᠶᠠᠭᠣ᠎ᠪᠠᠷ ᠵᠶ᠋ᠠᠨ ᠰᠣᠷᠣᠬᠳᠠᠬᠣ ᠪᠤᠢ? ᠭᠠᠩᠭ᠋ᠠᠩ ᠭᠡᠭᠡᠨᠴᠢᠷ ᠭᠠᠳᠠᠷ ᠳᠦᠷᠬᠦ᠎ᠪᠠᠷ ᠵᠶ᠋ᠠᠨ ᠦᠦ? ᠪᠢᠰᠢ᠂ ᠬᠠᠷᠢᠨ ᠪᠠᠬᠰᠢ ᠦᠪᠡᠷ᠎ᠤᠨ ᠰᠢᠯᠢᠳᠡᠭ ᠰᠠᠢ᠍ᠢ᠍ᠨ ᠬᠡᠪ ᠪᠤᠯᠪᠠᠰᠣᠷᠠᠯ ᠵᠶ᠋ᠠᠷ ᠵᠶ᠋ᠠᠨ ᠪᠣᠰᠣᠳ᠎ᠢ ᠨᠦᠯᠦᠭᠡᠯᠡᠬᠦ ᠎ᠳᠤ ᠣᠷᠣᠰᠢᠨ᠎ᠠ᠃ ᠰᠢᠯᠢᠳᠡᠭ ᠰᠠᠢ᠍ᠢ᠍ᠨ ᠬᠡᠪ ᠪᠤᠯᠪᠠᠰᠣᠷᠠᠯ ᠬᠡᠬᠦ᠎ᠠᠴᠠ ᠪᠠᠬᠰᠢ ᠵᠢᠨ ᠦᠭᠡ ᠶᠠᠷᠢᠶ᠎ᠠ᠂ ᠦᠢ᠍ᠯᠡ ᠬᠦᠳᠡᠯᠦᠯ᠂ ᠵᠠᠩ ᠠᠷᠠᠨᠰᠢᠨ ᠴᠦᠮ ᠠ᠋ᠭᠦᠨ᠎ᠳᠤ ᠪᠠᠬᠳᠠᠵᠦ ᠪᠤᠯᠤᠨ᠎ᠠ᠃ ᠲᠡᠭᠡᠭᠦ ᠮᠦᠷᠳᠡᠭᠡᠨ ᠪᠠᠬᠰᠢ ᠬᠦᠮᠦᠨ᠎ᠤ ᠠ᠋ᠳᠦᠷ ᠳᠣᠳᠣᠮ᠎ᠤᠨ ᠵᠢᠵᠢᠭ ᠰᠠᠵᠢᠭ ᠬᠦᠳᠡᠯᠦᠯ ᠪᠠᠷᠢᠯ᠂ ᠦᠢ᠍ᠯᠡ ᠠᠵᠢᠯᠯᠠᠭ᠎ᠠ᠂ ᠦᠭᠡ ᠶᠠᠷᠢᠶ᠎ᠠ ᠵᠢᠴᠢ ᠬᠢᠴᠢᠶᠡᠯ᠎ᠤᠨ ᠳᠠᠩᠬᠢᠮ ᠠᠵᠢᠯᠯᠠᠭ᠎ᠠ ᠪᠦᠬᠦᠨ᠎ᠳᠤ ᠴᠦᠮ ᠰᠣᠷᠭ᠋ᠠᠨ ᠬᠦᠮᠦᠵᠢᠯ᠎ᠤᠨ ᠣᠬᠠᠭ᠋ᠠᠨ ᠬᠦᠨ᠎ᠠᠴᠠ ᠬᠦᠨ ᠳᠣᠳᠣ᠎ᠠᠴᠠ ᠳᠣᠳᠣ ᠨᠡᠪᠴᠢᠵᠦ ᠪᠠᠢ᠍ᠢ᠍ᠳᠠᠭ ᠪᠢᠯᠡ᠃ ᠠ᠋ᠢ᠍ᠢ᠍ᠮᠦ᠎ᠠᠴᠠ ᠪᠠᠬᠰᠢ ᠪᠤᠯᠤᠬᠰᠠᠨ ᠪᠢᠳᠡ ᠨᠠᠷ ᠠ᠋ᠩ᠎ᠤᠨ ᠴᠠᠭ᠎ᠤᠨ ᠠᠵᠢᠯ ᠰᠣᠷᠣᠯᠴᠠᠯᠭ᠎ᠠ ᠳᠣᠮᠳᠠ᠎ᠪᠠᠨ ᠦᠪᠡᠷ᠎ᠤᠨ ᠦᠢ᠍ᠯᠡ ᠠᠵᠢᠯᠯᠠᠭ᠎ᠠ᠂ ᠦᠭᠡ ᠶᠠᠷᠢᠶ᠎ᠠ᠎ᠪᠠᠨ ᠳᠦᠷᠢᠮᠵᠢᠭᠦᠯᠦᠨ ᠠ᠋ᠷᠭᠢᠨ ᠳᠣᠭᠣᠷᠢᠨ᠎ᠳᠠᠬᠢ ᠬᠦᠮᠦᠰ᠎ᠲᠤ᠎ᠪᠠᠨ ᠬᠡᠪ ᠳᠠᠭᠣᠷᠢᠶᠠᠯ ᠪᠣᠯᠬᠤ ᠭᠡᠷᠡᠭᠳᠡᠢ᠃ ᠳᠡᠭᠡᠪᠡᠯ ᠵᠢᠩᠬᠢᠨᠢ ᠪᠣᠰᠣᠳ᠎ᠤᠨ ᠬᠦᠷᠢᠶᠡᠯᠡᠯ᠎ᠢ ᠣᠯᠣᠬᠰᠠᠨ ᠰᠠᠢ᠍ᠢ᠍ᠨ ᠪᠠᠬᠰᠢ ᠪᠤᠯᠤᠶ᠎ᠠ ᠭᠡᠪᠡᠯ᠂ ᠳᠡᠭᠡᠷᠡᠬᠢ ᠬᠡᠳᠦᠨ ᠵᠦᠢ᠍ᠯ᠎ᠢ ᠠᠩᠬᠠᠷᠣᠭ᠋ᠠᠳ ᠯᠠ ᠭᠦᠢ᠍ᠴᠡᠬᠦ ᠪᠢᠰᠢ᠂ ᠬᠠᠷᠢᠨ ᠳᠡᠳᠡᠭᠡᠷ ᠬᠦᠮᠦᠨ᠎ᠤ ᠰᠡᠳᠬᠢᠯ᠎ᠢ ᠣᠯᠬᠤ ᠬᠡᠷᠡᠭᠳᠡᠢ᠂ ᠳᠡᠳᠡᠭᠡᠷ ᠬᠦᠮᠦᠨ᠎ᠲᠠᠢ ᠰᠡᠳᠬᠢᠯ ᠵᠶ᠋ᠠᠷ ᠵᠶ᠋ᠠᠨ ᠨᠠᠢ᠍ᠢ᠍ᠵᠢᠯᠠᠬᠤ ᠬᠡᠷᠡᠭᠳᠡᠢ᠂ ᠳᠡᠳᠡᠭᠡᠷ ᠬᠦᠮᠦᠨ᠎ᠢ ᠬᠦᠮᠦᠨ ᠴᠢᠨᠠᠷ ᠵᠶ᠋ᠠᠷ ᠵᠶ᠋ᠠᠨ ᠨᠦᠯᠦᠭᠡᠯᠡᠬᠦ ᠬᠡᠷᠡᠭᠳᠡᠢ᠃ ᠢᠩᠭᠢᠪᠡᠯ ᠰᠠᠶᠢ ᠨᠢᠭᠡᠨ ᠵᠢᠩᠬᠢᠨᠢ ᠪᠤᠰᠣᠳ᠎ᠲᠤ ᠬᠦᠨᠳᠦᠯᠡᠭᠳᠡᠭᠰᠡᠨ᠂ ᠪᠢᠰᠢᠷᠡᠭᠳᠡᠭᠰᠡᠨ ᠰᠠᠢ᠍ᠢ᠍ᠨ ᠪᠠᠬᠰᠢ ᠪᠤᠯᠵᠦ ᠴᠢᠳᠠᠨ᠎ᠠ᠃ ᠢᠩᠬᠢᠭᠡᠳ ᠪᠢᠳᠡ ᠨᠠᠷ ᠬᠡᠷᠪᠡ ᠦᠨᠡᠬᠡᠷ ᠰᠣᠷᠣᠬ᠍ᠴᠢ ᠪᠦᠬᠦᠨ᠎ᠤ᠎ᠪᠠᠨ ᠰᠡᠳᠬᠢᠯ᠎ᠳᠤ ᠳᠠᠭ᠋ᠠᠯᠠᠬᠳᠠᠬᠰᠠᠨ᠂ ᠰᠣᠷᠣᠬ᠍ᠴᠢ ᠪᠦᠬᠦᠨ᠎ᠳᠤ᠎ᠪᠠᠨ ᠪᠢᠰᠢᠷᠡᠭᠳᠡᠭᠰᠡᠨ᠂ ᠬᠦᠨᠳᠦᠯᠡᠭᠳᠡᠭᠰᠡᠨ ᠪᠠᠬᠰᠢ ᠪᠤᠯᠴᠢᠬᠠᠪᠠᠯ ᠮᠠᠨ᠎ᠤ ᠰᠣᠷᠭ᠋ᠠᠨ ᠬᠦᠮᠦᠵᠢᠯ᠎ᠤᠨ ᠠᠵᠢᠯ᠎ᠨᠢ ᠠᠩᠬᠠᠨ᠎ᠤ ᠠᠯᠬᠤᠮ ᠵᠶ᠋ᠠᠨ ᠠᠮᠵᠢᠯᠳᠠ᠎ᠲᠠᠢ ᠠᠯᠬᠤᠬᠰᠠᠨ ᠶᠠᠪᠤᠳᠠᠯ ᠪᠤᠯᠤᠨ᠎ᠠ᠃ ᠡ᠊ᠨᠡ ᠭᠦ᠌ ᠠᠩᠬᠠᠨ᠎ᠤ ᠠᠯᠬᠤᠮ᠎ᠢ ᠠᠮᠵᠢᠯᠳᠠ᠎ᠲᠠᠢ ᠠᠯᠬᠤᠭ᠋ᠠᠳ ᠴᠢᠳᠠᠴᠢᠬᠠᠪᠠᠯ ᠬᠤᠢ᠍ᠢ᠍ᠰᠢᠳᠡ ᠵᠢᠨ ᠵᠢᠭ᠋ᠠᠨ ᠰᠣᠷᠭ᠋ᠠᠯᠳᠠ ᠵᠢᠨ ᠠᠯᠢᠪᠠ ᠠᠵᠢᠯ ᠬᠢᠳᠡᠯ ᠲᠠᠨᠢ ᠢᠯᠭᠣᠮ ᠣᠷᠣᠬᠰᠢᠳᠠᠢ ᠪᠤᠯᠬᠤ᠎ᠪᠠᠷ ᠪᠠᠷᠠᠬᠤ ᠦᠭᠡᠢ ᠦᠶ᠎ᠡ ᠵᠢᠨ ᠦᠶ᠎ᠡ ᠬᠦᠮᠦᠵᠢᠭᠦᠯᠦᠨ ᠰᠣᠷᠭ᠋ᠠᠬᠰᠠᠨ ᠦᠷ᠎ᠡ ᠬᠤᠢ᠍ᠢ᠍ᠴᠢᠰ᠂ ᠰᠣᠷᠣᠬ᠍ᠴᠢᠳ ᠴᠢᠨᠢ ᠲᠠᠨ᠎ᠤ ᠠᠴᠢ ᠠ᠋ᠨᠡᠷᠢᠯ᠎ᠢ ᠴᠢᠨᠢ ᠦᠨᠢᠳᠡ ᠳᠤᠷᠠᠰᠬᠤ᠎ᠨᠢ ᠯᠠᠪᠳᠠᠢ ᠶᠤᠮ᠃
      ᠬᠣᠶᠠᠷ᠂ ᠠᠭᠤᠳᠠᠮ ᠪᠠᠭᠳᠠᠭ᠋ᠠᠮᠵᠢᠳᠠᠢ ᠪᠠᠭᠰᠢ ᠪᠤᠯᠬᠤ
       ᠠᠯᠳᠠᠨ ᠨᠠᠷᠠᠨ᠎ᠤ ᠠ᠋ᠶᠡᠪᠡᠷᠬᠦᠦ ᠳᠣᠶᠠᠭ᠎ᠠ ᠶᠢᠷᠳᠢᠨᠴᠦ ᠵᠢᠨ ᠠᠮᠢᠳᠠᠨ ᠪᠤᠳᠠᠰ ᠪᠦᠬᠦᠨ᠎ᠢ ᠬᠡᠷᠡᠯᠳᠦᠭᠦᠯᠦᠨ ᠬᠡᠢ᠍ᠢ᠍ᠭᠦᠯᠬᠦ᠎ᠲᠠᠢ ᠠᠳᠠᠯᠢ᠎ᠪᠠᠷ ᠬᠦᠮᠦᠨ ᠳᠦᠷᠦᠯᠬᠢᠳᠡᠨ᠎ᠤ ᠣᠶᠣᠨ᠎ᠤ ᠢᠨᠵᠸᠨ᠋ᠸᠷ ᠪᠤᠯᠤᠬᠰᠠᠨ ᠪᠠᠬᠰᠢ ᠨᠠᠷ ᠪᠢᠳᠡ ᠬᠠᠢ᠍ᠢ᠍ᠷ᠎ᠠ ᠠ᠋ᠨᠡᠷᠢᠯ ᠵᠶ᠋ᠠᠨ ᠰᠣᠷᠣᠬ᠍ᠴᠢ ᠪᠦᠬᠦᠨ᠎ᠳᠤ᠎ᠪᠠᠨ ᠠᠳᠠᠯᠢ ᠳᠡᠭᠰᠢ᠎ᠪᠠᠷ ᠢᠪᠡᠭᠡᠬᠦ ᠬᠡᠷᠡᠭᠳᠡᠢ᠃ ᠨᠡᠩ ᠢᠯᠠᠩᠭᠤᠶ᠎ᠠ ᠳᠡᠳᠡᠭᠡᠷ ᠣᠨᠴᠠᠭ᠋ᠠᠢ ᠰᠣᠷᠣᠬ᠍ᠴᠢ (ᠰᠣᠷᠤᠯᠭ᠎ᠠ᠎ᠳᠤ᠎ᠪᠠᠨ ᠬᠦᠴᠢᠷᠳᠡᠬᠦ ᠰᠣᠷᠣᠬ᠍ᠴᠢ᠂ ᠬᠡᠷ ᠪᠦᠯᠢ᠎ᠨᠢ ᠠᠰᠠᠭᠣᠳᠠᠯ᠎ᠲᠠᠢ ᠰᠣᠷᠣᠬ᠍ᠴᠢ᠂ ᠦᠨᠦᠴᠢᠨ ᠦᠷᠦᠭᠡᠰᠦᠨ ᠬᠡᠦᠬᠡᠳ᠂ ᠣᠶᠣᠨ᠎ᠤ ᠠᠷᠬᠠᠭ᠎ᠲᠠᠢ ᠬᠡᠦᠬᠡᠳ ᠵᠡᠷᠭᠡ)᠎ᠪᠠᠨ ᠪᠤᠰᠣᠳ ᠰᠣᠷᠣᠬ᠍ᠴᠢ᠎ᠲᠠᠢ᠎ᠪᠠᠨ ᠠᠳᠠᠯᠢ᠎ᠪᠠᠷ ᠬᠠᠢ᠍ᠢ᠍ᠷᠠᠯᠠᠬᠤ ᠵᠢ ᠣᠨᠴᠠ ᠠᠩᠬᠠᠷᠬᠤ ᠬᠡᠷᠡᠭᠳᠡᠢ᠃ 《ᠠᠳᠣᠭᠣᠨ᠎ᠤ ᠠᠯᠠᠭ ᠰᠠᠢ᠍ᠢ᠍ᠬᠠᠨ᠂ ᠠᠶᠠᠭ᠋ᠠᠨ᠎ᠤ ᠠᠯᠠᠭ ᠮᠠᠭᠣᠬᠠᠢ》 ᠭᠡᠳᠡᠭᠴᠢᠯᠡᠨ ᠰᠣᠷᠣᠬ᠍ᠴᠢ ᠪᠦᠬᠦᠨ᠎ᠳᠤ᠎ᠪᠠᠨ ᠠᠳᠠᠯᠢ ᠳᠡᠭᠰᠢ᠎ᠪᠠᠷ ᠬᠠᠨᠳᠣᠬᠣ ᠪᠤᠯ ᠪᠠᠬᠰᠢ ᠬᠦᠮᠦᠨ᠎ᠤ ᠵᠢᠷᠣᠮᠯᠠᠪᠠᠰᠦ ᠵᠤᠬᠢᠬᠤ ᠬᠡᠪ ᠰᠣᠷᠳᠠᠯ ᠪᠤᠯᠤᠨ᠎ᠠ᠃
      ᠳᠡᠭᠡᠷ᠎ᠡ ᠶᠠᠷᠢᠭᠰᠠᠨ᠎ᠠᠴᠠ ᠪᠢᠳᠡ ᠰᠣᠷᠭ᠋ᠠᠨ ᠬᠦᠮᠦᠵᠢᠯ ᠭᠡᠳᠡᠭ ᠪᠤᠯ ᠪᠢᠴᠢᠭ ᠵᠢᠭ᠋ᠠᠵᠦ ᠬᠦᠮᠦᠨ᠎ᠢ ᠬᠦᠮᠦᠵᠢᠭᠦᠯᠬᠦ᠎ᠪᠠᠷ ᠠᠵᠢᠯ᠎ᠤᠨ ᠵᠶ᠋ᠠᠨ ᠭᠣᠣᠯᠳᠠᠯᠭ᠎ᠠ᠎ᠪᠠᠨ ᠪᠤᠯᠭ᠋ᠠᠵᠦ ᠰᠣᠷᠣᠬ᠍ᠴᠢᠳ ᠎ᠲᠤ ᠠ᠋ᠷᠳᠡᠮ ᠮᠡᠳᠡᠯᠭᠡ ᠵᠢ ᠪᠠᠳᠣᠳᠠᠢ ᠡᠵᠡᠮᠰᠢᠭᠦᠯᠦᠨ ᠬᠥᠮᠦᠨ ᠪᠣᠯᠬᠤ᠎ᠳᠤ᠎ᠨᠢ ᠪᠠᠳᠦ ᠪᠡᠬᠢ ᠰᠠᠭᠤᠷᠢ ᠵᠢ ᠳᠠᠯᠪᠢᠬᠤ᠎ᠪᠠᠷ ᠠᠵᠢᠯ᠎ᠤᠨ ᠵᠶ᠋ᠠᠨ ᠴᠢᠭᠯᠡᠭᠦᠷ ᠪᠤᠯᠭ᠋ᠠᠬᠤ ᠬᠡᠷᠡᠭᠳᠡᠢ ᠭᠡᠳᠡᠭ᠎ᠢ ᠣᠯᠠᠮ ᠨᠢᠭᠡ ᠠᠯᠬᠤᠮ ᠭᠦᠨᠵᠡᠭᠡᠢ ᠣᠢ᠍ᠢ᠍ᠯᠠᠭ᠋ᠠᠵᠦ ᠮᠡᠳᠡᠵᠤ ᠪᠤᠯᠤᠨ᠎ᠠ᠃
      ᠰᠣᠷᠭ᠋ᠠᠭᠣᠯᠢ᠎ᠳᠤ ᠥᠨᠳᠦᠷ ᠰᠦᠷᠯᠢᠭ ᠠᠰᠠᠷ ᠳᠠᠬᠳᠦ ᠴᠢᠬᠤᠯᠠ ᠪᠢᠰᠢ᠂ ᠬᠠᠷᠢᠨ ᠳᠣᠢ᠍ᠢ᠍ᠯ᠎ᠤᠨ ᠠ᠋ᠭᠡᠯ ᠪᠤᠷᠤᠬ᠍ᠵᠢᠭᠣᠨ ᠪᠠᠷᠢᠯᠭ᠎ᠠ᠂ ᠠ᠋ᠶᠡᠪᠡᠷᠭᠦᠦ ᠨᠠᠮᠵᠢᠭᠤᠨ ᠰᠣᠷᠣᠯᠭ᠎ᠠ ᠵᠢᠨ ᠣᠷᠴᠢᠨ᠂ ᠦᠨᠳᠦᠷ ᠳᠦᠪᠰᠢᠨ ᠪᠦᠬᠦᠢ ᠠ᠋ᠷᠳᠡᠮᠳᠡᠨ ᠪᠠᠬᠰᠢ ᠨᠠᠷ ᠴᠢᠬᠣᠯᠠ᠎ᠠᠴᠠ ᠴᠢᠬᠤᠯᠠ᠂ ᠠ᠋ᠷᠬᠢᠮ᠎ᠠᠴᠠ ᠠ᠋ᠷᠬᠢᠮ ᠦᠨᠠᠳᠤ ᠨᠠᠨᠳᠢᠨ ᠦᠪ ᠬᠦᠷᠦᠩᠭᠡ           ᠮᠦᠨ᠃ ᠰᠣᠷᠭ᠋ᠠᠭᠣᠯᠢ᠎ᠳᠤ ᠪᠠᠬᠰᠢ ᠵᠢᠨ ᠰᠣᠷᠣᠯᠭ᠎ᠠ ᠵᠢᠨ ᠨᠠᠮᠳᠠᠷ᠂ ᠪᠠᠬᠰᠢᠷᠠᠬᠰᠠᠨ ᠣᠯᠠᠨ ᠦᠨᠡᠮᠯᠡᠯ᠎ᠤᠨ ᠳᠡᠪᠳᠡᠷ ᠳᠡᠢ᠍ᠢ᠍ᠮᠦ ᠴᠢᠬᠣᠯᠠ ᠪᠢᠰᠢ᠂ ᠬᠠᠷᠢᠨ ᠪᠠᠬᠰᠢ ᠵᠢᠨ ᠬᠢᠷᠢ ᠬᠡᠮ᠂ ᠬᠡᠪ ᠪᠤᠯᠪᠠᠰᠣᠷᠠᠯ ᠴᠢᠬᠤᠯᠠ᠂ ᠠᠵᠢᠯ ᠵᠶ᠋ᠠᠨ ᠭᠡᠰᠡᠨ ᠬᠠᠯᠠᠭᠤᠨ ᠰᠡᠳᠬᠢᠯᠭᠡ᠂ ᠦᠢ᠍ᠯᠡᠰ ᠵᠶ᠋ᠠᠨ ᠭᠡᠰᠡᠨ ᠬᠠᠷᠢᠭᠣᠴᠠᠯᠭ᠋ᠠᠳᠦ ᠤᠪᠣᠷ ᠬᠠᠮᠤᠭ᠎ᠠᠴᠠ ᠴᠢᠬᠤᠯᠠ ᠶᠤᠮ᠃
      ᠨᠢᠭᠡ ᠬᠦᠮᠦᠨ ᠰᠠᠢ᠍ᠢ᠍ᠨ ᠪᠠᠬᠰᠢ᠎ᠲᠠᠢ ᠳᠣᠬᠢᠶᠠᠯᠳᠣᠪᠠᠯ ᠨᠢᠭᠡ ᠨᠠᠰᠣᠨ᠎ᠤ ᠠᠵᠠ ᠵᠢᠷᠭ᠋ᠠᠯ᠂ ᠵᠤᠯ           ᠵᠠᠪᠰᠢᠶᠠᠨ᠃ ᠨᠢᠭᠡ ᠰᠣᠷᠭ᠋ᠠᠭᠣᠯᠢ᠎ᠨᠢ ᠰᠢᠯᠢᠳᠡᠭ ᠪᠠᠬᠰᠢ᠎ᠲᠠᠢ ᠪᠤᠯ ᠰᠣᠷᠭ᠋ᠠᠭᠣᠯᠢ ᠵᠢᠨ ᠦᠩᠭᠡ ᠭᠡᠷᠡᠯ᠂ ᠢᠷᠠᠭᠣ ᠠᠯᠳᠠᠷ᠃ ᠨᠢᠭᠡ ᠦᠨᠳᠦᠰᠦᠳᠡᠨ ᠣᠯᠠᠨ ᠣᠯᠠᠨ ᠰᠢᠯᠢᠳᠡᠭ ᠪᠠᠬᠰᠢ᠎ᠲᠠᠢ ᠪᠤᠯ ᠦᠨᠳᠦᠰᠦᠳᠡᠨ᠎ᠤ ᠢᠷᠡᠭᠡᠳᠦᠢ ᠭᠡᠭᠡᠨ ᠰᠠᠷᠠᠭᠤᠯ ᠪᠤᠯᠤᠨ᠎ᠠ᠃
      《ᠰᠤᠷᠭ᠋ᠠᠨ ᠬᠥᠮᠦᠵᠢᠯ》 ᠬᠡᠮᠡᠬᠦ ᠲᠣᠮᠤᠬᠠᠨ ᠠ᠋ᠩᠨᠡᠭᠡᠨ᠎ᠳᠤ ᠨᠢᠷᠤᠭᠤ ᠭᠡᠳᠠᠢ᠍ᠢ᠍ᠨ ᠵᠤᠬᠰᠣᠵᠦ ᠪᠠᠢ᠍ᠢ᠍ᠭ᠎ᠠ ᠪᠠᠭᠰᠢ ᠨᠠᠷ ᠪᠢᠳᠡ᠂ ᠠ᠋ᠷᠬᠢᠮ ᠦᠢ᠍ᠯᠡᠰ ᠵᠶ᠋ᠠᠨ ᠳᠡᠭᠡᠳᠦᠯᠡᠵᠦ ᠶᠠᠪᠤᠶ᠎ᠠ᠂ ᠡᠪᠡᠢ ᠬᠡᠦᠬᠡᠳ ᠵᠶ᠋ᠠᠨ ᠬᠠᠢ᠍ᠢ᠍ᠷᠠᠯᠠᠵᠦ ᠶᠠᠪᠤᠶ᠎ᠠ᠂ ᠠᠷᠠᠯ᠎ᠤᠨ ᠱᠠᠷ ᠰᠢᠬ ᠵᠢᠳᠭᠦᠵᠦ ᠶᠠᠪᠤᠶ᠎ᠠ᠂ ᠠᠯᠠᠭ ᠦᠭᠡᠢ ᠰᠡᠳᠭᠢᠯ ᠵᠶ᠋ᠠᠷ ᠴᠢᠷᠮᠠᠢ᠍ᠢ᠍ᠨ ᠠᠵᠢᠯᠯᠠᠵᠠᠭ᠋ᠠᠶ᠎ᠠ᠃
      ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠪᠠᠭ᠋ᠠᠷᠢᠨ ᠵᠡᠭᠦᠨ ᠬᠣᠰᠢᠭᠤᠨ᠎ᠤ 
                                ᠵᠢᠭ᠋ᠠᠬᠤ ᠵᠢ ᠰᠤᠳᠤᠯᠬᠤ ᠲᠥᠪ
                               (ᠠᠯᠳᠠᠨᠰᠦᠢ᠍ᠭᠡ ᠨᠠᠢ᠍ᠢ᠍ᠷᠠᠭᠤᠯᠪᠠ)


 

ᠢᠷᠡᠯᠲᠡ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠥᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠪᠠᠭᠰᠢ ᠬᠦᠮᠦᠨ᠎ᠤ ᠬᠡᠪ ᠲᠦᠷᠢ ᠵᠢ ᠪᠠᠳᠠᠷᠠᠭᠤᠯᠵᠤ ᠶᠠᠪᠤᠶ᠎ᠠ
ᠪᠦᠬᠦ ᠤᠷᠣᠨ᠎ᠤ ᠮᠤᠩᠭᠤᠯ ᠦᠨᠳᠦᠰᠦᠲᠡᠨ᠎ᠤ ᠳᠣᠮᠳᠠᠳᠦ ᠪᠠᠭ᠎ᠠ ᠰᠣᠷᠭ᠋ᠠᠭᠤᠯᠢ ᠵᠢᠨ ᠪᠠᠭᠰᠢ ᠵᠢᠨ ᠪᠣᠯᠪᠠᠰᠤᠷᠠᠯ᠎ᠠᠴᠠ ᠰᠡᠳᠭᠢᠭᠰᠡᠨ᠎ᠨᠢ
ᠵᠢᠭ᠋ᠠᠬᠤ ᠰᠤᠷᠬᠤ ᠰᠣᠳᠤᠯᠬᠤ ᠵᠢᠨ ᠤᠴᠢᠷᠯᠠᠯ
ᠪᠠᠭ᠎ᠠ ᠰᠣᠷᠭ᠋ᠠᠭᠤᠯᠢ ᠵᠢᠨ ᠲᠣᠭ᠋ᠠᠨ᠎ᠤ ᠣᠬᠠᠭ᠋ᠠᠨ᠎ᠤ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠬᠢᠴᠢᠶᠡᠯᠯᠡᠬᠦ ᠪᠣᠳᠠᠳᠣ ᠠᠷᠭ᠎ᠠ ᠪᠠᠷᠢᠯ᠎ᠤᠨ ᠲᠣᠷᠰᠢᠯᠭ᠎ᠠ ᠬᠤᠷᠠᠮᠳᠣᠭᠤᠯᠣᠯ
ᠮᠣᠩᠭᠤᠯ ᠵᠶ᠋ᠠᠷ ᠬᠢᠴᠢᠶᠡᠯᠯᠡᠬᠦ ᠪᠠᠭ᠎ᠠ ᠰᠤᠷᠭ᠋ᠠᠭᠤᠯᠢ ᠵᠢᠨ ᠬᠢᠴᠢᠶᠡᠯ ᠲᠦᠷᠦᠯ᠎ᠤᠨ ᠭᠣᠣᠯᠯᠠᠭᠴᠢ ᠪᠠᠭᠰᠢ ᠵᠢᠨ ᠲᠡᠭᠡᠳᠦ ᠵᠡᠷᠭᠡ ᠵᠢᠨ ᠪᠣᠯᠪᠠᠰᠤᠷᠠᠯ᠎ᠳᠤ ᠣᠷᠤᠯᠴᠠᠭᠰᠠᠨ ᠣᠯᠤᠯᠲᠠ ᠲᠦᠷᠦᠭᠳᠡᠯ
 
             蒙ICP备05000248号