ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠬᠡᠣᠬᠡᠳ᠎ᠤᠨ ᠪᠠᠶ᠎ᠡ ᠵᠢᠨ ᠲᠠᠮᠢᠷ᠎ᠤᠨ ᠲᠤᠭᠯᠠᠭ᠋ᠠᠮ᠎ᠤᠨ ᠲᠤᠬᠠᠢ ᠲᠦᠬᠦᠮ ᠦᠬᠦᠯᠡᠬᠦ᠎ᠨᠢ
ᠨᠡᠶ᠋ᠢᠲᠡᠯᠡᠭᠰᠡᠨ ᠴᠠᠭ᠄ 2020-04-10

                              ᠨᠠᠷᠠᠨᠬᠤᠸᠠᠷ


      ᠬᠡᠣᠬᠡᠳ᠎ᠤᠨ ᠴᠡᠴᠡᠷᠯᠢᠭ᠎ᠨᠢ ᠬᠡᠣᠬᠡᠳ᠎ᠢ ᠲᠤᠭᠯᠠᠭ᠋ᠠᠮ᠎ᠤᠨ ᠲᠤᠮᠳᠠ ᠰᠣᠷᠴᠣ ᠪᠤᠯᠪᠠᠰᠤᠷᠠᠭᠤᠯᠤᠨ ᠲᠡᠳᠡ ᠨᠡᠷ᠎ᠤᠨ ᠪᠠᠶ᠎ᠠ ᠰᠡᠳᠬᠢᠴᠡ ᠵᠢ ᠠ᠋ᠷᠡᠭᠦᠯ ᠮᠡᠨᠳᠤ᠎ᠪᠠᠷ ᠦᠰᠦᠨ ᠪᠤᠢ᠍ᠢ᠍ᠵᠢᠭᠤᠯᠳᠠᠬ᠃
      ᠨᠢᠭᠡ᠂ ᠪᠡᠶ᠎ᠡ ᠲᠠᠮᠢᠷ᠎ᠤᠨ ᠬᠦᠳᠡᠯᠬᠡᠬᠡᠨ᠎ᠤ ᠳᠠᠪᠬᠤᠷᠭ᠋ᠠᠳᠣ ᠬᠠᠷᠠᠯᠳᠠ ᠵᠢ ᠲᠤᠭᠳᠠᠭ᠋ᠠᠬᠤ
      ᠪᠠᠭ᠎ᠠ ᠠᠩᠬᠢ ᠵᠢᠨ ᠬᠡᠤᠬᠡᠳ᠎ᠤᠨ ᠠᠮᠢᠳᠣᠷᠠᠯ ᠵᠶ᠋ᠠᠨ ᠵᠠᠬᠢᠷᠬᠤ ᠴᠢᠳᠠᠪᠦᠷᠢ ᠪᠠ ᠪᠤᠯᠴᠢᠩ᠎ᠤᠨ ᠬᠦᠳᠡᠯᠬᠡᠬᠡᠨ᠎ᠤ ᠴᠢᠳᠠᠪᠦᠷᠢ᠎ᠨᠢ ᠨᠡᠯᠢᠶᠠᠳ ᠰᠠᠶ᠋ᠢᠨ ᠪᠠᠶ᠋ᠢᠪᠠᠯ᠂ ᠪᠠᠶ᠎ᠠ ᠵᠢᠨ ᠲᠠᠮᠢᠷ᠎ᠤᠨ ᠪᠠᠭ᠋ᠠᠵᠢ ᠬᠡᠷᠡᠭᠰᠡᠯ ᠪᠠ ᠨᠠᠭ᠋ᠠᠳᠣᠮ᠎ᠤᠨ ᠵᠤᠶ᠋ᠢᠯ ᠵᠶ᠋ᠠᠷ ᠲᠠᠳᠡ ᠨᠡᠷ᠎ᠤᠨ ᠥᠨᠳᠣᠰᠣᠨ ᠬᠦᠳᠡᠯᠤᠯ᠎ᠢ ᠬᠦᠭᠵᠢᠬᠡᠵᠤ ᠪᠤᠯᠤᠨ᠎ᠠ᠃ ᠲᠤᠤᠷᠠᠬᠢ ᠬᠡᠳᠣᠨ ᠲᠠᠯ᠎ᠠ᠎ᠪᠠᠷ ᠪᠦᠯᠦᠭ ᠨᠢᠬᠡᠪᠤᠷᠢ ᠵᠢᠨ ᠭᠤᠤᠯᠳᠠᠯᠭ᠎ᠠ᠎ᠲᠠᠢ ᠬᠠᠷᠠᠯᠳᠠ ᠪᠤᠯᠭ᠋ᠠᠨ᠎ᠠ᠃ ᠵᠢᠱ᠌ᠢᠶᠡᠯᠡᠪᠠᠯ᠄ ᠭᠠᠷ ᠬᠦᠯ ᠵᠶ᠋ᠠᠨ ᠵᠤᠬᠢᠴᠠᠭᠤᠯᠤᠨ ᠮᠤᠷᠤᠢ ᠵᠠᠮ ᠵᠶ᠋ᠠᠷ ᠶᠠᠪᠤᠬᠤ᠂ ᠬᠡᠣᠬᠡᠳ᠎ᠤᠨ ᠪᠠᠭ᠎ᠠ ᠲᠡᠷᠭᠡ ᠵᠢ ᠲᠦᠯᠬᠢᠵᠤ ᠬᠦᠶᠦᠬᠦ᠂ ᠭᠠᠭᠴᠠ᠎ᠪᠠᠷ ᠵᠶ᠋ᠠᠨ ᠪᠦᠮᠪᠦᠭᠡ ᠠᠯᠠᠭ᠋ᠠᠳᠠᠭ᠍ᠤ᠂ ᠪᠦᠮᠪᠦᠭᠡ ᠥᠡᠭᠭᠦᠷᠢᠭᠦᠯᠵᠤ ᠴᠢᠳᠠᠭ᠍ᠤ᠂ ᠭᠤᠯᠭᠤᠭᠤᠷ ᠱᠠᠳᠣᠨ ᠳᠡᠭᠡᠷ᠎ᠡ ᠨᠠᠭ᠋ᠠᠳᠴᠤ ᠴᠢᠳᠠᠭ᠍ᠤ ᠵᠡᠷᠬᠡ᠃
      ᠲᠤᠮᠳᠠ ᠠᠩᠬᠢ ᠵᠢᠨ ᠬᠡᠣᠬᠡᠳ᠎ᠲᠤ ᠠᠪᠴᠣ ᠬᠡᠯᠡᠪᠠᠯ ᠲᠦᠪ ᠮᠡᠳᠡᠷᠡᠯ᠎ᠤᠨ ᠰᠢᠰᠲᠸᠮ ᠪᠠ ᠰᠠᠷᠡᠭᠦᠢ ᠮᠡᠳᠡᠷᠡᠯ᠎ᠤᠨ ᠰᠢᠰᠲᠸᠮ᠎ᠤᠨ ᠠᠵᠢᠯᠯᠠᠭ᠋ᠠᠨ᠎ᠤ ᠬᠦᠭᠵᠢᠯᠳᠡ ᠬᠠᠮᠤᠭ ᠴᠢᠬᠤᠯᠠ ᠴᠠᠭ ᠥᠶ᠎ᠡ᠎ᠳᠤ᠎ᠪᠠᠨ ᠪᠠᠶ᠋ᠢᠵᠤ᠂ ᠲᠡᠳᠡ ᠨᠡᠷ᠎ᠤᠨ ᠬᠦᠳᠡᠯᠬᠡᠬᠡᠨ᠎ᠤ ᠴᠢᠳᠠᠪᠬᠢ ᠵᠢ ᠬᠦᠭᠵᠢᠬᠦᠯᠬᠦ᠎ᠪᠠᠷ ᠭᠤᠤᠯ ᠬᠠᠷᠠᠯᠳᠠ᠎ᠪᠠᠨ ᠪᠤᠯᠭ᠋ᠠᠵᠤ ᠪᠤᠯᠤᠨ᠎ᠠ᠃ ᠵᠢᠱ᠌ᠢᠶᠡᠯᠡᠪᠠᠯ᠄ ᠳᠤᠬᠢᠶ᠎ᠠ᠎ᠪᠠᠷ ᠬᠦᠶᠦᠬᠦ ᠥᠰᠦᠷᠬᠦ ᠬᠦᠳᠡᠯᠣᠯ᠎ᠤᠨ ᠬᠤᠷᠳᠣᠴᠠ ᠵᠢ ᠠᠨᠭ᠌ᠬᠠᠷᠤᠨ᠂ ᠦᠷᠦᠭᠡᠰᠦᠨ ᠬᠦᠯ ᠵᠶ᠋ᠠᠷ ᠵᠶ᠋ᠠᠨ ᠥᠰᠣᠷᠭᠦ᠂ ᠭᠤᠮ ᠪᠦᠮᠪᠦᠭᠡ ᠨᠠᠭ᠋ᠠᠳᠴᠣ ᠰᠣᠷᠬᠤ᠂ ᠪᠦᠮᠪᠦᠭᠡ ᠠᠯᠠᠭ᠋ᠠᠳᠠᠭ᠍ᠤ᠂ ᠪᠦᠮᠪᠦᠭᠡ ᠲᠣᠰᠬᠤ᠂ ᠪᠦᠮᠪᠦᠭᠡ ᠢᠰᠬᠦᠯᠬᠦ᠂ ᠪᠦᠮᠪᠦᠭᠡ ᠥᠡᠭᠬᠦᠷᠢᠭᠦᠯᠬᠦ ᠵᠡᠷᠬᠡ ᠭᠦᠳᠠᠯᠭᠡᠭᠡᠨ᠎ᠢ ᠬᠢᠯᠭᠡᠵᠦ ᠪᠤᠯᠤᠨ᠎ᠠ᠃
      ᠶᠡᠭᠡ ᠠᠩᠬᠢ ᠵᠢᠨ ᠬᠡᠣᠬᠡᠳ᠎ᠤᠨ ᠪᠠᠶ᠎ᠠ ᠰᠡᠳᠬᠢᠴᠡ ᠵᠢᠨ ᠬᠦᠭᠵᠢᠯᠳᠡ ᠨᠡᠯᠢᠶᠠᠳ ᠲᠤᠭᠳᠠᠭᠤᠨ ᠪᠠᠶ᠋ᠢᠵᠤ᠂ ᠠᠵᠢᠯᠯᠠᠭ᠋ᠠᠨ᠎ᠤ ᠴᠢᠳᠠᠪᠬᠢ᠎ᠨᠢ ᠲᠦᠷᠬᠡᠨ ᠬᠦᠭᠵᠢᠵᠤ ᠪᠠᠶ᠋ᠢᠭ᠎ᠠ ᠴᠠᠭ ᠬᠤᠭᠤᠴᠠᠭ᠎ᠠ᠎ᠳᠤ ᠪᠠᠢ᠍ᠢ᠍ᠬᠤ ᠵᠢ ᠠᠨᠭ᠌ᠬᠠᠷᠤᠨ᠎ᠠ᠃ ᠵᠢᠱ᠌ᠢᠶᠡᠯᠡᠪᠠᠯ᠄ ᠳᠡᠭᠡᠰᠣ ᠪᠠ ᠰᠣᠨᠳᠠᠭ ᠥᠰᠣᠷᠴᠣ ᠴᠢᠳᠠᠭ᠍ᠤ᠂ ᠰᠢᠷᠭᠤᠵᠤ ᠮᠥᠯᠬᠦᠬᠦ᠂ ᠠᠪᠠᠷᠢᠬᠤ᠂ ᠥᠨᠳᠣᠷ ᠳᠡᠭᠳᠡᠷ ᠳᠡᠭᠡᠷ᠎ᠡ ᠭᠠᠷᠬᠤ᠂ ᠰᠠᠭᠰᠣᠨ ᠪᠦᠮᠪᠦᠭᠡ ᠲᠤᠭᠯᠠᠬᠤ᠂ ᠫᠢᠨᠭ᠌ᠫᠠᠩ ᠪᠦᠮᠪᠦᠭᠡ ᠨᠠᠭ᠋ᠠᠳᠬᠤ᠂ ᠲᠡᠪᠡᠭ ᠢᠰᠬᠦᠯᠬᠦ ᠵᠡᠷᠬᠡ ᠠᠵᠢᠯᠯᠠᠭ᠋ᠠᠨ᠎ᠢ ᠦᠷᠨᠢᠭᠦᠯᠵᠦ ᠪᠤᠯᠤᠨ᠎ᠠ᠃
      ᠬᠤᠶᠠᠷ᠂ ᠬᠦᠳᠡᠯᠤᠯ᠎ᠤᠨ ᠥᠨᠳᠣᠰᠣᠨ ᠠᠭᠤᠯᠭ᠎ᠠ ᠵᠢ ᠥᠨᠳᠣᠰᠣᠯᠡᠵᠤ ᠲᠤᠭᠯᠠᠭ᠋ᠠᠮ᠎ᠤᠨ ᠬᠦᠳᠡᠯᠬᠡᠬᠡᠨ᠎ᠢ ᠥᠷᠨᠢᠬᠦᠯᠬᠦ
      ᠪᠠᠶ᠎ᠠ ᠲᠠᠮᠢᠷ᠎ᠤᠨ ᠬᠦᠳᠡᠯᠬᠡᠬᠡᠨ᠎ᠤ ᠳᠠᠪᠬᠤᠷᠭ᠋ᠠᠳᠣ ᠬᠠᠷᠠᠯᠳᠠ ᠵᠢ ᠥᠨᠳᠣᠰᠣᠯᠠᠵᠣ ᠪᠢᠳᠠ ᠭᠤᠷᠪᠠᠨ ᠵᠤᠶ᠋ᠢᠯ᠎ᠤᠨ ᠪᠠᠶ᠎ᠠ ᠲᠠᠮᠢᠷ᠎ᠤᠨ ᠲᠤᠭᠯᠠᠭ᠋ᠠᠮ᠎ᠢ ᠲᠦᠰᠦᠪᠯᠡᠨ ᠭᠠᠷᠭ᠋ᠠᠪᠠ᠃
     1. ᠭᠠᠭᠴᠠ ᠲᠦᠷᠦᠯ ᠵᠶ᠋ᠠᠷ ᠪᠤᠯᠪᠠᠰᠣᠷᠠᠭ᠍ᠤ ᠪᠠᠭ᠎ᠠ ᠲᠤᠭᠯᠠᠭ᠋ᠠᠮ
      ᠪᠠᠭ᠎ᠠ ᠠᠩᠬᠢ ᠵᠢᠨ ᠬᠡᠣᠬᠡᠳ ᠬᠤᠶᠠᠷ ᠬᠦᠯ ᠵᠶ᠋ᠠᠷ ᠵᠶ᠋ᠠᠨ ᠵᠡᠷᠬᠡ᠎ᠪᠠᠷ ᠥᠬᠡᠳᠡ ᠥᠰᠤᠷᠬᠦ ᠪᠤᠯᠪᠠᠰᠣᠷᠠᠯ᠎ᠢ ᠪᠢᠳᠠ 《ᠮᠤᠤᠷ ᠠ᠋ᠷᠪᠡᠭᠡᠢ ᠪᠠᠷᠢᠬᠤ》 ᠬᠡᠵᠤ ᠲᠦᠷᠰᠣᠯᠡᠳᠡᠭ᠃ ᠪᠠᠭᠰᠢ ᠴᠠᠭ᠋ᠠᠰᠣ᠎ᠪᠠᠷ 《ᠠ᠋ᠷᠪᠡᠬᠡᠢ》 ᠡᠪᠬᠡᠵᠤ᠂ ᠬᠡᠣᠬᠡᠳ᠎ᠤᠨ ᠲᠣᠯᠣᠭ᠋ᠠᠢ ᠳᠡᠭᠡᠷ᠎ᠡ ᠲᠠᠯᠪᠢᠵᠤ᠂ ᠬᠡᠣᠬᠡᠳ ᠨᠢᠬᠡ ᠨᠢᠬᠡ᠎ᠪᠠᠷ ᠵᠶ᠋ᠠᠨ ᠠ᠋ᠷᠪᠡᠬᠡᠢ ᠪᠠᠷᠢᠬᠤ ᠬᠡᠵᠤ ᠨᠠᠭ᠋ᠠᠳᠳᠠᠭ᠃ ᠲᠤᠰ ᠲᠤᠭᠯᠠᠭ᠋ᠠᠮ ᠵᠶ᠋ᠠᠷ ᠳᠠᠮᠵᠢᠵᠤ ᠬᠡᠣᠬᠡᠳ᠎ᠤᠳ ᠵᠤᠷᠢᠭᠲᠠᠢ ᠠᠵᠢᠯᠯᠠᠭ᠋ᠠᠨ᠎ᠤ ᠬᠦᠳᠡᠯᠤᠯ᠎ᠤᠨ ᠥᠨᠳᠣᠰᠣᠨ ᠵᠢᠮ᠎ᠡ ᠶᠤᠰᠤ ᠵᠢ ᠡᠵᠡᠮᠰᠢᠵᠤ ᠴᠢᠳᠠᠳᠠᠭ᠃ ᠪᠠᠰᠠ ᠵᠢᠱ᠌ᠢᠶᠡᠯᠡᠪᠠᠯ᠄ 《ᠬᠦᠳᠡᠭᠡ᠎ᠪᠠᠷ ᠵᠤᠭ᠋ᠠᠴᠠᠭ᠍ᠤ》 ᠠᠶᠠᠯᠠᠯ᠎ᠳᠤ ᠬᠡᠣᠬᠡᠳ ᠲᠤᠬᠢᠶ᠎ᠠ ᠰᠣᠨᠣᠰᠴᠣ ᠬᠦᠶᠦᠳᠠᠯ ᠵᠶ᠋ᠠᠨ ᠳᠠᠭ᠋ᠠᠷᠠᠭᠤᠯᠬᠤ᠂ ᠬᠤᠨᠭ᠌ᠬᠤᠳᠤ ᠬᠡᠨᠭᠬᠡᠷᠬᠡ ᠵᠢᠨ ᠳᠠᠭᠤᠨ ᠳᠤᠮᠳᠠ ᠡᠯ᠎ᠡ ᠵᠤᠶ᠋ᠢᠯ᠎ᠤᠨ ᠬᠤᠷᠳᠤᠴᠠ᠎ᠪᠠᠷ ᠠᠯᠬᠤᠬᠤ᠂ ᠬᠦᠶᠦᠬᠦ᠂ ᠲᠤᠩᠭᠤᠷᠴᠣ ᠠᠯᠬᠤᠬᠤ ᠵᠡᠷᠬᠡ᠂ ᠲᠤᠬᠢᠶᠠᠨ ᠲᠠᠭᠤ᠎ᠪᠠᠷ ᠴᠡᠴᠡᠭ ᠲᠡᠭᠦᠭᠦ᠂ ᠥᠷᠦᠮ᠎ᠡ ᠬᠤᠯᠠᠭ᠋ᠠᠶ᠋ᠢᠴᠢ ᠪᠠᠷᠢᠬᠤ ᠵᠡᠷᠭᠡ᠃ ᠠ᠋ᠳᠡᠭᠡᠷ ᠲᠤᠭᠯᠠᠭ᠋ᠠᠮ᠎ᠨᠢ ᠰᠡᠳᠬᠢᠬᠦᠢ᠂ ᠰᠣᠨᠣᠷ ᠬᠠᠷᠠᠭ᠎ᠠ ᠪᠠ ᠬᠦᠳᠡᠯᠤᠯ᠎ᠤᠨ ᠨᠢᠬᠡᠳᠣᠮᠡᠯ ᠴᠢᠨᠠᠷ᠎ᠢ ᠵᠤᠬᠢᠴᠠᠭᠤᠯᠬᠤ ᠵᠢᠨ ᠬᠠᠮᠳᠣ ᠬᠡᠣᠬᠡᠳ᠎ᠤᠨ ᠴᠢᠳᠠᠪᠤᠷᠢ ᠵᠡᠷᠭᠡ ᠵᠢ ᠪᠤᠯᠪᠠᠰᠣᠷᠠᠭᠤᠯᠤᠭᠰᠠᠨ ᠪᠠᠶ᠋ᠢᠨ᠎ᠠ᠃
     2. ᠠᠳᠠᠯᠢ ᠠᠭᠤᠯᠭ᠎ᠠ᠎ᠲᠠᠢ ᠳᠤᠭᠤᠶ᠋ᠢᠯᠠᠩ᠎ᠤᠨ ᠲᠤᠭᠯᠠᠭ᠋ᠠᠮ
      ᠠᠳᠠᠯᠢ ᠠᠭᠤᠯᠭ᠎ᠠ᠎ᠲᠠᠢ᠂ ᠠᠳᠠᠯᠢ ᠪᠣᠰᠣ ᠱᠠᠭ᠋ᠠᠷᠳᠠᠯᠭ᠎ᠠ᠎ᠲᠠᠢ ᠲᠤᠭᠯᠠᠭ᠋ᠠᠮ ᠵᠤᠬᠢᠶᠠᠨ᠎ᠠ᠃ ᠳᠤᠮᠳᠠ ᠠᠩᠭᠢ ᠵᠢᠨ ᠭᠡᠤᠭᠡᠳ ᠬᠤᠶᠠᠷ ᠭᠦᠯ ᠵᠶ᠋ᠠᠷ ᠵᠶ᠋ᠠᠨ ᠰᠢᠯᠤᠭᠤᠨ ᠱᠤᠭᠤᠮ᠎ᠤᠨ ᠬᠤᠶᠠᠷ ᠲᠠᠯ᠎ᠠ᠎ᠪᠠᠷ ᠦᠰᠤᠷᠴᠤ ᠪᠤᠯᠪᠠᠰᠤᠷᠠᠬᠤ᠎ᠳᠤ ᠪᠢᠳᠠ ᠲᠠᠪᠤᠨ ᠪᠠᠭ᠎ᠠ ᠲᠤᠭᠯᠠᠭ᠋ᠠᠮ᠎ᠢ ᠱᠠᠳᠤ ᠱᠠᠳᠤ᠎ᠪᠠᠷ ᠲᠦᠰᠤᠪᠯᠠᠨ ᠭᠠᠷᠭ᠋ᠠᠵᠠᠢ᠃ ᠵᠢᠱ᠌ᠢᠶᠠᠯᠠᠪᠠᠯ᠄
      ᠨᠢᠭᠡᠳᠤᠭᠡᠷ ᠲᠤᠭᠯᠠᠭ᠋ᠠᠮ᠂ 《ᠲᠠᠤᠯᠠᠢ ᠭᠡᠷ᠎ᠲᠤ᠎ᠪᠠᠨ ᠬᠠᠷᠢᠬᠤ》᠃ ᠱᠠᠭ᠋ᠠᠷᠳᠠᠯᠭ᠎ᠠ᠎ᠨᠢ᠄ ᠰᠢᠯᠤᠭᠤᠨ ᠱᠤᠭᠤᠮ᠎ᠤᠨ ᠬᠤᠶᠠᠷ ᠲᠠᠯ᠎ᠠ᠎ᠪᠠᠷ ᠦᠰᠤᠷᠭᠦ᠃
      ᠬᠤᠶᠠᠳᠤᠭ᠋ᠠᠷ ᠲᠤᠭᠯᠠᠭ᠋ᠠᠮ᠂ 《ᠪᠠᠴᠢᠨ ᠭᠤᠸᠨ ᠲᠠᠷᠢᠬᠤ》᠃ ᠱᠠᠭ᠋ᠠᠷᠳᠠᠯᠭ᠎ᠠ᠎ᠨᠢ᠄ 40 ᠰᠡᠨᠲ᠋ᠢᠮᠸᠲᠷ᠎ᠤᠨ ᠴᠠᠭ᠋ᠠᠷᠢᠭ ᠲᠤᠲᠤᠷ᠎ᠠ ᠪᠦᠮᠪᠦᠭᠡ ᠠᠯᠠᠭ᠋ᠠᠳᠠᠬᠤ᠃
      ᠭᠤᠷᠪᠠᠳᠤᠭ᠋ᠠᠷ ᠲᠤᠭᠯᠠᠭ᠋ᠠᠮ᠂ 《ᠢᠮᠠᠭ᠎ᠠ ᠭᠤᠤᠯ ᠵᠶ᠋ᠠᠷ ᠭᠠᠷᠬᠤ》᠃ ᠱᠠᠭ᠋ᠠᠷᠳᠠᠯᠭ᠎ᠠ᠎ᠨᠢ᠄ 40 ᠰᠡᠨᠲ᠋ᠢᠮᠸᠲᠷ ᠵᠡᠢ᠎ᠲᠠᠢ ᠬᠤᠶᠠᠷ ᠱᠤᠭᠤᠮ᠎ᠤᠨ ᠭᠠᠳᠠᠨ᠎ᠠ ᠨᠠᠭ᠋ᠠᠰᠢ ᠴᠠᠭ᠋ᠠᠰᠢ ᠦᠰᠤᠷᠭᠦ᠃
      ᠲᠦᠷᠪᠡᠳᠤᠭᠡᠷ ᠲᠤᠭᠯᠠᠭ᠋ᠠᠮ᠂ 《ᠬᠤᠯᠤᠭ᠋ᠠᠨ᠎ᠠ ᠰᠡᠤᠭᠡ ᠲᠠᠮᠨᠠᠭ᠍ᠤ》᠃ ᠱᠠᠭ᠋ᠠᠷᠳᠠᠯᠭ᠎ᠠ᠎ᠨᠢ᠄ ᠭᠠᠭᠴᠨ ᠭᠦᠯ ᠵᠶ᠋ᠠᠷ ᠵᠶ᠋ᠠᠨ ᠨᠠᠭ᠋ᠠᠰᠢ ᠴᠠᠭ᠋ᠠᠰᠢ ᠦᠰᠤᠷᠭᠦ᠃
      ᠲᠠᠪᠤᠳᠤᠭ᠋ᠠᠷ ᠲᠤᠭᠯᠠᠭ᠋ᠠᠮ᠂ 《ᠶᠠᠪᠠᠭ᠋ᠠᠨ ᠭᠠᠯᠠᠭᠤ ᠭᠤᠤᠯ ᠭᠠᠳᠤᠯᠬᠤ》᠃ ᠱᠠᠭ᠋ᠠᠷᠳᠠᠯᠭ᠎ᠠ᠎ᠨᠢ᠄ ᠬᠤᠶᠠᠷ ᠭᠦᠯ ᠵᠶ᠋ᠠᠷ ᠵᠶ᠋ᠠᠨ ᠮᠤᠷᠤᠢ ᠱᠤᠭᠤᠮ ᠲᠡᠭᠡᠭᠦᠷ ᠨᠠᠭ᠋ᠠᠰᠢ ᠴᠠᠭ᠋ᠠᠰᠢ ᠲᠦᠷᠭᠡᠨ ᠦᠰᠤᠷᠭᠦ᠃
      ᠠ᠋ᠳᠡᠭᠡᠷ ᠲᠤᠭᠯᠠᠭ᠋ᠠᠮ᠎ᠨᠢ ᠭᠡᠤᠭᠡᠳ᠎ᠤᠨ ᠲᠤᠭᠯᠠᠨ ᠰᠤᠷᠤᠯᠴᠠᠭ᠍ᠤ ᠤᠷᠮ᠎ᠠ ᠵᠤᠷᠢᠭ᠎ᠢ ᠤᠷᠮᠡᠰᠢᠭᠤᠯᠬᠤ ᠵᠢᠨ ᠬᠠᠮᠲᠤ ᠲᠡᠳᠡ ᠨᠡᠷ᠎ᠤᠨ ᠠᠳᠠᠯᠢ ᠪᠤᠰᠤ ᠪᠠᠶ᠋ᠢᠳᠠᠯ᠎ᠤᠨ ᠲᠤᠤᠷ᠎ᠠ ᠭᠦᠳᠡᠯᠤᠯ ᠵᠶ᠋ᠠᠨ ᠶᠠᠭ᠋ᠠᠭᠢᠵᠤ ᠵᠤᠭᠢᠴᠠᠭᠤᠯᠬᠤ ᠴᠢᠳᠠᠪᠤᠷᠢ ᠵᠢ ᠤᠯᠠᠮ ᠪᠤᠯᠪᠠᠰᠤᠷᠠᠭᠤᠯᠤᠭᠰᠠᠨ ᠪᠠᠶ᠋ᠢᠨ᠎ᠠ᠃
     3. ᠶᠡᠷᠤᠩᠭᠡᠢ ᠪᠤᠯᠪᠠᠰᠤᠷᠠᠯ᠎ᠤᠨ ᠴᠢᠨᠠᠷᠳᠠᠢ ᠲᠤᠭᠯᠠᠭ᠋ᠠᠮ
      ᠭᠡᠤᠭᠡᠳ᠎ᠤᠨ ᠪᠡᠶ᠎ᠠ ᠮᠠᠭ᠍ᠠᠪᠤᠤᠨ᠎ᠢ ᠪᠦᠭᠦ ᠲᠠᠯ᠎ᠠ᠎ᠪᠠᠷ ᠪᠤᠯᠪᠠᠰᠤᠷᠠᠭᠤᠯᠵᠤ᠂ ᠲᠡᠳᠡᠨᠡᠷ᠎ᠤᠨ ᠭᠦᠳᠡᠯᠤᠯ᠎ᠢ ᠲᠡᠩᠴᠡᠭᠦᠷᠢᠲᠡᠢ ᠭᠦᠭᠵᠢᠭᠦᠯᠭᠦ ᠵᠢᠨ ᠲᠦᠯᠤᠭᠡ ᠵᠢᠭ᠋ᠠᠨ ᠰᠤᠷᠭ᠋ᠠᠬᠤ ᠬᠠᠷᠠᠯᠲᠡ᠎ᠪᠠᠷ ᠠᠭᠤᠯᠭ᠎ᠠ ᠪᠤᠯᠭ᠋ᠠᠭᠰᠠᠨ ᠶᠡᠷᠤᠩᠭᠡᠢ ᠪᠤᠯᠪᠠᠰᠤᠷᠠᠯ᠎ᠤᠨ ᠶᠡᠭᠡ ᠨᠠᠭ᠋ᠠᠳᠤᠮ᠎ᠢ ᠲᠦᠰᠦᠪᠯᠡᠨ ᠭᠠᠷᠭ᠋ᠠᠵᠤ᠂ ᠰᠤᠷᠤᠯᠴᠡᠵᠤ ᠦᠩᠭᠡᠷᠡᠭᠰᠡᠨ ᠦᠨᠳᠤᠰᠤᠨ ᠭᠦᠳᠡᠯᠤᠯ ᠵᠶ᠋ᠠᠨ ᠪᠠᠭᠢᠵᠢᠭᠦᠯᠵᠤ᠂ ᠲᠤᠭᠯᠠᠭ᠋ᠠᠮ᠎ᠤᠨ ᠭᠦᠳᠡᠯᠤᠩᠭᠦᠢ ᠴᠢᠨᠠᠷ ᠪᠠ ᠪᠦᠷᠢᠨ ᠲᠡᠭᠦᠯᠳᠡᠷ ᠴᠢᠨᠡᠷ᠎ᠢ ᠴᠢᠩᠭ᠋ᠠᠳᠬᠠᠨ᠂ ᠠᠵᠢᠯᠯᠠᠭ᠋ᠠᠨ᠎ᠤ ᠭᠡᠮ᠎ᠢ᠎ᠨᠢ ᠪᠠᠲᠤᠯᠠᠭᠰᠠᠨ ᠪᠠᠶ᠋ᠢᠨ᠎ᠠ᠃
      ᠶᠡᠷᠤᠩᠭᠡᠢ ᠪᠤᠯᠪᠠᠰᠤᠷᠠᠯ᠎ᠤᠨ ᠴᠢᠨᠠᠷᠳᠠᠢ ᠲᠤᠭᠯᠠᠭ᠋ᠠᠮ᠎ᠨᠢ ᠭᠡᠳᠤᠨ ᠪᠠᠭ᠎ᠠ ᠲᠤᠭᠯᠠᠭ᠋ᠠᠮ ᠵᠶ᠋ᠠᠷ ᠪᠦᠷᠢᠯᠳᠤᠵᠠᠢ᠃ ᠵᠢᠱ᠌ᠢᠶᠠᠯᠠᠪᠠᠯ᠄ ᠪᠠᠭ᠎ᠠ ᠠᠩᠭᠢ ᠵᠢᠨ 《ᠵᠢᠮᠢᠰ ᠲᠡᠭᠦᠭᠦ》 ᠶᠡᠷᠤᠩᠭᠡᠢ ᠪᠤᠯᠪᠠᠰᠤᠷᠠᠯ᠎ᠳᠤ ᠠᠯᠬᠤᠬᠤ᠂ ᠭᠦᠶᠦᠭᠦ᠂ ᠦᠰᠤᠷᠭᠦ ᠭᠦᠳᠡᠯᠤᠯ ᠲᠤᠮᠳᠡ ᠪᠦᠮᠪᠦᠭᠡ ᠦᠩᠭᠦᠷᠢᠭᠦᠯᠭᠦ᠂ ᠪᠦᠮᠪᠦᠭᠡ ᠠᠯᠠᠭ᠋ᠠᠳᠠᠵᠤ ᠤᠷᠤᠭᠤᠯᠬᠤ ᠵᠡᠷᠭᠡ ᠭᠦᠳᠠᠯᠦᠯ᠎ᠢ ᠤᠷᠤᠭᠤᠯᠵᠠᠢ᠃
      ᠶᠡᠭᠡ ᠠᠩᠭᠢ ᠵᠢᠨ 《ᠠ᠋ᠷᠡᠯᠭᠡᠭ ᠪᠠᠭ᠋ᠠᠲᠤᠷ ᠴᠡᠷᠢᠭ》᠎ᠤᠨ ᠶᠡᠷᠤᠩᠭᠡᠢ ᠪᠤᠯᠪᠠᠰᠤᠷᠠᠯ᠎ᠳᠤ ᠰᠢᠳᠡᠭᠦ᠂ ᠦᠰᠦᠷᠭᠦ᠂ ᠮᠦᠯᠭᠦᠨ ᠤᠷᠤᠬᠰᠢᠯᠠᠭ᠍ᠤ ᠵᠡᠷᠭᠡ ᠵᠢ ᠲᠤᠬᠢᠷᠠᠭᠤᠯᠵᠠᠢ᠃ ᠲᠤᠰ ᠲᠤᠭᠯᠠᠭ᠋ᠠᠮ ᠵᠶ᠋ᠠᠷ ᠲᠠᠮᠵᠢᠵᠤ ᠭᠡᠤᠭᠡᠳ᠎ᠤᠨ ᠲᠦᠷᠭᠡᠨ ᠭᠦᠶᠦᠭᠦ ᠴᠢᠳᠠᠪᠤᠷᠢ ᠵᠢ ᠲᠡᠭᠡᠭᠰᠢᠯᠡᠭᠦᠯᠳᠡᠭ᠃ ᠲᠠᠷᠤᠢ᠄ ᠪᠦᠰᠡᠯᠡᠯᠲᠡ ᠵᠢᠨ ᠲᠤᠭᠤᠷᠢᠭ ᠵᠶ᠋ᠠᠷ ᠦᠩᠭᠡᠷᠡᠭᠦ — ᠴᠠᠭᠢᠯᠭ᠋ᠠᠨ ᠲᠤᠤᠷᠯᠡᠯ ᠵᠶ᠋ᠠᠷ ᠮᠠᠴᠤᠵᠤ ᠭᠠᠷᠬᠤ — ᠪᠤᠭᠤᠨᠢ ᠭᠡᠷᠡᠮ ᠵᠶ᠋ᠠᠷ ᠦᠰᠤᠷᠴᠤ ᠭᠠᠷᠬᠤ — ᠠᠶᠤᠯ᠎ᠤᠨ ᠤᠷᠤᠨ ᠵᠶ᠋ᠠᠷ ᠦᠰᠤᠷᠴᠤ ᠭᠠᠷᠬᠤ (ᠭᠠᠭᠴᠨ ᠭᠦᠯ ᠵᠶ᠋ᠠᠷ ᠦᠰᠤᠷᠭᠦ) — ᠨᠦᠭᠡᠨ ᠵᠠᠮ ᠵᠶ᠋ᠠᠷ ᠵᠠᠪᠰᠢᠶᠠᠨ᠎ᠢ ᠲᠠᠯᠢᠮᠳᠠᠭᠤᠯᠬᠤ — ᠲᠠᠶ᠋ᠢᠰᠤᠨ᠎ᠤ ᠮᠠᠰᠢᠨ᠎ᠢ ᠰᠢᠷᠪᠢᠨ ᠫᠤᠤᠳᠠᠭ᠍ᠤ — ᠪᠠᠭᠢᠯᠡᠯᠲᠡ ᠵᠢ ᠲᠡᠮᠡᠴᠡᠨ ᠤᠯᠬᠤ ᠵᠡᠷᠭᠡ ᠠᠭᠤᠯᠭ᠎ᠠ᠎ᠪᠠᠷ ᠶᠠᠪᠤᠭᠳᠠᠵᠠᠢ᠃
      ᠠ᠋ᠳᠡᠭᠡᠷ ᠲᠤᠭᠯᠠᠭ᠋ᠠᠮ᠎ᠳᠤ ᠭᠡᠤᠭᠡᠳ ᠶᠡᠭᠡ ᠲᠤᠷᠠᠲᠡᠢ ᠪᠡᠶ᠋ᠢᠵᠤ᠂ ᠲᠡᠭᠦᠨᠴᠢᠯᠡᠨ ᠪᠠᠶᠠᠷ ᠪᠠᠶᠠᠰᠬᠤᠯᠠᠩ᠎ᠲᠠᠢ ᠲᠤᠭᠯᠠᠭ᠋ᠠᠮ ᠲᠤᠮᠳᠡ ᠦᠨᠳᠦᠰᠤᠨ ᠭᠦᠳᠡᠯᠤᠯ᠎ᠢ ᠡᠵᠡᠮᠰᠢᠵᠤ᠂ ᠭᠦᠳᠡᠯᠤᠯ᠎ᠤᠨ ᠲᠤᠬᠠᠢ ᠲᠦᠷᠰᠤᠯᠡᠨ ᠪᠤᠳᠤᠬᠤ ᠴᠢᠳᠠᠪᠤᠷᠢ᠎ᠨᠢ ᠭᠦᠭᠵᠢᠳᠡᠭ᠃
      ᠭᠤᠷᠪᠠ᠂ ᠲᠤᠭᠯᠠᠭ᠋ᠠᠮ᠎ᠤᠨ ᠭᠡᠮ᠎ᠢ ᠪᠠᠲᠤᠯᠠᠭ᠍ᠤ
      ᠪᠡᠶ᠎ᠡ ᠵᠢᠨ ᠲᠠᠮᠢᠷ᠎ᠤᠨ ᠭᠦᠳᠡᠯᠭᠡᠭᠡᠨ᠎ᠨᠢ ᠭᠡᠤᠭᠡᠳ᠎ᠤᠨ ᠪᠡᠶ᠎ᠠ ᠮᠠᠭ᠍ᠠᠪᠤᠳ᠎ᠲᠤ ᠲᠤᠶ᠋ᠢᠯ᠎ᠤᠨ ᠠᠰᠢᠬᠲᠠᠢ ᠶᠤᠮ᠃ ᠪᠠᠭᠰᠢ ᠪᠤᠯᠤᠭᠰᠠᠳ ᠭᠡᠤᠭᠡᠳ᠎ᠤᠨ ᠪᠡᠶ᠎ᠡ ᠵᠢᠨ ᠲᠠᠮᠢᠷ᠎ᠤᠨ ᠭᠦᠳᠡᠯᠭᠡᠭᠡᠨ᠎ᠤ ᠭᠦᠴᠤᠯᠡᠴᠨ ᠪᠠ ᠨᠢᠭᠲᠠᠴᠨ ᠵᠢ ᠠ᠋ᠷᠭᠡᠪᠰᠢ ᠪᠠᠲᠤᠯᠠᠵᠤ᠂ ᠭᠡᠣᠭᠡᠳ᠎ᠤᠨ ᠪᠡᠶ᠎ᠠ ᠮᠠᠭ᠍ᠠᠪᠤᠳ᠎ᠤᠨ ᠪᠡᠶ᠋ᠢᠳᠠᠯ᠎ᠢ ᠴᠠᠭ ᠢᠮᠠᠭᠳᠡ ᠠᠨᠭ᠌ᠬᠠᠷᠴᠤ᠂ ᠭᠡᠤᠭᠡᠳ᠎ᠲᠠᠢ ᠬᠠᠮᠳᠤ ᠲᠤᠭᠯᠠᠭ᠋ᠠᠮ᠎ᠳᠤ ᠤᠷᠤᠯᠴᠠᠨ ᠭᠡᠣᠭᠡᠳ᠎ᠤᠨ ᠢᠯᠡᠷᠡᠯ ᠪᠡᠶ᠋ᠢᠳᠡᠯ᠂ ᠰᠡᠳᠭᠢᠯᠭᠡ ᠵᠢᠨ ᠬᠤᠪᠢᠷᠡᠯᠳᠡ ᠵᠢ ᠨᠠᠷᠢᠨ ᠠᠵᠢᠭᠯᠠᠭ᠍ᠤ ᠵᠢᠨ ᠬᠠᠮᠲᠤ ᠭᠦᠳᠡᠯᠭᠡᠭᠡᠨ᠎ᠤ ᠭᠦᠴᠤᠯᠡᠴᠨ ᠵᠢ ᠴᠠᠭ ᠢᠮᠠᠭᠲᠡ ᠵᠤᠭᠢᠴᠠᠭᠤᠯᠬᠤ ᠭᠡᠷᠡᠭᠳᠠᠢ᠃
        ᠬᠠᠶᠢᠬ᠄ ᠭᠠᠨᠰᠣ ᠮᠤᠵᠢ ᠵᠢᠨ ᠰᠥᠪᠸᠢ ᠰᠢᠶᠠᠨ᠎ᠤ ᠬᠡᠣᠬᠡᠳ᠎ᠤᠨ ᠴᠡᠴᠡᠷᠯᠢᠭ
                               (ᠴᠢᠶᠠᠨ ᠴᠦᠨ ᠵᠢᠶᠸ ᠨᠠᠢ᠍ᠢ᠍ᠷᠠᠭᠤᠯᠪᠠ)
                                10   ᠳ᠋ᠤᠭ᠋ᠠᠷ ᠬᠤᠭᠤᠴᠠᠭ᠎ᠠ


ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠮᠣᠩᠭᠤᠯ ᠦᠨᠳᠣᠰᠣᠳᠡᠨ᠎ᠤ ᠤᠯᠠᠮᠵᠢᠯᠠᠯᠲᠦ ᠨᠠᠭ᠋ᠠᠳᠣᠮ ᠲᠣᠬᠯᠠᠭ᠋ᠠᠮ᠎ᠳᠤ᠎ᠬᠢ ᠰᠣᠷᠭ᠋ᠠᠨ ᠭᠦᠮᠣᠵᠢᠯ᠎ᠢ ᠣᠳᠣᠭᠢ ᠭᠡᠣᠭᠡᠳ᠎ᠤᠨ ᠴᠡᠴᠡᠷᠯᠢᠭ᠎ᠤᠨ ᠰᠤᠷᠭ᠋ᠠᠨ ᠭᠦᠮᠦᠵᠢᠯ᠎ᠳᠤ ᠦᠢ᠍ᠯᠡᠴᠢᠯᠡᠭᠦᠯᠭᠦ᠎ᠨᠢ
ᠦᠷ᠎ᠡ ᠬᠡᠦᠬᠡᠳ ᠬᠡᠨ ᠪᠤᠯᠵᠤ ᠭᠦᠮᠦᠵᠢᠭᠳᠡᠭᠦ᠎ᠨᠢ ᠠ᠋ᠬᠡ᠎ᠠᠴᠠ ᠰᠢᠯᠲᠠᠭ᠋ᠠᠯᠠᠭᠳᠠᠨ᠎ᠠ
ᠬᠡᠤᠬᠡᠳ᠎ᠤᠨ ᠳᠠᠭᠤᠤ ᠵᠢᠨ ᠦᠢ᠍ᠯᠡᠳᠦᠯ ᠴᠢᠳᠠᠪᠬᠢ ᠵᠢ ᠪᠠᠳᠠᠷᠠᠭᠤᠯᠤᠶ᠎ᠠ
ᠪᠠᠭᠰᠢ ᠪᠤᠯᠤᠨ ᠠᠬᠠᠰ ᠵᠠᠬᠠᠰ᠎ᠤᠨ ᠵᠶ᠋ᠠᠨ ᠦᠭᠡ ᠵᠢ ᠰᠤᠨᠤᠰᠬᠤ ᠵᠢᠨ ᠤᠴᠢᠷ
ᠪᠠᠯᠴᠢᠷ ᠬᠡᠦᠬᠡᠳ᠎ᠤᠨ ᠰᠤᠷᠭ᠋ᠠᠨ ᠬᠦᠮᠦᠵᠢᠯ᠎ᠳᠤ᠎ᠬᠢ ᠲᠤᠭᠯᠠᠭ᠋ᠠᠮ᠎ᠤᠨ ᠬᠡᠷᠡᠭᠯᠡᠯᠲᠡ ᠵᠢᠨ ᠲᠤᠬᠠᠢ
 
             蒙ICP备05000248号