ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠣᠷᠭᠢᠯ ᠪᠤᠯᠠᠭ
ᠮᠦᠩᠭᠦᠨ ᠣᠪᠣᠭ᠎ᠠ ᠵᠢᠨ ᠬᠤᠷᠮᠦᠢ᠎ᠠᠴᠠ 《ᠮᠠᠯᠴᠢᠨ ᠪᠠᠭᠰᠢ》 ᠵᠢᠨ ᠲᠠᠭᠤᠯᠠᠯ ᠬᠠᠩᠬᠢᠨᠠᠨᠠᠮ
ᠨᠡᠶ᠋ᠢᠲᠡᠯᠡᠭᠰᠡᠨ ᠴᠠᠭ᠄ 2020-01-02

                                ᠬᠦᠬᠡᠳᠠᠪᠠᠯᠭ᠋ᠠᠨ


      ᠵᠣᠬᠢᠶᠠᠭᠴᠢ ᠮᠠᠯᠴᠢᠨ ᠲᠠᠷᠢᠶᠠᠴᠢᠳ᠎ᠤᠨ ᠨᠠᠮᠣᠷ᠎ᠤᠨ ᠬᠤᠷᠢᠶᠠᠯᠳᠡ ᠵᠢ ᠰᠣᠷᠪᠣᠯᠵᠢᠯᠠᠬᠤ᠎ᠪᠠᠷ ᠪᠠᠭ᠋ᠠᠷᠢᠨ ᠪᠠᠷᠠᠭᠤᠨ ᠬᠤᠰᠢᠭᠤᠨ᠎ᠤ ᠵᠡᠬᠦᠨ ᠠ᠋ᠮᠣᠨ᠎ᠡ ᠵᠠᠬ᠎ᠠ ᠵᠢ ᠪᠠᠷᠢᠵᠣ ᠰᠠᠭᠤᠭᠰᠠᠨ ᠰᠢᠷᠡᠮᠦ᠋ᠷᠡᠨ ᠰᠣᠮᠣ ᠵᠢᠨ ᠰᠢᠷᠡᠭᠡ ᠭᠠᠴᠠᠭ᠎ᠠ ᠵᠢᠨ ᠣᠪᠣᠭ᠎ᠠ ᠲᠣᠭᠤᠶ᠋ᠢᠯᠠᠩ᠎ᠳᠤ ᠬᠦᠷᠴᠣ ᠪᠢᠯᠨ᠃ ᠰᠣᠷᠪᠣᠯᠵᠢᠯᠠᠭ᠍ᠣ ᠲᠣᠮᠳᠡ᠂ ᠲᠡᠨᠳᠡᠬᠢ ᠨᠢᠭᠡ ᠮᠠᠯᠴᠢᠨ᠎ᠤ 《ᠮᠠᠨ᠎ᠤ ᠣᠪᠣᠭ᠎ᠠ ᠲᠣᠭᠤᠶ᠋ᠢᠯᠠᠩ᠎ᠳᠤ ᠨᠢᠭᠡᠨ ᠰᠣᠷᠭ᠋ᠠᠭᠤᠯᠢ ᠪᠠᠶ᠋ᠢᠳᠠᠭ ᠰᠢᠣ᠂ ᠬᠠᠰᠣᠵᠣ ᠨᠡᠶ᠋ᠢᠯᠡᠬᠦᠯᠬᠦ ᠣᠷᠣᠰᠬᠠᠯ᠎ᠳᠤ ᠲᠠᠭ᠋ᠠᠷᠢᠭᠳᠠᠭᠰᠠᠨ ᠪᠣᠯᠪᠠᠴᠣ ᠮᠠᠯᠴᠢᠳ ᠠᠷᠠᠳ ᠰᠡᠳᠬᠢᠯ ᠨᠢᠭᠡᠳᠣᠨ ᠲᠡᠮᠵᠢᠵᠣ ᠠ᠋ᠳᠦᠢ᠎ᠳᠤ ᠲᠣᠯᠳᠠᠯ᠎ᠠ ᠠ᠋ᠷᠬᠢᠯᠡᠭᠰᠡᠭᠡᠷ ᠪᠠᠶ᠋ᠢᠨ᠎ᠠ᠃ ᠭᠡᠳᠦᠶ᠋ᠢᠪᠡᠷ ᠣᠷᠢᠳᠣ ᠵᠢᠨ ᠠᠳᠠᠯᠢ ᠪᠠᠭᠰᠢ ᠰᠣᠷᠣᠭᠴᠢ ᠤᠯᠠᠨ ᠦᠬᠡᠢ ᠪᠣᠯᠪᠠᠴᠣ ᠬᠤᠷᠢᠨ ᠭᠡᠳᠣᠨ ᠵᠢᠯ ᠰᠣᠷᠭ᠋ᠠᠭᠤᠯᠢ᠎ᠪᠠᠨ ᠰᠠᠬᠢᠭᠰᠠᠨ ᠨᠢᠭᠡ 〈ᠮᠠᠯᠴᠢᠨ ᠪᠠᠭᠰᠢ〉 ᠪᠠᠢ᠍ᠢ᠍ᠵᠤ᠂ ᠰᠣᠷᠭ᠋ᠠᠭᠤᠯᠢ ᠵᠢᠨ ᠨᠠᠰᠣᠨ᠎ᠠᠴᠠ ᠠ᠋ᠮᠣᠨᠡᠬᠢ ᠴᠡᠴᠡᠷᠯᠢᠭ᠎ᠤᠨ ᠠᠩᠬᠢ ᠪᠡ ᠨᠢᠭᠡᠳᠦᠭᠡᠷ ᠣᠨ᠎ᠢ ᠠ᠋ᠷᠬᠢᠯᠡᠵᠣ᠂ ᠲᠦᠷᠪᠡᠨ ᠭᠠᠴᠠᠭ᠎ᠠ ᠵᠢᠨ ᠭᠡᠣᠭᠡᠳ ᠡ᠊ᠨᠳᠡ ᠰᠤᠷᠭ᠋ᠠᠭᠤᠯᠢ᠎ᠳᠤ ᠰᠠᠭᠤᠵᠣ᠂ ᠰᠣᠷᠣᠯᠭ᠎ᠠ ᠵᠢᠨ ᠬᠢᠷᠢ ᠪᠦᠳᠦᠮᠵᠢ ᠡᠯ᠎ᠡ ᠲᠠᠯ᠎ᠠ᠎ᠪᠠᠷ ᠮᠦᠨ ᠪᠣᠰᠣᠳ᠎ᠠᠴᠠ ᠲᠠᠪᠠᠭᠤ ᠰᠢᠣ!》 ᠭᠡᠵᠣ ᠣᠮᠣᠭᠰᠢᠨ ᠶᠠᠷᠢᠬᠤ ᠵᠢ ᠰᠣᠨᠣᠰᠴᠣ ᠦᠪᠡᠷ᠎ᠤᠨ ᠠ᠋ᠷᠭᠡ ᠦᠭᠡᠢ ᠭᠠᠶ᠋ᠢᠬᠠᠯ ᠲᠦᠷᠦᠵᠣ ᠰᠣᠷᠭ᠋ᠠᠭᠤᠯᠢ᠎ᠳᠤ ᠤᠴᠢᠵᠤ ᠦᠵᠡᠶ᠎ᠠ ᠭᠡᠰᠡᠨ ᠪᠣᠳᠣᠯ ᠲᠦᠷᠦᠭᠳᠡᠭᠰᠡᠨ ᠪᠢᠯᠡ᠃ ᠲᠠᠭᠡᠭᠡᠳ ᠣᠷᠡᠨ ᠪᠢᠴᠢᠯᠭᠡ ᠲᠠᠮᠠᠭ᠎ᠠ ᠰᠡᠶ᠋ᠢᠯᠦᠮᠡᠯ᠎ᠤᠨ ᠬᠠᠰᠢᠷ ᠪᠠᠭᠰᠢ᠂ ᠭᠠᠴᠠᠭ᠋ᠠᠨ᠎ᠤ 《ᠨᠢᠭᠡᠳᠦᠭᠡᠷ ᠱᠦᠵᠢ》᠎ᠪᠠᠷ ᠠᠵᠢᠯᠯᠠᠵᠣ ᠪᠠᠶ᠋ᠢᠭ᠎ᠠ ᠰᠣᠶᠣᠯ᠎ᠤᠨ ᠺᠠᠳ᠋ᠷ ᠲᠦᠷᠪᠠᠨᠳᠠᠯᠠᠢ ᠭᠤᠸᠠᠢ᠎ᠲᠠᠢ ᠵᠠᠮ ᠲᠠᠭ᠋ᠠᠷᠠᠵᠣ ᠣᠪᠣᠭ᠎ᠠ ᠲᠣᠭᠤᠶ᠋ᠢᠯᠠᠩ᠎ᠢ ᠵᠣᠷᠢᠵᠣ ᠬᠦᠷᠬᠦ᠎ᠳᠤ᠂ ᠮᠦᠩᠬᠦᠨ ᠣᠪᠣᠭ᠎ᠠ ᠨᠣᠳᠤᠭ ᠵᠶ᠋ᠠᠨ ᠰᠠᠬᠢᠭᠰᠠᠨ ᠵᠠᠩᠵᠣᠨ ᠮᠡᠳᠣ ᠣᠮᠠᠷ᠎ᠠ ᠵᠢᠨ ᠬᠦᠢ᠍ᠳᠡᠨ ᠰᠠᠯᠬᠢ ᠵᠢ ᠰᠦᠷᠦᠨ ᠰᠦᠨᠳᠡᠷᠯᠡᠨ ᠰᠡᠬᠦᠶ᠋ᠢᠵᠣ᠂ ᠠ᠋ᠩᠭᠡᠷ ᠬᠤᠷᠮᠦᠢ᠎ᠳᠤ᠎ᠬᠢ ᠬᠤᠭᠤᠯᠠᠢ ᠵᠢᠨ ᠭᠤᠣᠯ ᠴᠢᠮᠡᠭᠡ ᠦᠭᠡᠢ ᠤᠷᠤᠰᠤᠨ᠎ᠠ᠃ ᠬᠤᠶᠠᠷ ᠵᠠᠭᠤ ᠢᠯᠡᠬᠦᠦ ᠭᠠᠵᠠᠷ᠎ᠢ ᠬᠦᠷᠳᠣ ᠵᠢᠨ ᠬᠤᠷᠳᠣᠨ ᠵᠶ᠋ᠠᠷ ᠡᠪᠭᠡᠵᠣ ᠬᠤᠭᠤᠯᠠᠢ ᠵᠢᠨ ᠭᠤᠣᠯ᠎ᠤᠨ ᠬᠦᠬᠦᠷᠭᠡ ᠵᠢ ᠣᠷᠣᠭᠰᠢ ᠲᠠᠪᠠᠨ ᠭᠠᠷᠴᠣ ᠶᠡᠭᠡ ᠵᠠᠮ᠎ᠠᠴᠠ ᠵᠡᠬᠦᠨᠰᠢ ᠪᠠᠭᠤᠮᠠᠭᠴᠨ ᠠᠶ᠋ᠢᠯ᠎ᠤᠨ ᠪᠠᠷᠠᠭᠤᠨ ᠵᠠᠬ᠎ᠠ᠎ᠳᠤ᠎ᠬᠢ ᠠᠶᠠᠰ᠎ᠤᠨ ᠰᠠᠯᠬᠢᠨ᠎ᠳᠤ ᠨᠠᠮᠢᠷᠠᠭ᠍ᠣ ᠣᠯᠣᠰ᠎ᠤᠨ ᠲᠤᠭ᠎ᠲᠠᠢ᠂ ᠠᠯᠪᠠᠨ ᠪᠠᠶ᠋ᠢᠭᠤᠯᠭ᠎ᠠ ᠭᠡᠮᠡᠷᠭᠡᠨ ᠴᠡᠪ ᠴᠡᠪᠡᠷᠭᠡᠨ ᠲᠣᠮᠣ ᠬᠦᠷᠢᠶ᠎ᠡ᠂ ᠣᠯᠠᠭ᠋ᠠᠨ ᠸᠠᠭ᠋ᠠᠷ ᠴᠠᠭ᠋ᠠᠨ ᠬᠠᠨ᠎ᠠ᠎ᠲᠠᠢ ᠨᠢᠭᠡ ᠮᠦᠷ ᠪᠠᠶ᠋ᠢᠰᠢᠩ᠎ᠲᠠᠢ ᠣᠪᠣᠭ᠎ᠠ ᠠᠶ᠋ᠢᠯ᠎ᠤᠨ ᠰᠣᠷᠭ᠋ᠠᠭᠤᠯᠢ ᠵᠢᠨ ᠠ᠋ᠬᠦᠳᠡᠨ᠎ᠳᠤ ᠪᠠᠭᠤᠪᠠ᠃

      ᠬᠦᠷᠢᠶᠡᠨ ᠠ᠋ᠬᠦᠳᠡ ᠤᠢ᠍ᠢ᠍ᠷᠠᠳᠤᠬᠤ᠎ᠳᠤ᠂ ᠨᠢᠭᠡᠨ ᠲᠣᠮᠳᠡ ᠵᠢᠨ ᠪᠡᠶ᠎ᠡ᠎ᠲᠠᠢ᠂ ᠬᠢᠵᠢᠶᠡᠯ ᠨᠠᠰᠣᠨ᠎ᠤ ᠪᠦᠰᠡᠬᠦᠢ ᠶᠠᠭ᠋ᠠᠷᠠᠪᠴᠢᠯᠡᠨ ᠭᠠᠷᠴᠤ ᠢᠷᠡᠭᠡᠳ ᠲᠣᠮᠣ ᠲᠡᠮᠣᠷ ᠬᠠᠭ᠋ᠠᠯᠭ᠎ᠠ ᠵᠢ ᠤᠨᠭ᠌ᠭᠤᠢ᠍ᠢ᠍ᠯᠭ᠋ᠠᠬᠤ᠎ᠳᠤ ᠪᠢᠳᠡᠨ᠎ᠤ ᠠᠭᠤᠯᠵᠠᠬᠤ᠎ᠪᠠᠷ ᠢᠷᠡᠭᠰᠡᠨ ᠪᠠᠭᠰᠢ ᠪᠣᠯᠬᠤ ᠵᠢ ᠲᠠᠨᠢᠵᠣ ᠠᠮᠤᠷ ᠮᠠᠨᠳᠤ᠎ᠪᠠᠨ ᠠᠰᠠᠭᠤᠯᠴᠠᠨ ᠲᠤᠳᠤᠭᠰᠢ ᠤᠷᠤᠪᠠ᠃ ᠭᠡᠷ᠎ᠲᠤ ᠤᠷᠤᠬᠤ᠎ᠳᠤ ᠲᠤᠯᠠᠭ᠋ᠠᠨ ᠲᠠᠭ᠋ᠠᠯᠠᠮᠵᠢᠳᠠᠢ ᠰᠠᠨᠠᠭᠳᠠᠵᠣ᠂ ᠵᠡᠬᠦᠨ ᠦᠷᠦᠭᠡ᠎ᠳᠤ ᠣᠷᠣᠬᠤ᠎ᠳᠤ ᠨᠢᠳᠣᠨ᠎ᠳᠤ᠎ᠪᠠᠨ ᠭᠠᠯ᠎ᠲᠠᠢ ᠨᠢᠭᠤᠷ᠎ᠲᠤ᠎ᠪᠠᠨ ᠴᠤᠭ᠎ᠲᠠᠢ ᠵᠢᠭ᠋ᠠᠯ ᠭᠡᠣᠭᠡᠳ᠎ᠤᠳ ᠬᠦᠷ ᠬᠢᠳᠡᠯ᠎ᠡ ᠪᠣᠰᠣᠨ ᠵᠣᠭᠰᠣᠵᠣ᠄ 《ᠲᠠ ᠰᠠᠶ᠋ᠢᠨ ᠦᠦ!》 ᠭᠡᠮᠡᠨ ᠮᠡᠨᠳᠦᠴᠢᠯᠡᠨ ᠣᠭᠳᠣᠨ᠎ᠠ᠃ ᠭᠤᠣᠯ ᠲᠠᠰᠣᠯᠭ᠎ᠠ᠎ᠨᠢ ᠪᠠᠭᠰᠢ ᠵᠢᠨ ᠠᠯᠪᠠᠨ ᠭᠡᠷ᠂ ᠪᠠᠷᠠᠭᠤᠨ ᠦᠷᠦᠭᠡ᠎ᠳᠤ᠎ᠨᠢ ᠰᠢᠨ᠎ᠡ ᠮᠠᠶᠢᠭ᠎ᠤᠨ ᠲᠤᠯᠠᠭ᠋ᠠᠯᠠᠭ᠎ᠠ ᠵᠢᠨ ᠵᠤᠤᠬ᠎ᠠ ᠬᠦᠷᠴᠢᠬᠢᠨᠡᠵᠦ᠂ ᠤᠰᠤ ᠪᠤᠴᠠᠯᠬᠤ ᠳᠠᠭᠤᠨ ᠰᠤᠨᠤᠰᠳᠠᠨ᠎ᠠ᠃ ᠲᠡᠬᠦᠨ᠎ᠠᠴᠠ ᠪᠠᠷᠠᠭᠤᠨᠳᠡᠬᠢ ᠦᠷᠦᠭᠡ᠎ᠨᠢ ᠭᠡᠣᠭᠡᠳ᠎ᠤᠨ ᠬᠤᠭᠤᠯᠠᠨ ᠭᠡᠷ᠃ ᠪᠢᠴᠢᠬᠠᠨ ᠪᠣᠳᠠᠭ᠋ᠠᠨ ᠰᠢᠷᠡᠭᠡ᠎ᠨᠦᠭᠦᠳ᠎ᠢ ᠬᠤᠶᠠᠷ ᠮᠦᠷ ᠵᠶ᠋ᠠᠷ ᠲᠡᠷᠢ ᠲᠡᠭᠰᠢ ᠵᠢᠭᠰᠠᠭ᠋ᠠᠨ᠂ ᠴᠡᠩᠭᠡᠷ ᠵᠢᠵᠢᠭ ᠰᠠᠨᠳᠠᠯᠢ᠎ᠨᠤᠭᠤᠳ᠎ᠢ ᠬᠠᠨ᠎ᠠ ᠲᠠᠭ᠋ᠠᠭᠤᠯᠣᠨ ᠲᠠᠪᠬᠤᠷᠯᠠᠨ ᠲᠠᠯᠪᠢᠵᠣ᠂ ᠠᠶᠠᠭ᠎ᠠ ᠰᠠᠪᠠ ᠵᠢᠨ ᠠᠷᠢᠭᠤᠳᠬᠠᠯ᠎ᠤᠨ ᠬᠠᠶ᠋ᠢᠷᠴᠠᠭ ᠠ᠋ᠷᠬᠢᠨᠡᠭ᠎ᠤᠨ ᠪᠠᠶ᠋ᠢᠷᠢ᠎ᠳᠤ ᠵᠣᠭᠰᠣᠨ᠎ᠠ᠃ ᠠ᠋ᠷᠳᠡᠨᠢᠴᠡᠴᠡᠭ ᠪᠠᠭᠰᠢ ᠵᠢᠨ ᠠᠯᠪᠠᠨ ᠭᠡᠷ᠎ᠨᠢ ᠮᠦᠨ ᠴᠦ᠍ ᠲᠡᠬᠦᠨ᠎ᠤ ᠪᠠᠶ᠋ᠢᠷᠢ ᠪᠠᠢ᠍ᠢ᠍ᠵᠤ᠂ ᠨᠢᠭᠡ ᠠᠮᠠᠷᠠᠭ᠍ᠣ ᠣᠷᠣ ᠲᠡᠭᠡᠷ᠎ᠡ᠎ᠨᠢ ᠭᠡᠳᠣᠨ ᠦᠩᠭᠡ ᠵᠢᠨ ᠦᠳᠦᠨ ᠬᠤᠪᠴᠠᠰᠣ ᠨᠢᠭᠡ ᠨᠢᠭᠡ᠎ᠪᠠᠷ ᠵᠶ᠋ᠠᠨ ᠵᠢᠭᠳᠡ ᠡᠪᠭᠡᠭᠳᠡᠨ᠂ ᠲᠡᠪᠡᠯ ᠪᠦᠰᠨ ᠮᠠᠰᠢ ᠲᠢᠭᠯᠢᠮ᠎ᠲᠠᠢ ᠲᠠᠯᠪᠢᠭᠳᠠᠵᠤ ᠪᠠᠢ᠍ᠢ᠍ᠪᠠ᠃ ᠠ᠋ᠷᠳᠡᠨᠢᠴᠡᠴᠡᠭ ᠪᠠᠭᠰᠢ ᠵᠢᠨ ᠠᠶᠠᠭ᠋ᠠᠯᠠᠭᠰᠠᠨ ᠬᠠᠯᠠᠭᠤᠨ ᠴᠠᠢ ᠵᠢ ᠤᠤᠭᠤᠵᠤ ᠦᠭᠡ ᠠ᠋ᠬᠦᠰᠭᠡᠨ ᠵᠣᠭᠤᠭᠳᠠᠵᠤ ᠪᠠᠢ᠍ᠢ᠍ᠬᠤ᠎ᠳᠤ ᠵᠢᠭ᠋ᠠᠯ ᠭᠡᠣᠭᠡᠳ᠎ᠤᠳ᠄ 《ᠪᠠᠭᠰᠢ ᠡ᠂ ᠪᠢᠳᠡ ᠭᠠᠳᠠᠨ᠎ᠠ ᠨᠠᠭ᠋ᠠᠳᠬᠤ᠎ᠪᠠᠷ ᠭᠠᠷᠣᠯ᠎ᠠ ᠰᠢᠣ!》 ᠭᠡᠳ ᠭᠡᠳᠣ ᠭᠡᠳᠣ᠎ᠪᠠᠷ ᠣᠷᠣᠵᠣ ᠢᠷᠡᠭᠡᠳ ᠬᠤᠪᠴᠠᠰᠣ᠎ᠪᠠᠨ ᠲᠠᠪᠬᠤᠷᠯᠠᠨ᠎ᠠ᠃ ᠠ᠋ᠷᠳᠡᠨᠢᠴᠡᠴᠡᠭ ᠪᠠᠭᠰᠢ ᠶᠡᠭᠡ ᠰᠢᠭ ᠭᠡᠰᠡᠨ᠎ᠳᠤ᠎ᠨᠢ ᠲᠠᠪᠠᠯ ᠦᠳᠦᠨ ᠬᠤᠪᠴᠠᠰᠣ ᠵᠢ᠎ᠨᠢ ᠠᠪᠴᠣ ᠦᠭᠬᠦᠨ᠂ ᠪᠠᠭ᠎ᠠ ᠭᠡᠤᠭᠡᠳ᠎ᠤᠳ᠎ᠲᠤ᠎ᠨᠢ ᠨᠢᠭᠡ ᠨᠢᠭᠡ᠎ᠪᠠᠷ ᠠ᠋ᠮᠣᠰᠭᠡᠵᠣ ᠦᠭᠭᠦᠨ᠎ᠡ᠃ ᠪᠠᠰᠨ ᠨᠢᠭᠡᠨ ᠰᠢᠷ᠎ᠡ ᠲᠣᠯᠣᠭ᠋ᠠᠢ ᠲ᠋ᠠᠢ ᠪᠢᠴᠢᠬᠠᠨ ᠵᠢᠭ᠋ᠠᠯ᠄ 《ᠠ᠋ᠮᠡᠭᠡ ᠡ᠂ ᠪᠢ ᠰᠦ ᠣᠣᠭᠤᠨ᠎ᠠ》 ᠭᠡᠬᠦ᠎ᠳᠤ᠎ᠨᠢ ᠠ᠋ᠷᠳᠡᠨᠢᠴᠡᠴᠡᠭ ᠪᠠᠭᠰᠢ ᠪᠦᠯᠢᠶᠡᠨ ᠰᠦ ᠵᠢ ᠣᠭᠵᠢ ᠭᠡᠮᠡᠷᠭᠡᠨ ᠰᠠᠪᠠᠨ᠎ᠳᠤ ᠬᠢᠵᠣ ᠭᠠᠷ᠎ᠲᠤ᠎ᠨᠢ ᠪᠠᠷᠢᠭᠤᠯᠣᠨ᠎ᠠ᠃

      ᠠ᠋ᠷᠳᠡᠨᠢᠴᠡᠴᠡᠭ᠂ 1969 ᠤᠨ᠎ᠳᠤ ᠪᠠᠭ᠋ᠠᠷᠢᠨ ᠪᠠᠷᠠᠭᠤᠨ ᠬᠤᠰᠢᠭᠤᠨ᠎ᠤ ᠰᠢᠷᠠᠮᠦᠢ᠍ᠷᠡᠨ ᠰᠤᠮᠤᠨ᠎ᠤ ᠰᠦᠵᠢ ᠭᠠᠴᠠᠭ᠎ᠠ ᠵᠢᠨ ᠵᠡᠬᠦᠨ ᠰᠦᠵᠢ ᠲᠣᠭᠤᠶ᠋ᠢᠯᠠᠩ᠎ᠳᠤ ᠠᠷᠠᠳ᠎ᠤᠨ ᠪᠠᠭᠰᠢ ᠪᠠᠳᠮᠠᠳᠣᠷᠵᠢ ᠮᠠᠯᠴᠢᠨ ᠡᠵᠢ ᠰᠠᠭᠰᠣ ᠵᠢᠨ ᠵᠢᠷᠭᠤᠭ᠋ᠠᠨ ᠦᠷ᠎ᠡ ᠵᠢᠨ ᠭᠤᠷᠪᠠᠳᠣᠭ᠋ᠠᠷ᠎ᠨᠢ ᠪᠣᠯᠵᠣ ᠵᠠᠶᠠᠭ᠋ᠠᠵᠠᠢ᠃ ᠨᠠᠰᠣᠨ ᠲᠣᠷᠰᠢ ᠠᠷᠠᠳ᠎ᠤᠨ ᠪᠠᠭᠰᠢ ᠵᠢᠨ ᠠᠵᠢᠯ᠎ᠳᠤ ᠵᠢᠳᠬᠦᠵᠣ ᠶᠠᠪᠣᠭᠰᠠᠨ ᠠᠪᠤ ᠵᠢᠨ ᠵᠶ᠋ᠠᠨ ᠨᠦᠯᠦᠭᠡ ᠪᠠ ᠭᠡᠷ ᠪᠦᠯᠢ ᠵᠢᠨ ᠵᠶ᠋ᠠᠨ ᠴᠢᠩᠭ᠎ᠠ ᠰᠣᠷᠭ᠋ᠠᠯ ᠵᠶ᠋ᠠᠷ ᠠ᠋ᠷᠳᠡᠨᠢᠴᠡᠴᠡᠭ ᠬᠠᠷᠠᠭ᠍ᠠᠨ ᠪᠠᠭ᠎ᠠ᠎ᠠᠴᠠ᠎ᠪᠠᠨ ᠰᠣᠷᠣᠯᠭ᠎ᠠ ᠮᠣᠷᠡᠯ᠎ᠢ ᠠ᠋ᠷᠬᠢᠮᠯᠡᠵᠣ᠂ ᠠᠪᠤ᠎ᠲᠠᠢ᠎ᠪᠠᠨ ᠠᠳᠠᠯᠢ ᠪᠠᠭᠰᠢ ᠪᠣᠯᠬᠤ ᠶᠣᠮ ᠰᠠᠨ ᠭᠡᠰᠡᠨ ᠬᠦᠰᠡᠯ᠎ᠢ ᠡᠪᠦᠷᠯᠡᠨ ᠴᠢᠷᠮᠠᠶ᠋ᠢᠨ ᠰᠣᠷᠣᠯᠴᠠᠵᠣ᠂ 1988 ᠤᠨ᠎ᠳᠤ ᠳ᠋ᠠᠪᠠᠨ᠎ᠤ ᠨᠢᠭᠡᠳᠦᠭᠡᠷ ᠲᠣᠮᠳᠠᠳᠣ ᠰᠣᠷᠭ᠋ᠠᠭᠤᠯᠢ᠎ᠠᠴᠠ ᠲᠡᠭᠡᠳᠣ ᠲᠣᠮᠳᠠᠳᠣ᠎ᠪᠠᠨ ᠲᠡᠬᠦᠰᠭᠡᠵᠦ ᠨᠣᠳᠤᠭ᠎ᠲᠤ᠎ᠪᠠᠨ ᠬᠠᠷᠢᠵᠣ ᠮᠠᠯᠵᠢᠬᠤ ᠦᠢ᠍ᠯᠡᠳᠪᠦᠷᠢᠯᠡᠯ᠎ᠳᠤ ᠣᠷᠣᠯᠴᠠᠵᠠᠢ᠃ ᠮᠦᠨ ᠵᠢᠯ᠎ᠤᠨ 9 ᠰᠡᠷ᠎ᠡ᠎ᠳᠤ᠂ ᠠᠶ᠋ᠢᠯ ᠣᠯᠠᠨ᠎ᠤ᠎ᠪᠠᠨ ᠰᠣᠩᠭᠤᠯᠳᠡ᠎ᠪᠠᠷ ᠰᠦᠵᠢ ᠭᠠᠴᠠᠭ᠎ᠠ ᠵᠢᠨ ᠪᠠᠭ᠎ᠠ ᠰᠣᠷᠭ᠋ᠠᠭᠤᠯᠢ᠎ᠳᠤ ᠣᠷᠢᠭᠳᠠᠨ ᠬᠢᠴᠢᠶᠡᠯ ᠣᠷᠣᠯᠠᠭᠴᠢ ᠪᠠᠭᠰᠢ ᠪᠣᠯᠵᠠᠢ᠃ ᠲᠡᠷᠨ ᠠ᠋ᠳᠦᠷ᠎ᠠᠴᠠ ᠠ᠋ᠷᠳᠡᠨᠢᠴᠡᠴᠡᠭ ᠬᠦᠮᠦᠨ᠎ᠤ ᠠᠮᠢᠳᠣᠷᠡᠯ᠎ᠤᠨ ᠰᠢᠨ᠎ᠡ ᠣᠷᠳᠣ ᠠᠶᠠᠨ ᠵᠶ᠋ᠠᠨ ᠠ᠋ᠬᠢᠯᠡᠬᠦᠯᠵᠣ ᠰᠣᠷᠭ᠋ᠠᠨ ᠬᠦᠮᠦᠵᠢᠯ᠎ᠤᠨ ᠠ᠋ᠮᠦᠨ᠎ᠡ ᠹᠷᠣᠨᠲ ᠲᠡᠭᠡᠷ᠎ᠡ ᠭᠠᠪᠰᠢᠭ᠋ᠠᠶ᠋ᠢᠯᠠᠨ ᠠᠵᠢᠯᠯᠠᠵᠤ᠂ ᠣᠷᠢᠳ ᠬᠤᠵᠢᠳ ᠰᠦᠵᠢ ᠭᠠᠴᠠᠭ᠎ᠠ᠂ ᠬᠠᠷᠭ᠋ᠠᠨᠠᠳᠣ ᠪᠠᠭ᠎ᠠ ᠰᠣᠷᠭ᠋ᠠᠭᠤᠯᠢ᠂ ᠰᠢᠷᠡᠭᠡ ᠭᠠᠴᠠᠭ᠎ᠠ ᠵᠢᠨ ᠪᠠᠭ᠎ᠠ ᠰᠣᠷᠭ᠋ᠠᠭᠤᠯᠢ᠎ᠳᠤ ᠨᠠᠢ᠍ᠮᠠᠨ ᠵᠢᠯ ᠪᠠᠭᠰᠢᠯᠠᠵᠠᠢ᠃ 1993 ᠣᠨ᠎ᠳᠤ ᠠ᠋ᠷᠳᠡᠨᠢᠴᠡᠴᠡᠭ ᠣᠪᠣᠭ᠎ᠠ ᠲᠣᠭᠤᠶ᠋ᠢᠯᠠᠩ᠎ᠤᠨ ᠠ᠋ᠷᠳᠡᠨᠢᠪᠠᠳᠣ᠎ᠲᠠᠢ ᠭᠡᠷᠯᠡᠵᠡᠢ᠃ ᠠ᠋ᠷᠳᠡᠨᠢᠪᠠᠳᠣ ᠠᠬ᠎ᠠ ᠠ᠋ᠭᠡᠴᠢ ᠲᠡᠬᠦᠦ ᠠᠷᠪᠠᠭᠤᠯᠨ ᠵᠢᠨ ᠵᠶ᠋ᠠᠨ ᠣᠳᠬᠤᠨ᠎ᠨᠢ ᠭᠡᠨ᠎ᠡ᠃ ᠠ᠋ᠷᠳᠡᠨᠢᠴᠡᠴᠡᠭ ᠰᠣᠷᠭ᠋ᠠᠭᠤᠯᠢ᠎ᠳᠤ᠎ᠪᠠᠨ ᠪᠣᠯ ᠪᠠᠭᠰᠢ᠂ ᠰᠣᠷᠭ᠋ᠠᠭᠤᠯᠢ᠎ᠠᠴᠠ᠎ᠪᠠᠨ ᠬᠠᠷᠢᠪᠠᠯ ᠪᠡᠷᠢ᠂ ᠠ᠋ᠭᠡᠨᠡᠷ᠂ ᠡᠵᠢ᠂ ᠮᠠᠯᠴᠢᠨ ᠶᠤᠮ᠃ ᠲᠡᠷᠨ ᠲᠠᠯᠠ ᠭᠠᠷᠣᠭᠰᠠᠨ ᠪᠠᠶ᠎ᠠ ᠪᠠᠭᠤᠷᠠᠢ ᠬᠠᠳᠠᠮ ᠡᠵᠢ᠎ᠪᠠᠨ ᠲᠣᠯᠣᠭ᠋ᠠᠨ ᠵᠢᠯ ᠠᠰᠠᠷᠠᠨ ᠬᠦᠨᠳᠦᠯᠡᠵᠣ᠂ ᠬᠠᠨᠢ ᠨᠦᠬᠦᠷ ᠠ᠋ᠷᠳᠡᠨᠢᠪᠠᠳᠣ᠎ᠲᠠᠢ᠎ᠪᠠᠨ ᠬᠠᠮᠳᠣ ᠠ᠋ᠷᠳᠡᠯᠡᠵᠤ ᠣᠷᠣᠶ᠋ᠢᠯᠠᠨ ᠮᠠᠯ ᠲᠠᠷᠢᠶ᠎ᠠ ᠵᠢᠨ ᠠᠵᠢᠯ᠎ᠳᠤ ᠣᠷᠣᠯᠴᠠᠵᠣ ᠠ᠋ᠬᠦᠳᠡ ᠠ᠋ᠷᠦᠭᠡ᠎ᠪᠠᠨ ᠦᠭᠡᠳᠡ ᠲᠠᠳᠠᠵᠣ ᠦᠷ᠎ᠡ ᠭᠡᠤᠭᠡᠳ ᠵᠶ᠋ᠠᠨ ᠦᠰᠭᠡᠵᠡᠢ᠃ ᠬᠦᠦ ᠲᠡᠯᠭᠡᠷᠬᠠᠩᠭ᠋ᠠᠢ᠎ᠨᠢ ᠣᠳᠣ ᠦᠪᠦᠷ ᠮᠣᠩᠭᠤᠯ᠎ᠤᠨ ᠪᠠᠭᠰᠢ ᠵᠢᠨ ᠶᠡᠭᠡ ᠰᠣᠷᠭ᠋ᠠᠭᠤᠯᠢ᠎ᠳᠤ ᠰᠣᠷᠣᠯᠴᠠᠵᠣ ᠪᠠᠢ᠍ᠢ᠍ᠬᠤ ᠶᠤᠮ ᠭᠡᠨ᠎ᠡ᠃ ᠠ᠋ᠷᠳᠡᠨᠢᠴᠡᠴᠡᠭ ᠪᠠᠭᠰᠢ 1994 ᠣᠨ᠎ᠳᠤ ᠨᠠᠮ᠎ᠳᠤ ᠠ᠋ᠯᠰᠡᠭᠳᠡᠵᠣ᠂ 1996 ᠣᠨ᠎ᠠᠴᠠ ᠰᠢᠷᠡᠭᠡ ᠭᠠᠴᠠᠭ᠎ᠠ ᠵᠢᠨ ᠤᠪᠤᠭ᠎ᠠ ᠰᠣᠷᠭ᠋ᠠᠭᠤᠯᠢ᠎ᠳᠤ ᠰᠢᠯᠵᠢᠨ ᠢᠷᠡᠵᠣ ᠪᠠᠭᠰᠢᠯᠠᠭᠰᠠᠭ᠋ᠠᠷ ᠣᠳᠣ ᠪᠣᠯᠳᠠᠯ᠎ᠠ ᠨᠢᠭᠡᠨᠳᠡ ᠪᠦᠬᠦᠯᠢ ᠭᠤᠴᠢᠨ ᠬᠠᠪᠣᠷ ᠨᠠᠮᠣᠷ᠎ᠢ ᠦᠳᠡᠵᠣ᠂ 《ᠠ᠋ᠭᠡᠴᠢ ᠪᠠᠭᠰᠢ》 ᠪᠠᠶ᠋ᠢᠭᠰᠠᠨ᠎ᠠᠴᠠ᠎ᠪᠠᠨ 《ᠠᠨᠢᠶ᠎ᠠ ᠪᠠᠭᠰᠢ》 ᠪᠣᠯᠵᠣ᠂ ᠣᠳᠣ 《ᠠ᠋ᠮᠡᠭᠡ ᠪᠠᠭᠰᠢ》 ᠪᠣᠯᠵᠠᠢ᠃ 1997 ᠣᠨ᠎ᠳᠤ ᠪᠠᠭ᠎ᠠ ᠰᠣᠷᠭ᠋ᠠᠭᠤᠯᠢ ᠵᠢᠨ ᠨᠢᠭᠡᠳᠣᠭᠡᠷ ᠲᠡᠰ᠎ᠤᠨ ᠪᠠᠭᠰᠢ᠎ᠪᠠᠷ ᠦᠨᠡᠯᠡᠭᠳᠡᠪᠡ᠂ ᠲᠡᠷᠨ ᠣᠪᠣᠭ᠎ᠠ ᠰᠣᠷᠭ᠋ᠠᠭᠤᠯᠢ᠎ᠳᠤ ᠠᠵᠢᠯᠯᠠᠭᠰᠠᠨ ᠠᠩᠬᠠᠨ᠎ᠤ ᠣᠨ᠎ᠳᠤ᠎ᠪᠠᠨ ᠠᠯᠪᠠᠨ᠎ᠤ ᠨᠢᠭᠡ ᠪᠠᠭᠰᠢ᠎ᠲᠠᠢ ᠵᠢᠯ ᠰᠢᠬᠠᠮ ᠬᠠᠮᠳᠣ ᠠᠵᠢᠯᠯᠠᠵᠣ᠂ ᠲᠡᠬᠦᠨ᠎ᠠᠴᠠ ᠨᠠᠭ᠋ᠠᠰᠢ ᠭᠠᠬ᠍ᠴᠠᠭ᠋ᠠᠷ ᠵᠶ᠋ᠠᠨ ᠠ᠋ᠨᠡ ᠰᠣᠷᠭ᠋ᠠᠭᠤᠯᠢ ᠵᠢ ᠬᠤᠷᠢ ᠢᠯᠡᠬᠦᠦ ᠵᠢᠯ ᠰᠠᠬᠢᠵᠣ ᠰᠣᠷᠭ᠋ᠠᠭᠤᠯᠢ ᠵᠢᠨ ᠵᠠᠬᠢᠷᠦᠯ᠂ ᠠᠩᠬᠢ ᠵᠢᠨ ᠠ᠋ᠷᠬᠢᠯᠡᠭᠴᠢ᠂ ᠭᠡᠯᠨ ᠲᠤᠭ᠎ᠠ ᠲᠠᠮᠢᠷ ᠲᠠᠭᠤᠣ ᠬᠦᠭᠵᠢᠮ ᠵᠢᠷᠤᠭ᠎ᠤᠨ ᠪᠠᠭᠰᠢ᠂ ᠠᠮᠣᠷ᠎ᠢ ᠬᠠᠮᠠᠭ᠋ᠠᠯᠠᠭᠴᠢ᠂ ᠲᠣᠭᠤᠭ᠋ᠠᠴᠢ᠂ ᠠ᠋ᠷᠡᠬᠦᠯ ᠬᠠᠮᠠᠭ᠋ᠠᠯᠠᠯ᠎ᠤᠨ ᠪᠠᠭᠰᠢ᠂ ᠠᠰᠠᠷᠠᠭᠴᠢ ᠵᠢᠨ ᠣᠯᠠᠨ ᠲᠦᠷᠢ ᠵᠢ ᠭᠠᠭᠴᠠᠭ᠋ᠠᠷ ᠵᠶ᠋ᠠᠨ ᠲᠣᠭᠯᠠᠵᠣ ᠭᠤᠴᠢᠨ ᠬᠠᠪᠣᠷ ᠨᠠᠮᠣᠷ 《ᠤᠷᠤᠯᠴᠠᠬ᠍ᠴᠢ ᠪᠠᠭᠰᠢ》 ᠬᠢᠭᠰᠡᠭᠡᠷ ᠶᠠᠪᠤᠵᠠᠢ᠃ ᠤᠤᠯ᠎ᠳᠤ᠎ᠪᠠᠨ ᠭᠤᠷᠪᠠ ᠲᠦᠷᠪᠡᠳᠦᠭᠡᠷ ᠣᠨ ᠬᠦᠷᠳᠡᠯ᠎ᠡ ᠪᠠᠶ᠋ᠢᠵᠣ ᠪᠠᠶ᠋ᠢᠭᠰᠠᠨ ᠵᠶ᠋ᠠᠨ 2010 ᠣᠨ᠎ᠠᠴᠠ ᠨᠠᠭ᠋ᠠᠰᠢ ᠨᠢᠭᠡᠳᠦᠭᠡᠷ ᠣᠨ ᠯᠨ ᠦᠯᠡᠳᠡᠵᠠᠢ᠃ ᠭᠠᠭᠴᠠᠭ᠍ᠠᠨ ᠰᠣᠷᠣᠭᠴᠢ᠎ᠲᠠᠢ ᠰᠣᠷᠬᠤ ᠵᠢᠯ ᠭᠠᠷᠣᠭᠰᠠᠨ᠎ᠳᠤ᠂ ᠠ᠋ᠷᠳᠡᠨᠢᠴᠡᠴᠡᠭ ᠲᠡᠷᠨ ᠰᠣᠷᠣᠭᠴᠢ᠎ᠪᠠᠨ ᠭᠡᠷ᠎ᠲᠤ᠎ᠪᠠᠨ ᠲᠣᠰᠣᠨ ᠠᠪᠠᠴᠢᠵᠣ ᠨᠢᠭᠡ ᠵᠢᠯ ᠵᠢᠭ᠋ᠠᠪᠠ᠃ ᠤᠪᠤᠭ᠎ᠠ ᠰᠣᠷᠭ᠋ᠠᠭᠤᠯᠢ᠎ᠳᠤ ᠣᠳᠣᠬᠠᠨ᠎ᠠ ᠨᠢᠭᠡᠳᠦᠭᠡᠷ ᠣᠨ᠎ᠤ ᠰᠣᠷᠣᠭᠴᠢ 7 ᠨᠡᠷ᠎ᠡ᠂ ᠭᠡᠣᠭᠡᠳ᠎ᠤᠨ ᠴᠡᠴᠡᠷᠯᠢᠭ᠎ᠤᠨ ᠶᠡᠭᠡ ᠠᠩᠬᠢ᠎ᠳᠤ 3 ᠭᠡᠣᠭᠡᠳ᠂ ᠲᠣᠮᠳᠡ ᠠᠩᠬᠢ᠎ᠳᠤ 4 ᠭᠡᠣᠭᠡᠳ᠂ ᠪᠠᠭ᠎ᠠ ᠠᠩᠬᠢ᠎ᠳᠤ 1 ᠭᠡᠣᠭᠡᠳ ᠪᠠᠶ᠋ᠢᠨ᠎ᠠ᠃

      ᠰᠣᠷᠣᠭᠴᠢᠳ᠎ᠤᠨ ᠦᠳᠡ ᠵᠢᠨ ᠬᠤᠭᠤᠯᠠᠨ᠎ᠤ ᠴᠠᠭ ᠪᠣᠯᠪᠠ᠃ ᠠ᠋ᠷᠳᠡᠨᠢᠴᠡᠴᠡᠭ ᠪᠠᠭᠰᠢ ᠬᠤᠶᠠᠷ ᠰᠠᠪᠠᠨ᠎ᠳᠤ ᠬᠠᠯᠠᠭᠤᠨ ᠣᠰᠣ ᠬᠢᠵᠣ ᠭᠠᠵᠠᠷ ᠲᠠᠯᠪᠢᠭᠰᠠᠨ᠎ᠳᠤ ᠵᠢᠭ᠋ᠠᠯ ᠭᠡᠣᠭᠡᠳ᠎ᠤᠳ ᠬᠦᠶᠦᠵᠣ ᠣᠷᠣᠵᠣ ᠢᠷᠡᠭᠡᠳ ᠭᠠᠷ ᠵᠶ᠋ᠠᠨ ᠣᠬᠢᠶᠠᠨ ᠮᠦᠷᠯᠡᠨ ᠵᠣᠭᠰᠣᠨ᠎ᠠ᠃ ᠠ᠋ᠷᠳᠡᠨᠢᠴᠡᠴᠡᠭ ᠪᠠᠭᠰᠢ ᠬᠠᠨ᠎ᠠ ᠲᠠᠭ᠋ᠠᠭᠤᠯᠣᠨ ᠲᠠᠯᠪᠢᠭᠰᠠᠨ ᠪᠢᠴᠢᠬᠠᠨ ᠴᠡᠩᠭᠡᠷ ᠰᠠᠨᠳᠠᠯᠢ᠎ᠨᠤᠭᠤᠳ᠎ᠢ ᠨᠢᠭᠡ ᠨᠢᠭᠡ᠎ᠪᠠᠷ ᠪᠣᠳᠠᠭ᠋ᠠᠨ ᠰᠢᠷᠡᠭᠡᠨ᠎ᠤ ᠲᠡᠷᠭᠡᠳᠡ ᠲᠠᠯᠪᠢᠵᠣ᠂ ᠰᠡᠨᠵᠢ᠎ᠲᠠᠢ ᠲᠡᠮᠣᠷ ᠰᠠᠪᠠᠨ᠎ᠳᠤ ᠰᠠᠶᠢᠬᠠᠨ ᠪᠣᠯᠭᠤᠭ᠋ᠠᠭᠰᠠᠨ ᠲᠣᠳᠣᠷᠭ᠋ᠠᠨ ᠪᠣᠳᠠᠭ᠎ᠠ ᠵᠢ ᠨᠢᠭᠡ ᠨᠢᠭᠡ ᠰᠢᠨᠠᠭ᠎ᠠ᠎ᠪᠠᠷ ᠰᠠᠪᠠᠯᠠᠵᠣ ᠰᠢᠷᠡᠭᠡᠨ ᠲᠡᠭᠡᠷ᠎ᠡ ᠵᠡᠷᠭᠡᠴᠡᠬᠦᠯᠦᠨ ᠲᠠᠯᠪᠢᠵᠣ ᠠᠳᠠᠯᠢ ᠪᠣᠰᠣ ᠵᠢᠵᠢᠭ ᠰᠠᠪᠠ᠎ᠲᠠᠢ ᠲᠠᠪᠣᠰᠣᠯᠠᠭᠰᠠᠨ ᠨᠣᠭᠤᠭ᠎ᠠ ᠪᠣᠶᠣ ᠵᠠᠭᠤᠰᠢ ᠵᠢ ᠨᠢᠭᠡ ᠨᠢᠭᠡ᠎ᠪᠠᠷ ᠨᠡᠭᠡᠭᠡᠵᠣ ᠲᠠᠯᠪᠢᠭ᠋ᠠᠳ᠂ ᠶᠡᠭᠡ ᠪᠠᠭ᠎ᠠ᠎ᠨᠢ ᠲᠡᠭᠰᠢ ᠦᠬᠡᠢ ᠠᠷᠪᠠᠨ ᠲᠠᠪᠣᠨ ᠬᠠᠯᠪᠠᠭ᠎ᠠ ᠵᠢ ᠪᠣᠳᠠᠭ᠋ᠠᠨ ᠰᠠᠪᠠ᠎ᠳᠤ᠎ᠨᠢ ᠬᠢᠨ᠎ᠡ; ᠪᠠᠰᠨ ᠨᠠᠷᠢᠨ ᠣᠷᠳᠣ ᠬᠤᠪᠬᠢᠯ᠎ᠲᠠᠢ ᠪᠢᠴᠢᠬᠠᠨ ᠣᠰᠣᠨ ᠣᠩᠭᠤᠴᠨ ᠰᠢᠬ ᠪᠠᠭ᠋ᠠᠵᠢ᠎ᠳᠤ ᠨᠢᠭᠡ ᠨᠢᠭᠡ ᠣᠭᠤᠳᠡ ᠰᠦ ᠬᠢᠵᠣ ᠲᠠᠯᠪᠢᠵᠠᠢ᠃ ᠢᠩᠬᠢᠬᠦ᠎ᠨᠢ ᠭᠡᠣᠭᠡᠳ᠎ᠤᠳ ᠰᠦ᠎ᠪᠠᠨ ᠠᠰᠬᠠᠬᠤ ᠣᠴᠢᠷ ᠭᠠᠷᠬᠤ ᠦᠬᠡᠢ ᠭᠡᠨ᠎ᠡ᠃ ᠪᠢᠴᠢᠬᠠᠨ ᠬᠡᠣᠭᠡᠳ᠎ᠤᠳ ᠮᠠᠰᠢ ᠨᠠᠮ ᠵᠢᠮ ᠲᠢᠭᠯᠢᠮ᠎ᠲᠠᠢ ᠬᠤᠭᠤᠯᠠᠨ ᠭᠡᠷ᠎ᠲᠤ ᠣᠷᠣᠵᠣ ᠰᠠᠭᠤᠯᠴᠠᠨ ᠬᠤᠭᠤᠯᠨ᠎ᠪᠠᠨ ᠢᠳᠡᠵᠡᠭᠡᠪᠡ᠃   ᠰᠢᠷᠡᠭᠡ ᠭᠠᠴᠠᠭ᠎ᠠ ᠵᠢ ᠪᠠᠭᠳᠠᠭ᠋ᠠᠭᠰᠠᠨ ᠦᠢ᠍ᠷ᠎ᠡ ᠵᠡᠷᠭᠡᠯᠡᠳᠡᠭᠡ ᠪᠠᠶᠠᠠᠭᠤᠣᠯ᠂ ᠪᠠᠶᠠᠠᠳᠠᠯ᠎ᠠ᠂ ᠱᠠᠩᠰᠢᠨᠮᠣᠳᠣ ᠵᠡᠷᠭᠡ ᠭᠡᠳᠣᠨ ᠭᠠᠴᠠᠭ᠎ᠠ ᠵᠢᠨ ᠮᠠᠯᠴᠢᠨ ᠠᠷᠠᠳ᠎ᠤᠨ ᠠᠷᠪᠠᠨ ᠲᠠᠪᠣᠨ ᠭᠡᠣᠭᠡᠳ ᠴᠦᠮ ᠦᠪᠡᠷ ᠦᠪᠡᠷ᠎ᠤᠨ ᠬᠠᠯᠪᠠᠭ᠎ᠠ᠎ᠪᠠᠨ ᠵᠠᠷᠣᠵᠣ᠂ ᠦᠪᠡᠷ ᠦᠪᠡᠷ᠎ᠤᠨ ᠭᠡᠷ᠎ᠠᠴᠠ᠎ᠪᠠᠨ ᠠᠪᠴᠢᠷᠠᠭᠰᠠᠨ ᠨᠣᠭᠤᠭ᠎ᠠ ᠵᠠᠭᠤᠰᠢ᠎ᠪᠠᠨ ᠢᠳᠡᠵᠣ᠂ ᠦᠪᠡᠷ ᠦᠪᠡᠷ᠎ᠤᠨ ᠣᠷᠣᠨ᠎ᠳᠤ᠎ᠪᠠᠨ ᠰᠠᠭᠤᠵᠣ ᠦᠳᠡᠯᠡᠳᠡᠭ ᠵᠠᠩᠰᠢᠯ᠎ᠲᠠᠢ ᠪᠣᠯᠵᠣ᠂ ᠠ᠋ᠷᠳᠡᠨᠢᠴᠡᠴᠡᠭ ᠪᠠᠭᠰᠢ ᠰᠣᠷᠣᠭᠴᠢᠳ᠎ᠤᠨ ᠵᠶ᠋ᠠᠨ ᠡᠪᠬᠡᠵᠣ ᠲᠠᠯᠪᠢᠭᠰᠠᠨ ᠲᠡᠪᠡᠯ ᠬᠤᠪᠴᠠᠰᠣ ᠵᠢᠨ ᠠᠯᠢ᠎ᠨᠢ ᠭᠡᠨ᠎ᠤ ᠪᠣᠯᠬᠤ ᠵᠢ ᠲᠠᠨᠢᠬᠤ᠎ᠪᠠᠷ ᠪᠠᠷᠠᠭ᠍ᠣ ᠦᠬᠡᠢ ᠵᠢᠪ ᠵᠢᠵᠢᠭ ᠬᠠᠯᠪᠠᠭ᠎ᠠ᠎ᠳᠤ᠎ᠨᠢ ᠬᠦᠷᠳᠡᠯ᠎ᠡ ᠠᠨᠳᠠᠳᠠᠭ ᠦᠬᠡᠢ ᠪᠣᠯᠣᠭᠰᠠᠨ ᠶᠣᠮ ᠪᠠᠶ᠋ᠢᠨ᠎ᠠ᠃ ᠵᠠᠷᠢᠮ ᠭᠡᠣᠭᠡᠳ᠎ᠨᠢ ᠢᠳᠡᠵᠣ ᠪᠠᠶ᠋ᠢᠭ᠋ᠠᠳ ᠣᠰᠣ ᠣᠣᠭᠤᠨ᠎ᠠ ᠭᠡᠬᠦ᠎ᠳᠤ᠎ᠨᠢ ᠬᠠᠯᠠᠭᠤᠨ ᠪᠦᠯᠢᠶᠡᠨ᠎ᠨᠢ ᠲᠣᠬᠢᠷᠠᠭᠰᠠᠨ ᠣᠰᠣ ᠵᠢ ᠴᠣᠮᠣ᠎ᠳᠤ ᠬᠢᠵᠣ ᠦᠭᠬᠦᠨ᠂ ᠵᠠᠷᠢᠮ᠎ᠨᠢ ᠣᠳᠠᠯ ᠦᠬᠡᠢ ᠨᠦᠢ᠍ᠷᠮᠣᠭᠯᠠᠵᠣ ᠠ᠋ᠬᠢᠯᠡᠬᠦ᠎ᠳᠤ 《ᠢᠳᠡ ᠡ᠂ ᠣᠣᠭᠤ!》 ᠭᠡᠮᠡᠨ ᠢᠳᠬᠠᠨ ᠠᠷᠭ᠋ᠠᠳᠠᠵᠣ᠂ ᠨᠢᠯᠬ᠎ᠠ ᠪᠠᠭ᠎ᠠ ᠨᠢᠭᠡ᠎ᠳᠤ᠎ᠨᠢ ᠪᠠᠰᠨ ᠬᠠᠯᠪᠠᠭ᠎ᠠ᠎ᠪᠠᠷ ᠠᠮᠠᠨ᠎ᠳᠤ᠎ᠨᠢ ᠪᠣᠳᠠᠭ᠎ᠠ ᠬᠢᠵᠦ ᠦᠭᠴᠦ ᠪᠠᠢ᠍ᠢ᠍ᠪᠠ᠃

     《ᠨᠠᠮᠠᠢ᠍ᠢ ᠠᠩᠬ᠎ᠠ ᠢᠷᠡᠬᠦ᠎ᠳᠤ ᠣᠪᠣᠭ᠎ᠠ ᠰᠣᠷᠭ᠋ᠠᠭᠤᠯᠢ ᠬᠦᠷᠢᠶ᠎ᠡ ᠬᠠᠰᠢᠶ᠎ᠠ᠎ᠨᠢ ᠵᠠᠳᠠᠭ᠋ᠠᠢ᠂ ᠭᠡᠳᠣᠨ ᠲᠠᠰᠣᠯᠭ᠎ᠠ ᠨᠣᠷᠠᠭ᠍ᠣ ᠰᠢᠬᠠᠭᠰᠠᠨ ᠮᠠᠶ᠋ᠢᠵᠢᠬᠢ ᠰᠢᠪᠡᠷ ᠭᠡᠷ᠎ᠲᠠᠢ ᠯᠨ ᠪᠠᠶ᠋ᠢᠭᠰᠠᠨ ᠶᠣᠮ᠃ ᠲᠣᠭᠤᠶ᠋ᠢᠯᠠᠩ᠎ᠤᠨ ᠮᠠᠯᠴᠢᠳ᠂ ᠰᠣᠷᠣᠭᠴᠢᠳ᠎ᠤᠨ ᠭᠡᠷ᠎ᠤᠨ ᠠᠬᠠᠮᠠᠳ ᠪᠠ ᠭᠠᠴᠠᠭ᠎ᠠ ᠰᠣᠮᠣ ᠬᠤᠰᠢᠭᠤ ᠭᠡᠳᠣᠨ ᠱᠠᠳᠣᠨ᠎ᠤ ᠬᠠᠶ᠋ᠢᠷ᠎ᠡ ᠬᠠᠯᠠᠮᠵᠢ᠎ᠪᠠᠷ ᠦᠢ᠍ᠷ᠎ᠡ ᠵᠢᠨ ᠵᠢᠯ᠎ᠠᠴᠠ ᠭᠡᠷ ᠬᠦᠷᠢᠶ᠎ᠡ ᠰᠢᠨᠡᠳᠣᠨ᠂ ᠵᠢᠭ᠋ᠠᠨ ᠰᠣᠷᠭ᠋ᠠᠬᠤ ᠨᠦᠬᠦᠴᠡᠯ ᠲᠦᠬᠦᠭᠡᠷᠦᠮᠵᠢ ᠢᠯᠡᠳᠳᠡ ᠲᠦᠷᠭᠡᠨ ᠰᠠᠶ᠋ᠢᠵᠢᠷᠠᠵᠣ ᠣᠰᠣ ᠴᠠᠬᠢᠯᠭ᠋ᠠᠨ ᠪᠦᠷᠢᠳᠣᠨ ᠣᠣᠭᠤᠬᠤ ᠣᠰᠣ ᠠᠷᠢᠭᠤᠨ ᠴᠡᠪᠡᠷ᠂ ᠲᠣᠯᠠᠭ᠋ᠠᠯᠭ᠎ᠠ᠎ᠲᠠᠢ ᠪᠣᠯᠵᠣ᠂ ᠭᠠᠴᠠᠭ᠋ᠠᠨ ᠵᠦᠪᠯᠡᠯ᠎ᠤᠨ ᠠᠯᠪᠠᠯᠠᠭ᠍ᠣ ᠨᠦᠬᠦᠴᠡᠯ᠎ᠠᠴᠠ ᠪᠠᠰᠨ ᠰᠠᠢ᠍ᠢ᠍ᠨ ᠪᠤᠯᠵᠠᠢ》 ᠭᠡᠵᠣ ᠭᠡᠯᠡᠭᠰᠡᠨ᠎ᠠᠴᠠ ᠦᠵᠡᠪᠡᠯ ᠠ᠋ᠷᠳᠡᠨᠢᠴᠡᠴᠡᠭ ᠪᠠᠭᠰᠢ ᠦᠪᠡᠷ᠎ᠤᠨ ᠰᠣᠷᠭ᠋ᠠᠭᠤᠯᠢ ᠪᠣᠯᠣᠨ ᠠ᠋ᠷᠬᠢᠯᠡᠵᠣ ᠪᠠᠶ᠋ᠢᠭ᠎ᠠ ᠠᠵᠢᠯ᠎ᠳᠤ᠎ᠪᠠᠨ ᠮᠠᠰᠢ ᠬᠠᠨᠣᠮᠵᠢᠳᠠᠢ ᠪᠠᠶ᠋ᠢᠭ᠎ᠠ᠎ᠨᠢ ᠢᠯᠡᠭᠡᠨ᠃ ᠬᠢᠴᠢᠶᠡᠯ᠎ᠤᠨ ᠭᠡᠷ᠎ᠤᠨ ᠵᠡᠭᠦᠨ ᠲᠠᠯ᠎ᠠ᠎ᠳᠤ᠎ᠨᠢ ᠭᠡᠣᠭᠡᠳ᠎ᠤᠨ ᠨᠠᠭ᠋ᠠᠳᠣᠮ ᠲᠣᠭᠯᠠᠭ᠋ᠠᠮ᠎ᠤᠨ ᠭᠡᠷ᠂ ᠨᠢᠭᠡᠳᠦᠭᠡᠷ ᠣᠨ᠎ᠳᠤ᠎ᠪᠠᠨ ᠰᠢᠨ᠎ᠡ ᠬᠢᠴᠢᠶᠡᠯ ᠵᠢᠭ᠋ᠠᠬᠤ ᠦᠶᠡᠰ ᠴᠡᠴᠡᠷᠯᠢᠭ᠎ᠤᠨ ᠠᠩᠬᠢ ᠵᠢᠨ ᠭᠡᠣᠭᠡᠳ ᠠ᠋ᠨᠡ ᠦᠷᠦᠭᠡ᠎ᠳᠤ ᠢᠷᠡᠵᠣ ᠲᠣᠭᠯᠠᠳᠠᠭ᠂ ᠴᠠᠭ᠋ᠠᠨ᠎ᠠ᠎ᠨᠢ ᠭᠡᠣᠭᠡᠳ᠎ᠤᠨ ᠣᠨᠳᠠᠵᠣ ᠠᠮᠠᠷᠠᠭ᠍ᠣ ᠲᠠᠰᠤᠭ ᠪᠠᠢ᠍ᠢ᠍ᠳᠠᠬ᠃ ᠴᠣᠩᠬᠤᠨ ᠲᠣᠳᠣᠷ᠎ᠡ ᠲᠠᠶ᠋ᠢᠰᠠᠨ ᠲᠡᠭᠡᠷ᠎ᠡ 《ᠬᠤᠷᠠᠬ᠎ᠠ ᠰᠣᠮᠣ ᠵᠢᠨ ᠣᠪᠣᠭ᠎ᠠ ᠪᠠᠭ᠎ᠠ ᠰᠣᠷᠭ᠋ᠠᠭᠤᠯᠢ》 ᠭᠡᠮᠡᠭᠦ ᠲᠡᠮᠣᠷ ᠫᠠᠶ᠋ᠢᠵᠨ ᠲᠠᠯᠪᠢᠭ᠋ᠠᠰᠣᠳᠠᠢ᠃ 2006 ᠣᠨ᠎ᠳᠤ᠂ ᠰᠣᠮᠣ ᠰᠢᠶᠠᠩ᠎ᠢ ᠬᠠᠰᠣᠵᠣ ᠨᠡᠶ᠋ᠢᠯᠡᠬᠦᠯᠬᠦ᠎ᠳᠤ ᠣᠣᠯ᠎ᠤᠨ ᠬᠤᠷᠠᠬ᠎ᠠ ᠰᠣᠮᠣ᠎ᠨᠢ ᠰᠢᠷᠠᠮᠦ᠋ᠷᠡᠨ ᠰᠣᠮᠣ᠂ ᠶᠡᠭᠡᠨᠠᠭᠤᠷ ᠰᠣᠮᠣ᠎ᠲᠠᠢ ᠨᠡᠶ᠋ᠢᠯᠡᠨ ᠣᠳᠣ ᠵᠢᠨ ᠰᠢᠷᠠᠮᠦ᠋ᠷᠡᠨ ᠰᠣᠮᠣ ᠪᠣᠯᠵᠣ᠂ 2008 ᠣᠨ᠎ᠳᠤ ᠰᠣᠷᠭ᠋ᠠᠨ ᠬᠦᠮᠦᠵᠢᠯ᠎ᠤᠨ ᠠ᠋ᠬᠢ ᠪᠠᠶᠠᠯᠢᠭ᠎ᠢ ᠰᠢᠯᠢᠳᠡᠭᠵᠢᠬᠦᠯᠵᠣ ᠪᠦᠬᠦ ᠬᠤᠰᠢᠭᠤᠨ᠎ᠤ ᠮᠣᠩᠭᠤᠯ ᠵᠶ᠋ᠠᠷ ᠬᠢᠴᠢᠶᠡᠯᠯᠡᠬᠦ ᠠᠩᠬ᠎ᠠ ᠲᠣᠮᠳᠠᠳᠣ ᠰᠣᠷᠭ᠋ᠠᠭᠤᠯᠢ ᠵᠢ ᠬᠤᠰᠢᠭᠤᠨ᠎ᠳᠤ ᠲᠦᠪᠯᠡᠷᠡᠬᠦᠯᠦᠨ ᠨᠢᠭᠡᠳᠭᠡᠭᠰᠡᠨ ᠵᠶ᠋ᠠᠷ ᠭᠠᠴᠠᠭ᠎ᠠ᠎ᠳᠤ ᠪᠠᠶ᠋ᠢᠭᠰᠠᠨ ᠪᠠᠭ᠎ᠠ ᠰᠣᠷᠭ᠋ᠠᠭᠤᠯᠢ ᠰᠣᠮᠣᠨ᠎ᠳᠤ ᠲᠦᠪᠯᠡᠷᠡᠵᠣ᠂ ᠭᠠᠭᠴᠠ ᠬᠦ᠌ 1~3 ᠳ᠋ᠤᠭ᠋ᠠᠷ ᠣᠨ᠎ᠲᠠᠢ ᠪᠠᠶ᠋ᠢᠭᠰᠠᠨ ᠣᠪᠣᠭ᠎ᠠ ᠰᠣᠷᠭ᠋ᠠᠭᠤᠯᠢ ᠦᠯᠡᠳᠡᠵᠣ᠂ 2010 ᠣᠨ᠎ᠠᠴᠠ ᠨᠠᠭ᠋ᠠᠰᠢ ᠪᠠᠭᠰᠢ ᠵᠢᠨ ᠬᠦᠴᠦᠨ ᠨᠦᠬᠦᠵᠣ ᠲᠡᠶ᠋ᠢᠯᠬᠦ ᠦᠬᠡᠢ᠎ᠠᠴᠠ ᠨᠢᠭᠡᠳᠦᠭᠡᠷ ᠣᠨ ᠯᠨ ᠦᠯᠡᠳᠡᠵᠡᠢ᠃ ᠭᠡᠣᠭᠡᠳ᠎ᠤᠳ ᠬᠤᠭᠤᠯᠨ᠎ᠪᠠᠨ ᠢᠳᠡᠵᠣ ᠪᠠᠷᠠᠭ᠋ᠠᠳ ᠭᠠᠳᠠᠨ᠎ᠠ ᠨᠠᠭ᠋ᠠᠳᠴᠣ᠂ ᠭᠡᠷ᠎ᠲᠤ ᠠ᠋ᠷᠳᠡᠨᠢᠴᠡᠴᠡᠭ ᠪᠠᠭᠰᠢ ᠪᠣᠳᠠᠭ᠋ᠠᠨ ᠰᠠᠪᠠ ᠭᠡᠷᠡᠭᠰᠡᠯ᠎ᠢ ᠣᠬᠢᠶᠠᠵᠣ ᠠᠷᠴᠢᠨ ᠲᠤᠯᠠᠭ᠋ᠠᠯᠠᠭ᠎ᠠ ᠵᠢᠨ ᠵᠤᠤᠬᠠᠨ᠎ᠳᠤ ᠨᠡᠬᠦᠷᠡᠰᠣ ᠨᠡᠮᠡᠨ᠎ᠡ᠃ 《ᠪᠠᠭᠰᠢ ᠲᠠ ᠦᠢ᠍ᠷ᠎ᠡ ᠵᠢᠨ ᠵᠢᠯ᠎ᠳᠤ ᠲᠣᠮᠳᠠᠳᠣ ᠣᠯᠣᠰ᠎ᠤᠨ ᠵᠠᠯᠠᠭᠤᠴᠣᠳ ᠪᠠᠭ᠋ᠠᠴᠣᠳ᠎ᠤᠨ ᠰᠠᠭᠤᠷᠢ ᠮᠦᠩᠬᠦ ᠵᠢᠨ ᠨᠡᠶ᠋ᠢᠭᠡᠮᠯᠢᠭ᠎ᠤᠨ 〈ᠯᠠᠪ᠎ᠤᠨ ᠭᠡᠷᠡᠯ〉 ᠱᠠᠩ᠎ᠢ ᠲᠣᠰᠴᠣ᠂ ᠪᠠᠰᠨ ᠱᠠᠩᠨᠠᠯ᠎ᠤᠨ ᠮᠦᠩᠭᠦ᠎ᠪᠠᠨ ᠰᠣᠷᠭ᠋ᠠᠭᠤᠯᠢ ᠪᠠ ᠰᠣᠷᠣᠭᠴᠢᠳ᠎ᠲᠤ᠎ᠪᠠᠨ ᠬᠠᠨᠳᠢᠪᠯᠠᠵᠣ᠂ ᠣᠯᠠᠭ᠋ᠠᠠᠭ᠍ᠠᠳᠠ ᠬᠤᠳᠡ ᠵᠢᠨ 〈ᠮᠠᠨ᠎ᠤ ᠲᠡᠷᠭᠡᠳᠡᠬᠢ ᠬᠠᠮᠤᠭ᠎ᠤᠨ ᠰᠠᠶ᠋ᠢᠬᠠᠨ ᠪᠦᠰᠡᠬᠦᠢ〉᠎ᠪᠠᠷ ᠰᠣᠩᠭᠤᠭᠳᠠᠯ᠎ᠠ ᠭᠡᠰᠡᠨ᠂ ᠲᠠᠨ᠎ᠤ ᠣᠯᠣᠭᠰᠠᠨ ᠢᠷᠠᠭᠤ ᠠᠯᠳᠡᠷ ᠣᠯᠠᠨ ᠪᠠᠶ᠋ᠢᠬ᠎ᠠ ᠡ᠂ ᠠ᠋ᠬᠦᠨ᠎ᠤ᠎ᠪᠠᠨ ᠲᠣᠬᠠᠢ ᠵᠢᠭ᠋ᠠᠬᠠᠨ ᠬᠠᠭᠤᠴᠢᠯᠠᠬᠤ ᠦᠭᠡᠢ ᠤᠤ?》 ᠭᠡᠬᠦ᠎ᠳᠤ 《ᠭᠤᠴᠢᠨ ᠵᠢᠯ᠎ᠤᠨ ᠲᠣᠷᠰᠢ ᠰᠣᠮᠣ ᠬᠤᠰᠢᠭᠤ ᠵᠢᠨ ᠨᠠᠮ ᠵᠠᠰᠠᠭ᠎ᠤᠨ ᠠᠷᠪᠠᠨ ᠰᠣᠳᠣᠨ ᠵᠠᠯᠠᠭᠤ᠂  〈3 · 8〉᠎ᠤ ᠣᠯᠠᠭ᠋ᠠᠨ ᠲᠣᠭᠴᠢ᠂ ᠵᠢᠭ᠋ᠠᠨ ᠰᠣᠷᠭ᠋ᠠᠬᠤ ᠴᠢᠳᠠᠪᠦᠷᠢᠳᠡᠨ᠂ ᠰᠢᠯᠢᠳᠡᠭ ᠬᠠᠪᠰᠣᠷᠣᠨ ᠵᠢᠯᠣᠭᠤᠳᠣᠭᠴᠢ᠂ ᠵᠢᠱ᠌ᠢᠶᠡᠴᠢ ᠪᠠᠭᠰᠢ᠂ ᠰᠢᠯᠢᠳᠡᠭ ᠨᠠᠮ᠎ᠤᠨ ᠭᠡᠰᠢᠬᠦᠨ ᠵᠡᠷᠭᠡ ᠣᠯᠠᠨ ᠣᠯᠠᠨ ᠱᠠᠩᠨᠠᠯ ᠰᠠᠶ᠋ᠢᠰᠢᠶᠡᠯ᠎ᠢ   ᠬᠦᠷᠳᠡᠵᠣ ᠶᠠᠪᠣᠵᠠᠢ᠃ ᠨᠠᠳᠠᠳᠣ ᠬᠠᠶ᠋ᠢᠷ᠎ᠠ ᠬᠠᠯᠠᠮᠵᠢ᠂ ᠢᠳᠡᠭᠡᠯ ᠬᠦᠴᠦ ᠣᠯᠭᠤᠭᠰᠠᠨ ᠨᠠᠮ ᠵᠠᠰᠠᠭ ᠪᠣᠯᠣᠨ ᠠᠶ᠋ᠢᠯ ᠠᠶ᠋ᠢᠮᠠᠭ᠎ᠤᠨ᠎ᠬᠢᠨ᠎ᠳᠤ᠎ᠪᠠᠨ ᠪᠠᠶᠠᠷᠯᠠᠨ ᠲᠠᠯᠠᠷᠬᠠᠭ᠋ᠠᠳ ᠪᠠᠷᠠᠭ᠍ᠣ ᠦᠬᠡᠢ ᠪᠠᠶ᠋ᠢᠨ᠎ᠠ᠃ ᠰᠡᠳᠬᠢᠭᠳᠡᠯ ᠭᠡᠮᠡᠷ ᠶᠠᠭᠤ ᠯᠨ ᠪᠠᠶ᠋ᠢᠨ᠎ᠠ ᠳ᠋ᠠ᠂ ᠨᠠᠳᠠᠳᠣ ᠲᠡᠬᠦᠨ᠎ᠢ ᠲᠡᠯᠭᠡᠬᠦ ᠰᠡᠳᠬᠢᠯ ᠴᠦ᠍ ᠦᠬᠡᠢ᠂ ᠵᠠᠪ ᠴᠦ᠍ ᠦᠬᠡᠢ᠃ ᠣᠯᠠᠨ ᠲᠦᠮᠡᠨ ᠲᠦᠰᠢᠭ ᠪᠣᠯᠵᠣ ᠣᠪᠣᠭ᠎ᠠ ᠰᠣᠷᠭ᠋ᠠᠭᠤᠯᠢ ᠮᠢᠨᠢ ᠣᠷᠣᠨ᠎ᠳᠤ᠎ᠪᠠᠨ ᠣᠪᠣᠶ᠋ᠢᠵᠣ᠂ ᠣᠯᠠᠨ ᠭᠡᠣᠭᠡᠳ ᠮᠢᠨᠢ ᠰᠣᠷᠭ᠋ᠠᠭᠤᠯᠢ᠎ᠳᠤ᠎ᠪᠠᠨ ᠲᠣᠭᠯᠠᠵᠣ ᠪᠠᠶ᠋ᠢᠪᠠᠯ ᠮᠢᠨᠣ ᠬᠠᠮᠤᠭ᠎ᠤᠨ ᠲᠡᠭᠡᠳᠣ ᠱᠠᠩᠨᠠᠯ ᠰᠠᠶ᠋ᠢᠰᠢᠶᠠᠯ ᠲᠡᠷᠨ ᠰᠢᠣ!》 ᠭᠡᠵᠣ ᠶᠦᠮᠦᠷᠯᠢᠭ ᠮᠦᠷᠳᠡᠭᠡᠨ ᠢᠳᠡᠭᠡᠯ᠎ᠲᠠᠢ ᠮᠦᠰᠢᠶᠡᠨ ᠶᠠᠷᠢᠭ᠋ᠠᠳ 《ᠪᠠᠭᠰᠢ ᠲᠠ ᠮᠢᠨᠣ ᠦᠭᠡ ᠭᠡᠯᠡᠬᠦ ᠵᠢ ᠪᠢᠳᠡᠭᠡᠢ ᠠ᠋ᠯᠡᠭᠯᠡᠭᠡᠴᠢ ᠳ᠋ᠠ》 ᠭᠡᠪᠡ᠃ ᠣᠣᠯ᠎ᠨᠢ ᠠ᠋ᠷᠳᠡᠨᠢᠴᠡᠴᠡᠭ ᠪᠠᠭᠰᠢ ᠬᠤᠶᠠᠷ ᠣᠳᠠᠭ᠎ᠠ ᠠᠶ᠋ᠢᠯ᠎ᠤᠨ ᠨᠣᠬᠠᠢ᠎ᠳᠤ ᠬᠠᠵᠠᠭᠳᠠᠵᠦ ᠦᠩᠭᠡᠷᠡᠵᠠᠢ᠃ 1990 ᠣᠨ᠎ᠤ ᠬᠠᠪᠣᠷ᠎ᠤᠨ ᠨᠢᠭᠡᠨ ᠦᠳᠡᠰᠢ ᠰᠣᠷᠭ᠋ᠠᠭᠤᠯᠢ ᠲᠠᠷᠬᠠᠭ᠋ᠠᠳ ᠲᠤᠭᠤᠢ ᠣᠨᠣᠵᠣ ᠭᠡᠷ ᠵᠦᠭ ᠵᠶ᠋ᠠᠨ ᠪᠣᠴᠠᠭ᠍ᠣ ᠵᠠᠮ ᠵᠠᠭᠤᠷ᠎ᠠ ᠠᠶ᠋ᠢᠯ᠎ᠤᠨ ᠨᠣᠬᠠᠢ᠎ᠳᠤ ᠬᠠᠵᠠᠭᠳᠠᠵᠣ᠂ 2014 ᠣᠨ᠎ᠤ ᠰᠢᠨ᠎ᠡ ᠣᠨ᠎ᠤ ᠰᠢᠨ᠎ᠡ ᠵᠢᠨ ᠨᠢᠭᠡᠨ᠎ᠤ ᠠ᠋ᠮᠣᠨ᠎ᠡ ᠠ᠋ᠳᠣᠷ᠂ ᠲᠡᠷᠡ ᠰᠣᠷᠣᠭᠴᠢᠳ᠎ᠤᠨ ᠵᠶ᠋ᠠᠨ ᠬᠤᠭᠤᠴᠠᠭ᠋ᠠᠨ ᠡᠴᠣᠰ᠎ᠤᠨ ᠰᠢᠯᠭ᠋ᠠᠯᠳᠠ ᠵᠢᠨ ᠬᠢᠷᠢ ᠪᠦᠳᠦᠮᠵᠢ ᠵᠢᠨ ᠬᠠᠭᠤᠳᠠᠰᠣ ᠵᠢ ᠲᠠᠷᠬᠠᠭ᠋ᠠᠵᠣ ᠶᠠᠪᠣᠬᠤ᠎ᠳᠤ᠎ᠪᠠᠨ ᠠᠶ᠋ᠢᠯ᠎ᠤᠨ ᠨᠣᠬᠠᠢ᠎ᠳᠤ ᠨᠢᠭᠤᠷ ᠣᠷᠣᠭᠤᠯ ᠵᠶ᠋ᠠᠨ ᠬᠦᠷᠳᠡᠯ᠎ᠡ ᠣᠷᠠᠭᠤᠯᠵᠦ ᠰᠣᠮᠣ ᠬᠤᠰᠢᠭᠤᠨ᠎ᠤ ᠠ᠋ᠮᠨᠡᠯᠭᠡ ᠲᠠᠮᠵᠢᠨ 27 ᠵᠡᠬᠦᠦ ᠣᠶᠣᠭᠤᠯᠵᠣ ᠰᠣᠷᠪᠢ ᠠᠷᠬᠠᠭ ᠦᠯᠡᠳᠡᠭᠰᠡᠨ ᠪᠠᠶ᠋ᠢᠨ᠎ᠠ᠃ ᠲᠡᠷᠨ ᠨᠢᠭᠡ ᠵᠢᠯ ᠠ᠋ᠷᠳᠡᠨᠢᠴᠡᠴᠡᠭ ᠪᠠᠭᠰᠢ ᠵᠢ ᠭᠠᠢ ᠲᠡᠭᠡᠷ᠎ᠡ ᠭᠠᠮᠰᠢᠭ ᠲᠠᠭ᠋ᠠᠷᠢᠵᠣ ᠣᠷᠢᠳ ᠬᠤᠵᠢᠳ ᠪᠠᠮᠪᠠᠢ ᠪᠣᠯᠴᠢᠷᠬᠠᠢ ᠵᠢᠨ ᠮᠡᠰᠨ ᠵᠠᠰᠠᠯ᠂ ᠭᠡᠪᠳᠡᠰᠢ ᠵᠢᠨ ᠪᠡᠳᠡᠬᠢ ᠵᠢᠨ ᠮᠡᠰᠨ ᠵᠠᠰᠠᠯ ᠬᠢᠯᠭᠡᠵᠣ ᠡᠪᠡᠷᠰᠢᠶᠡᠯ ᠡᠪᠡᠳᠦᠯ᠎ᠤᠨ ᠲᠠᠷᠴᠢᠯᠭ᠋ᠠᠯ ᠪᠠ ᠰᠣᠷᠭ᠋ᠠᠭᠤᠯᠢ ᠰᠣᠷᠣᠭᠴᠢᠳ ᠵᠶ᠋ᠠᠨ ᠰᠠᠨᠠᠭ᠍ᠣ ᠰᠡᠳᠬᠢᠯ᠎ᠤᠨ ᠵᠣᠪᠠᠯᠠᠩ᠎ᠳᠤ ᠣᠨᠠᠭ᠋ᠠᠵᠠᠢ᠃ ᠠᠯᠪᠠᠨ ᠭᠡᠷ᠎ᠤᠨ ᠦᠨᠴᠦᠭ᠎ᠲᠤ ᠠ᠋ᠨᠡ ᠵᠣᠨ ᠲᠡᠬᠦᠰᠦᠭᠰᠡᠨ ᠨᠢᠭᠡᠳᠦᠭᠡᠷ ᠣᠨ᠎ᠤ ᠰᠣᠷᠣᠭᠴᠢᠳ᠎ᠠᠴᠠ ᠬᠦᠷᠭᠡᠭᠰᠡᠨ ᠨᠢᠭᠡ ᠭᠡᠮᠡᠷᠯᠢᠭ ᠲᠤᠭ ᠲᠠᠯᠪᠢᠭ᠋ᠠᠰᠣᠳᠠᠢ᠂ ᠲᠡᠭᠡᠷ᠎ᠡ᠎ᠨᠢ 《ᠠ᠋ᠷᠬᠢᠮ ᠬᠦᠨᠳᠣᠳᠣ ᠠ᠋ᠷᠳᠡᠨᠢᠴᠡᠴᠡᠭ ᠪᠠᠭᠰᠢ᠎ᠳᠤ᠎ᠪᠠᠨ᠄ ᠰᠢᠨ᠎ᠡ ᠨᠣᠭᠤᠭ᠎ᠠ ᠰᠣᠷᠭᠤᠭ ᠴᠡᠴᠡᠭ ᠪᠦᠬᠦᠨ᠎ᠳᠤ / ᠰᠢᠮ᠎ᠡ᠎ᠪᠠᠨ ᠢᠪᠡᠭᠡᠭᠰᠡᠨ ᠬᠦᠷᠦᠰᠦ ᠰᠢᠷᠦᠢ ᠮᠡᠳᠣ / ᠰᠢᠮᠡᠳᠣ ᠰᠣᠶᠣᠯ ᠪᠢᠯᠢᠭ ᠠ᠋ᠷᠳᠡᠮ ᠵᠶ᠋ᠠᠷ ᠣᠷᠭᠤᠬᠤ / ᠰᠢᠨ᠎ᠡ ᠠ᠋ᠷᠡᠨ᠎ᠤ ᠪᠠᠭ᠋ᠠᠴᠣᠳ ᠪᠢᠳᠡᠨ᠎ᠳᠤ ᠨᠠᠷᠨ ᠮᠡᠳᠣ ᠲᠠ ᠮᠢᠨᠢ!》 ᠭᠡᠰᠡᠨ ᠠᠯᠳᠠᠨ ᠰᠢᠷᠭ᠋ᠠᠯ ᠲᠦᠷᠪᠡᠨ ᠮᠦᠷ ᠲᠣᠮᠣ ᠦᠰᠦᠭ ᠲᠣᠷᠠᠶ᠋ᠢᠨ᠎ᠠ᠃ ᠠ᠋ᠷᠳᠡᠨᠢᠴᠡᠴᠡᠭ ᠪᠠᠭᠰᠢ ᠵᠢᠨ ᠰᠣᠷᠣᠭᠴᠢᠳ᠎ᠠᠴᠠ ᠣᠳᠣ ᠭᠠᠷ᠎ᠨᠢ ᠭᠠᠨᠵᠣᠭ᠋ᠠᠨ᠎ᠳᠤ᠂ ᠬᠦᠯ᠎ᠨᠢ ᠲᠦᠷᠦᠭᠡᠨ᠎ᠳᠤ ᠬᠦᠷᠦᠭᠡᠳ ᠪᠠᠭᠰᠢ᠂   ᠰᠣᠪᠢᠯᠠᠭᠴᠢ᠂ ᠠᠵᠣ ᠠᠬᠤᠶ᠋ᠢᠯᠠᠯᠳᠡᠨ᠂ ᠦᠨᠳᠦᠰᠦᠨ ᠱᠠᠳᠣᠨ᠎ᠤ ᠨᠠᠮ ᠵᠠᠰᠠᠭ᠎ᠤᠨ ᠣᠳᠣᠷᠢᠳᠬᠤ ᠺᠠᠳ᠋ᠷ ᠪᠣᠯᠵᠣ ᠡᠯ᠎ᠡ ᠹᠷᠣᠨᠲ ᠲᠡᠭᠡᠷ᠎ᠡ ᠬᠢᠯᠠᠯᠵᠠᠭᠤᠯᠵᠤ ᠶᠠᠪᠣᠭ᠎ᠠ ᠦᠨᠳᠦᠷ ᠰᠣᠶᠣᠯ ᠦᠷᠭᠡᠨ ᠮᠡᠳᠡᠯᠭᠡ ᠦᠯᠡᠮᠵᠢ ᠠᠮᠵᠢᠯᠳᠡ᠎ᠲᠠᠢ ᠬᠦᠮᠣᠰ ᠵᠦᠩᠳᠡᠭᠡᠨ ᠪᠠᠶ᠋ᠢᠨ᠎ᠠ᠃

     《ᠪᠠᠭᠰᠢ ᠡ᠂ 10 ᠵᠢᠨ ᠪᠦᠳᠦᠴᠨ ᠵᠢ ᠢᠩᠬᠢᠵᠣ ᠵᠠᠳᠠᠯᠣᠭᠰᠠᠨ ᠲᠠᠭ᠋ᠠᠷᠠᠨ᠎ᠠ ᠦᠦ?》 ᠭᠡᠵᠣ ᠨᠢᠭᠡ ᠭᠡᠣᠭᠡᠨ ᠰᠣᠷᠣᠭᠴᠢ ᠲᠠᠰᠬᠠᠯ ᠪᠠᠷᠢᠵᠣ ᠢᠷᠡᠭᠡᠳ ᠦᠵᠡᠬᠦᠯᠵᠣ ᠪᠠᠶ᠋ᠢᠨ᠎ᠠ᠃ ᠬᠢᠴᠢᠶᠠᠯ ᠤᠷᠤᠬᠤ ᠴᠠᠭ ᠴᠤ᠌ ᠪᠤᠯᠪᠠ᠃ ᠣᠪᠣᠭ᠎ᠠ ᠰᠣᠷᠭ᠋ᠠᠭᠤᠯᠢ᠎ᠠᠴᠠ ᠠ᠋ᠷᠳᠡᠨᠢᠴᠡᠴᠡᠭ ᠪᠠᠭᠰᠢ᠎ᠲᠠᠢ ᠠᠶᠠᠷᠯᠠᠨ ᠪᠣᠴᠠᠭ᠍ᠣ ᠵᠠᠮ᠎ᠳᠤ᠎ᠪᠠᠨ ᠪᠢ ᠮᠠᠣ ᠲᠡᠷᠢᠬᠦᠯᠡᠭᠴᠢ ᠵᠢᠨ 《ᠨᠢᠭᠡ ᠬᠦᠮᠦᠨ ᠨᠢᠭᠡ ᠵᠢᠭ᠋ᠠᠬᠠᠨ ᠰᠠᠶ᠋ᠢᠨ ᠶᠠᠪᠣᠳᠠᠯ ᠬᠢᠬᠦ ᠲᠡᠮᠡᠢ ᠬᠦᠴᠢᠷ ᠪᠢᠰᠢ᠂ ᠬᠦᠴᠢᠷ᠎ᠨᠢ ᠨᠠᠰᠣᠨ ᠲᠣᠷᠰᠢᠳᠡ ᠰᠠᠶ᠋ᠢᠨ ᠶᠠᠪᠣᠳᠠᠯ ᠬᠢᠵᠣ ᠮᠠᠭᠤ ᠭᠡᠷᠡᠭ ᠬᠢᠬᠦ ᠦᠬᠡᠢ᠂ ᠢᠮᠠᠭᠳᠠ ᠦᠷᠭᠡᠨ ᠣᠯᠠᠨ ᠲᠦᠮᠡᠨ᠎ᠳᠤ ᠲᠣᠰᠠᠳᠠᠢ᠂ ᠢᠮᠠᠭᠳᠡ ᠵᠠᠯᠠᠭᠤᠴᠣᠳ᠎ᠲᠤ ᠲᠣᠰᠠᠳᠠᠢ᠂ ᠢᠮᠠᠬᠳᠠ ᠬᠤᠪᠢᠰᠬᠠᠯ᠎ᠳᠤ ᠲᠣᠰᠠᠳᠠᠢ᠂ ᠭᠡᠳᠣᠨ ᠠᠷᠪᠠᠨ ᠵᠢᠯ ᠨᠢᠭᠡ ᠠ᠋ᠳᠦᠷ ᠮᠡᠳᠣ ᠬᠠᠳᠠᠭᠤᠵᠢᠯᠳᠠᠢ ᠲᠡᠮᠡᠴᠡᠬᠦ ᠪᠣᠯ ᠰᠠᠶᠢ ᠬᠦᠴᠢᠷ᠎ᠠᠴᠠ ᠬᠦᠴᠢᠷ》 ᠭᠡᠰᠡᠨ ᠨᠢᠭᠡ ᠪᠠᠳᠠᠭ ᠦᠬᠡ ᠵᠢ ᠦᠪᠡᠷ᠎ᠤᠨ ᠠ᠋ᠷᠭᠡ ᠦᠬᠡᠢ ᠰᠠᠨᠠᠵᠣ ᠣᠯᠪᠠ᠃

      ᠬᠠᠶᠢᠬ᠄ ᠪᠠᠭ᠋ᠠᠷᠢᠨ ᠪᠠᠷᠠᠭᠤᠨ ᠬᠤᠰᠢᠭᠤᠨ᠎ᠤ ᠤᠯᠤᠰ ᠲᠦᠷᠦ ᠵᠢᠨ ᠵᠦᠪᠯᠡᠯᠭᠡᠨ

                                  (ᠠ᠋ᠾᠤᠢ᠍ᠩ ᠮᠸᠢ ᠨᠠᠢ᠍ᠢ᠍ᠷᠠᠭᠤᠯᠪᠠ)

                                  2019 ᠣᠨ᠎ᠤ 2 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
《ᠠᠨᠳᠠ》 ᠭᠡᠳᠡᠭ ᠦᠭᠡ ᠵᠢᠨ ᠲᠤᠬᠠᠢ ᠤᠴᠢᠷᠯᠠᠭ᠍ᠤ᠎ᠨᠢ
ᠨᠠᠢ᠍ᠮᠠᠨ ᠬᠤᠰᠢᠭᠤᠨ᠎ᠤ ᡁᠢ ᠠᠨ ᠪᠠᠯᠭ᠋ᠠᠰᠥᠨ᠎ᠤ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠵᠢᠨ ᠲᠡᠦᠬᠡᠨ ᠮᠦᠷ
《ᠮᠤᠩᠭᠤᠯ᠎ᠤᠨ ᠨᠢᠭᠤᠴᠠ ᠳᠤᠪᠴᠢᠶᠠᠨ》᠎ᠳᠤ᠎ᠬᠢ ᠠ᠋ᠮᠡᠭᠳᠠᠶ᠋ᠢᠴᠦᠳ᠎ᠤᠨ ᠲᠦᠷᠢ ᠵᠢ ᠰᠢᠨᠵᠢᠯᠡᠬᠦ᠎ᠨᠢ
ᠮᠢᠨᠤ ᠬᠦᠭᠡᠷᠦᠬᠦᠨ 《ᠵᠢᠭ᠋ᠠᠯ ᠪᠠᠭᠰᠢ》
ᠤᠭ ᠰᠠᠨᠠᠭ᠎ᠠ᠎ᠪᠠᠨ ᠥᠯᠥ ᠮᠠᠷᠲᠠᠵᠤ ᠠ᠋ᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠨᠡᠮ
 
             蒙ICP备05000248号