ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠣᠭᠤᠭᠠᠷᠠᠭᠤᠯᠤᠯᠲᠠ   -   ᠣᠢ ᠮᠤᠳᠤᠨ᠎ᠤ ᠰᠢᠯᠢᠳᠡᠭ ᠡᠭᠦᠯᠳᠡᠷ
ᠰᠡᠨᠳᠦᠨ ᠮᠤᠳᠤᠨ᠎ᠤ ᠡᠬᠡ ᠮᠤᠳᠤᠨ ᠤᠢ
ᠨᠡᠶ᠋ᠢᠲᠡᠯᠡᠭᠰᠡᠨ ᠴᠠᠭ᠄ 2022-02-09

    ᠮᠣᠳᠣᠨ᠎ᠤ ᠲᠥᠷᠥᠯ᠄ ᠲᠦᠴᠢᠤᠸᠠᠨ ᠰᠢᠶᠠᠨ᠎ᠤ ᠳ᠋ᠦᠩ ᠹᠸᠩ ᠤᠢ ᠰᠢᠭᠤᠢ ᠵᠢᠨ ᠲᠠᠯᠠᠪᠠᠢ ᠵᠢᠨ ᠰᠡᠨᠳᠦᠨ ᠮᠤᠳᠤᠨ᠎ᠤ ᠡᠬᠡ ᠮᠤᠳᠤᠨ ᠤᠢ ᠵᠢᠨ ᠴᠢᠬᠢ ᠮᠤᠳᠤ
    ᠰᠢᠨᠵᠢᠯᠡᠭᠡᠨ᠎ᠤ ᠨᠡᠷ᠎ᠡ᠄ Xanthoceras sorbifolia' Dongfenglinchang mushulin zhongzi'
    ᠲᠥᠷᠥᠯ ᠠᠩᠬᠢᠯᠡᠯ᠄ ᠡᠬᠡ ᠮᠣᠳᠣᠨ᠎ᠤ ᠣᠶ
    ᠪᠠᠲᠤᠯᠠᠭᠰᠠᠨ ᠬᠡᠯᠪᠡᠷᠢ᠄ ᠬᠢᠨᠠᠨ ᠲᠤᠭᠲᠠᠭ᠋ᠠᠯᠳᠠ
    ᠡᠭᠦᠯᠳᠡᠷ᠎ᠤᠨ ᠳ᠋ᠤᠭ᠋ᠠᠷᠯᠠᠯ᠄ ᠮᠣᠩᠭᠣᠯ S-SS-XS-003-2020
    ᠭᠤᠶᠤᠴᠢᠯᠠᠭᠴᠢ᠄ ᠲᠦᠴᠢᠦᠸᠠᠨ ᠰᠢᠶᠠᠨ᠎ᠤ ᠳ᠋ᠦᠩ ᠹᠸᠩ ᠣᠶ ᠰᠢᠭᠤᠶ ᠵᠢᠨ ᠲᠠᠯᠠᠪᠠᠶ᠂ ᠲᠦᠴᠢᠦᠸᠠᠨ ᠰᠢᠶᠠᠨ᠎ᠤ ᠤᠯᠤᠰ᠎ᠤᠨ ᠥᠮᠴᠢᠯᠡᠯᠲᠦ ᠵᠥᠩ ᠰᠢᠨ ᠣᠶ ᠰᠢᠭᠤᠶ ᠵᠢᠨ ᠪᠠᠯᠠ ᠣᠷᠣᠭᠤᠯᠤᠯᠲᠠ ᠵᠢᠨ ᠡᠵᠡᠩᠨᠡᠯᠲᠡ ᠵᠢᠨ ᠬᠢᠵᠠᠭ᠋ᠠᠷᠲᠤ ᠺᠣᠮᠫᠠᠨᠢ



      ᠡᠭᠦᠯᠳᠡᠷ᠎ᠤᠨ ᠣᠨᠴᠠᠯᠢᠭ᠄
      ᠪᠣᠳᠠ ᠮᠣᠳᠣ ᠪᠤᠶᠤ ᠵᠢᠵᠢᠭ ᠲᠤᠷᠤᠭ ᠮᠣᠳᠣ᠃ ᠰᠠᠭᠯᠠᠭ᠋ᠠᠷ ᠬᠡᠯᠪᠡᠷᠢᠲᠦ ᠮᠤᠳᠦ᠂ ᠢᠳᠡᠷᠡᠭᠦᠨ ᠳᠣᠷᠪᠢᠲᠠᠶ᠂ ᠮᠥᠴᠢᠷ᠎ᠨᠢ ᠪᠦᠳᠦᠭᠦᠨ᠃ ᠭᠠᠩ ᠬᠠᠭᠰᠠᠷᠠᠭ᠋ᠠᠨ᠎ᠳᠤ ᠲᠡᠰᠪᠦᠷᠢᠲᠡᠶ᠂ ᠬᠦᠢ᠍ᠲᠡᠨ᠎ᠳᠤ ᠲᠡᠰᠪᠦᠷᠢᠲᠡᠶ   ᠪᠠᠭ᠎ᠠ ᠬᠡᠮᠵᠢᠶᠡᠨ᠎ᠤ ᠬᠤᠵᠢᠷ ᠪᠠ ᠡᠪᠡᠳᠴᠢᠨ ᠬᠣᠷᠣᠬᠠᠶ ᠵᠢᠨ ᠬᠥᠨᠥᠭᠡᠯ᠎ᠢ ᠡᠰᠡᠷᠭᠦᠴᠡᠬᠦ ᠴᠢᠳᠠᠪᠤᠷᠢ᠎ᠪᠠᠷ ᠴᠢᠩᠭ᠎ᠠ ᠵᠡᠷᠭᠡ ᠣᠨᠴᠠᠯᠢᠭ᠎ᠲᠠᠢ᠃ ᠲᠤᠰ ᠮᠤᠳᠤᠨ᠎ᠤ ᠰᠠᠭᠤᠷᠢ ᠪᠦᠷᠢ ᠵᠢᠨ ᠵᠢᠮᠢᠰ᠎ᠤᠨ ᠲᠤᠮᠳᠠᠴᠢ ᠭᠠᠷᠤᠯᠳᠠ᠎ᠨᠢ ᠪᠠᠷᠤᠭ 124 ᠰᠢᠷᠬᠡᠭ ᠵᠢᠮᠢᠰ ᠪᠠᠶ᠋ᠢᠵᠤ᠂ ᠵᠢᠮᠢᠰ ᠪᠦᠷᠢ ᠵᠢᠨ ᠦᠷ᠎ᠡ᠎ᠨᠢ ᠲᠤᠮᠳᠠᠴᠢ᠎ᠪᠠᠷ ᠪᠠᠷᠤᠭ 21 ᠮᠥᠬᠥᠯᠢᠭ ᠪᠠᠶ᠋ᠢᠳᠠᠭ᠃ ᠦᠷ᠎ᠡ᠎ᠨᠢ ᠪᠥᠮᠪᠥᠭᠡᠯᠢᠭ ᠬᠡᠯᠪᠡᠷᠢ᠎ᠲᠠᠢ᠂ ᠮᠢᠩᠭ᠋ᠠᠨ ᠮᠥᠬᠥᠯᠢᠭ ᠦᠷ᠎ᠡ ᠵᠢᠨ ᠳᠤᠮᠳᠠᠴᠢ ᠬᠦᠨᠳᠦ᠎ᠨᠢ ᠪᠠᠷᠤᠭ 1303g᠂ ᠳᠤᠮᠳᠠᠴᠢ ᠤᠨᠠᠯᠲᠠ᠎ᠨᠢ ᠪᠠᠷᠤᠭ 3.4kg᠃ ᠦᠷ᠎ᠡ ᠵᠢᠨ ᠲᠣᠰᠣᠨ᠎ᠤ ᠠᠭᠤᠯᠤᠭᠳᠠᠴᠠ 40 %  ᠂ ᠦᠷ᠎ᠡ ᠵᠢᠨ ᠴᠥᠮ᠎ᠡ ᠵᠢᠨ ᠲᠣᠰᠣᠨ᠎ᠤ ᠠᠭᠤᠯᠤᠭᠳᠠᠴᠠ 63%᠂ ᠦᠷ᠎ᠡ ᠵᠢᠨ ᠴᠥᠮ᠎ᠡ ᠵᠢᠨ ᠥᠭᠡᠬᠦ ᠵᠢᠨ ᠠᠭᠤᠯᠤᠭᠳᠠᠴᠠ 60%᠂ ᠤᠭᠤᠷᠠᠭ᠎ᠤᠨ ᠠᠭᠤᠯᠤᠭᠳᠠᠴᠠ 28%᠂ ᠪᠦᠳᠦᠭᠦᠨ ᠰᠢᠷᠬᠡᠭᠯᠢᠭ᠎ᠤᠨ ᠠᠭᠤᠯᠤᠭᠳᠠᠴᠠ 6%᠂ ᠸᠢᠲ᠋ᠠᠮᠢᠨ E ᠵᠢᠨ ᠠᠭᠤᠯᠤᠭᠳᠠᠴᠠ 15.9mg/100g ᠪᠠᠶ᠋ᠢᠳᠠᠭ᠃
      ᠬᠡᠷᠡᠭᠯᠡᠭᠡᠨ᠎ᠤ ᠴᠢᠳᠠᠮᠵᠢ᠄
      ᠠᠵᠤ ᠠᠬᠤᠶ ᠵᠢᠨ ᠣᠶ ᠪᠠ ᠠᠮᠢ ᠠᠬᠤᠶ ᠵᠢᠨ ᠣᠶ ᠪᠠᠶ᠋ᠢᠭᠤᠯᠬᠤ ᠪᠤᠶᠤ ᠴᠡᠴᠡᠷᠯᠢᠭ᠎ᠤᠨ ᠨᠣᠭᠣᠭ᠋ᠠᠷᠠᠭᠤᠯᠤᠯᠲᠠ᠎ᠳᠤ ᠬᠡᠷᠡᠭᠯᠡᠵᠦ ᠪᠤᠯᠳᠠᠭ ᠮᠤᠳᠤᠨ᠎ᠤ ᠲᠦᠷᠦᠯ ᠪᠤᠯᠤᠨ᠎ᠠ᠃
      ᠮᠡᠷᠭᠡᠵᠢᠯ᠎ᠤᠨ ᠭᠣᠣᠯᠳᠠᠯᠭ᠎ᠠ
      ᠶᠡᠷᠦ᠎ᠳᠡᠭᠡᠨ 4 ᠰᠠᠷ᠎ᠠ ᠵᠢᠨ ᠰᠢᠨᠡᠳ᠎ᠠᠴᠠ 5 ᠰᠠᠷ᠎ᠠ ᠵᠢᠨ ᠳᠤᠮᠳᠠᠴᠢ᠎ᠳᠤ ᠲᠠᠷᠢᠵᠦ ᠤᠷᠭᠤᠭᠤᠯᠳᠠᠭ᠃ ᠴᠢᠬᠢ ᠮᠤᠳᠤᠨ᠎ᠤ ᠮᠥᠷ᠎ᠤᠨ ᠵᠠᠶ᠎ᠨᠢ 2m × 2m᠎ᠠᠴᠠ ᠪᠠᠭ᠎ᠠ ᠪᠠᠶ᠋ᠢᠵᠤ ᠪᠣᠯᠬᠤ ᠦᠭᠡᠢ᠃ ᠲᠠᠷᠢᠵᠦ ᠵᠠᠢ᠌ᠯᠠᠬᠤ ᠬᠦᠨᠴᠠ᠎ᠨᠢ 60cm᠂ ᠰᠦᠯᠢᠶᠣᠣ ᠪᠦᠷᠬᠦᠭᠦᠯ ᠪᠦᠷᠬᠦᠵᠦ ᠲᠤᠯᠠᠭ᠋ᠠᠴᠠ ᠪᠠ ᠴᠢᠭᠢᠭ᠎ᠢ ᠪᠠᠲᠤᠯᠠᠨ᠎ᠠ᠃ ᠤᠷᠭᠤᠯᠳᠠ ᠵᠢᠨ ᠰᠡᠭᠦᠯᠴᠢ ᠵᠢᠨ ᠬᠤᠭᠤᠴᠠᠭ᠋ᠠᠨ᠎ᠳᠤ ᠬᠦᠷᠦᠰᠦ ᠵᠢ᠎ᠨᠢ ᠰᠤᠯᠠᠷᠠᠭᠤᠯᠬᠤ᠂ ᠡᠪᠡᠰᠦ ᠵᠢ᠎ᠨᠢ ᠠᠷᠢᠯᠭ᠋ᠠᠬᠤ᠂ ᠤᠰᠤ ᠪᠤᠷᠳᠤᠭᠤᠷ ᠤᠷᠤᠭᠤᠯᠬᠤ ᠵᠡᠷᠭᠡ ᠠᠷᠠᠴᠢᠯᠠᠭ᠎ᠠ ᠬᠢᠨ᠎ᠡ᠃
      ᠲᠠᠷᠢᠬᠤ᠎ᠳᠤ ᠲᠣᠬᠢᠷᠠᠮᠵᠢᠲᠠᠶ ᠤᠷᠤᠨ ᠪᠦᠰᠡ᠄
      ᠲᠣᠰ ᠡᠭᠦᠯᠳᠡᠷ᠎ᠢ ᠬᠢᠩᠭ᠋ᠠᠨ ᠠᠶ᠋ᠢᠮᠠᠭ ᠵᠢᠴᠢ ᠠᠳᠠᠯᠢᠪᠲᠤᠷ ᠭᠠᠵᠠᠷ ᠣᠷᠣᠨ᠎ᠳᠤ ᠲᠠᠷᠢᠬᠤ᠎ᠳᠤ ᠲᠣᠬᠢᠷᠠᠮᠵᠢᠲᠠᠶ᠃




      ᠵᠡᠭᠦᠯᠲᠡ᠄

      ᠰᠡᠨᠳᠦᠨ ᠮᠤᠳᠤ᠄文冠果树
   

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
〈ᠨᠠᠮᠤᠷ᠎ᠤᠨ ᠬᠠᠷ᠎ᠠ〉 ᠦᠵᠦᠮ
ᠤᠯᠠᠭ᠋ᠠᠨ ᠠᠯᠮᠤᠷᠠᠳ
< ᠰᠢᠷᠠᠮᠦ᠋ᠷᠡᠨ > ᠬᠠᠢ᠌ᠲᠠᠩ
ᠰᠢᠪᠧᠷᠢᠶ᠎ᠠ ᠵᠢᠨ ᠭᠦᠢ᠍ᠯᠡᠰᠦ
〈ᠮᠧᠩ ᠪᠢᠶᠠᠨ 4 ᠨᠣᠮᠧᠷᠲᠤ〉 ᠲᠤᠭᠤᠷ
 
             蒙ICP备05000248号