ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠵᠠᠰᠠᠭ ᠵᠠᠬᠢᠷᠭᠠᠨ᠎ᠤ ᠣᠷᠣᠨ ᠬᠤᠪᠢᠶᠠᠷᠯᠠᠯ᠎ᠤᠨ ᠭᠠᠵᠠᠷ᠎ᠤᠨ ᠨᠡᠷ᠎ᠡ
ᠭᠠᠵᠠᠷ᠎ᠤᠨ ᠨᠡᠷ᠎ᠡ ᠵᠢᠨ ᠨᠣᠲᠠᠯᠠᠯᠲᠠ᠄ ᠵᠢᠭ᠋ᠠᠰᠤᠲᠠᠢ ᠨᠠᠭᠤᠷ
ᠨᠡᠶᠢᠲᠡᠯᠡᠭᠰᠡᠨ ᠴᠠᠭ᠄ 2021-09-23

  ᠭᠠᠵᠠᠷ᠎ᠤᠨ ᠨᠡᠷ᠎ᠡ ᠵᠢᠨ ᠨᠣᠲᠠᠯᠠᠯᠲᠠ᠄     ᠵᠢᠭ᠋ᠠᠰᠤᠲᠠᠢ ᠨᠠᠭᠤᠷ

            ᠮᠢᠨᠨ᠎ᠠ     ᠨᠤᠳᠤᠭᠤᠴᠢᠨ ᠲᠡᠭᠦᠰᠪᠠᠶᠠᠷ     ᠵᠣᠬᠢᠶᠠᠪᠠ

ᠰᠢᠯᠢ ᠵᠢᠨ ᠭᠣᠣᠯ ᠠᠢ᠌ᠮᠠᠭ᠎ᠤᠨ ᠰᠢᠯᠤᠭᠤᠨ ᠬᠦᠬᠡ ᠬᠤᠰᠢᠭᠤᠨ᠎ᠳᠤ ᠠᠳᠠᠯᠢ ᠨᠡᠷᠡᠲᠠᠢ  《ᠵᠢᠭ᠋ᠠᠰᠤᠲᠠᠢ》   ᠭᠡᠭᠴᠢ ᠬᠣᠶᠠᠷ ᠨᠠᠭᠤᠷ ᠪᠠᠢ᠌ᠳᠠᠭ᠃ ᠮᠠᠨᠵᠤ ᠴᠢᠩ ᠤᠯᠤᠰ᠎ᠤᠨ ᠦᠶ᠎ᠡ ᠎ᠠᠴᠠ ᠡᠨᠡ ᠬᠤᠶᠠᠷ ᠨᠠᠭᠤᠷ᠎ᠢ ᠢᠯᠭ᠋ᠠᠬᠤ ᠵᠢᠨ ᠲᠤᠯᠠᠲᠠ ᠭᠠᠵᠠᠷ ᠵᠦᠢ ᠵᠢᠨ ᠪᠠᠢ᠌ᠷᠢᠰᠢᠯ ᠵᠶ᠋ᠠᠷ᠎ᠨᠢ ᠲᠡᠭᠡᠳᠦ ᠲᠤᠤᠷᠠᠳᠤ ᠵᠢᠭ᠋ᠠᠰᠤᠲᠠᠢ ᠬᠡᠮᠡᠨ ᠢᠯᠭ᠋ᠠᠪᠤᠷᠢᠯᠠᠨ ᠳᠠᠭᠤᠳᠠᠬᠰᠠᠭ᠋ᠠᠷ ᠢᠷᠡᠵᠡᠢ᠃   ᠲᠡᠷᠡ᠎ᠨᠢ ᠮᠣᠩᠭᠤᠯᠴᠤᠳ᠎ᠤᠨ ᠭᠠᠵᠠᠷ ᠵᠦᠢ ᠵᠢᠨ ᠪᠠᠢ᠌ᠷᠢᠰᠢᠯ ᠵᠶ᠋ᠠᠷ ᠬᠤᠢ᠌ᠳᠤ ᠵᠦᠭ᠎ᠲᠤ ᠤᠷᠤᠰᠢᠬᠤ ᠭᠠᠵᠠᠷ᠎ᠢ ᠳᠡᠭᠡᠳᠦ ᠬᠡᠮᠡᠵᠦ᠂ ᠡᠮᠦᠨ᠎ᠡ ᠵᠦᠭ᠎ᠲᠤ ᠤᠷᠤᠰᠢᠬᠤ ᠭᠠᠵᠠᠷ᠎ᠢ ᠲᠤᠤᠷᠠᠳᠤ ᠬᠡᠮᠡᠳᠡᠭ   ᠵᠠᠩ ᠳᠠᠳᠬᠠᠯ᠎ᠠᠴᠠ ᠢᠷᠡᠯᠳᠡᠢ   ᠶᠤᠮ᠃
ᠲᠡᠭᠡᠳᠦ ᠵᠢᠭ᠋ᠠᠰᠤᠲᠠᠢ᠎ᠨᠢ ᠦᠨᠦ ᠵᠢᠨ ᠰᠢᠯᠢ ᠵᠢᠨ ᠭᠣᠣᠯ ᠠᠢ᠌ᠮᠠᠭ᠎ᠤᠨ ᠰᠢᠯᠤᠭᠤᠨ ᠬᠦᠬᠡ ᠬᠤᠰᠢᠭᠤᠨ᠎ᠤ ᠵᠢᠭ᠋ᠠᠰᠤᠲᠠᠢ ᠰᠤᠮᠤᠨ᠎ᠤ ᠰᠤᠮᠤᠨ ᠲᠦᠪ ᠪᠠᠢ᠌ᠷᠢᠯᠠᠬᠤ ᠭᠠᠵᠠᠷ ᠲᠠᠷᠤᠢ ᠵᠡᠭᠦᠨ ᠤᠷᠲᠤᠷᠢᠭ᠎ᠤᠨ 42 ° 56 ′᠂ ᠤᠮᠠᠷᠠᠳᠤ ᠦᠷᠭᠡᠷᠢᠭ᠎ᠤᠨ115° 26′᠎ᠳᠤ ᠪᠤᠢ᠃ ᠲᠤᠤᠷᠠᠳᠤ ᠵᠢᠭ᠋ᠠᠰᠤᠲᠠᠢ᠎ᠨᠢ ᠦᠨᠦ ᠵᠢᠨ ᠰᠢᠯᠤᠭᠤᠨ ᠬᠦᠬᠡ ᠬᠤᠰᠢᠭᠤᠨ᠎ᠤ ᠰᠠᠩ᠎ᠤᠨ ᠳᠠᠯᠠᠢ ᠪᠠᠯᠭ᠋ᠠᠰᠤᠨ᠎ᠤ   ᠲᠠᠪᠤᠨ   ᠣᠳᠣ ᠭᠠᠴᠠᠭ᠋ᠠᠨ᠎ᠤ ᠵᠤᠰᠠᠯᠠᠩ᠎ᠤᠨ ᠭᠠᠵᠠᠷ ᠲᠠᠷᠤᠢ ᠵᠡᠭᠦᠨ ᠤᠷᠲᠤᠷᠢᠭ᠎ᠤᠨ 42 ° 61′᠂ ᠤᠮᠠᠷᠠᠳᠤ ᠦᠷᠭᠡᠷᠢᠭ᠎ᠤᠨ116° 25′᠎ᠳᠤ   ᠪᠠᠢ᠌ᠷᠢᠰᠢᠵᠦ   ᠪᠠᠢ᠌ᠳᠠᠭ᠃ ᠲᠤᠰ ᠬᠤᠶᠠᠷ ᠠᠳᠠᠯᠢᠬᠠᠨ ᠨᠡᠷᠡᠲᠡᠢ ᠨᠠᠭᠤᠷ᠎ᠨᠢ ᠠᠯᠢ ᠡᠷᠲᠡᠨ᠎ᠠᠴᠠ ᠨᠤᠲᠤᠭ᠎ᠤᠨ ᠬᠦᠮᠦᠨ ᠮᠠᠯ᠎ᠢ ᠤᠮᠳᠠᠯᠠᠨ ᠴᠡᠩᠬᠡᠷᠯᠡᠵᠦ᠂ ᠲᠤᠮᠤᠭ ᠲᠡᠦᠬᠡ ᠵᠢ ᠬᠠᠳᠠᠭ᠋ᠠᠯᠠᠬᠰᠠᠭ᠋ᠠᠷ ᠢᠷᠡᠭᠰᠡᠨ ᠪᠢᠯᠡ᠃
ᠨᠢᠭᠡ᠂   ᠲᠡᠭᠡᠳᠦ ᠵᠢᠭ᠋ᠠᠰᠤᠳᠠᠢ ᠨᠠᠭᠤᠷ ᠭᠡᠳᠡᠭ᠎ᠤᠨ ᠲᠤᠬᠠᠢ
ᠲᠡᠭᠡᠳᠦ ᠵᠢᠭ᠋ᠠᠰᠤᠲᠠᠢ ᠨᠠᠭᠤᠷ᠎ᠢ ᠶᠡᠷᠦᠳᠡᠭᠡᠨ ᠵᠢᠭ᠋ᠠᠰᠤᠲᠠᠢ ᠨᠠᠭᠤᠷ ᠬᠡᠮᠡᠨ ᠪᠢᠴᠢᠵᠦ ᠲᠡᠮᠳᠡᠭᠯᠡᠭᠰᠡᠭᠡᠷ ᠢᠷᠡᠵᠡᠢ᠃ ᠬᠠᠷᠢᠨ ᠲᠤᠤᠷᠠᠳᠤ ᠵᠢᠭ᠋ᠠᠰᠤᠲᠠᠢ᠎ᠠᠴᠠ ᠢᠯᠭ᠋ᠠᠬᠤ ᠵᠢᠨ ᠲᠤᠯᠠᠳᠠ ᠵᠠᠷᠢᠮ᠎ᠳᠠᠭᠠᠨ ᠲᠡᠭᠡᠳᠦ ᠵᠢᠭ᠋ᠠᠰᠤᠲᠠᠢ ᠭᠡᠵᠦ ᠲᠡᠮᠳᠡᠭᠯᠡᠳᠡᠭ᠃ ᠲᠡᠭᠡᠳᠦ ᠵᠢᠭ᠋ᠠᠰᠤᠲᠠᠢ ᠨᠠᠭᠤᠷ᠎ᠨᠢ ᠰᠢᠯᠤᠭᠤᠨ ᠬᠦᠬᠡ ᠬᠤᠰᠢᠭᠤ ᠲᠥᠪᠯᠡᠨ ᠨᠤᠲᠤᠬᠯᠠᠵᠤ ᠪᠠᠢ᠌ᠬᠰᠠᠨ ᠭᠠᠵᠠᠷ ᠪᠠᠢ᠌ᠵᠠᠢ᠃ 《ᠲᠠᠢ᠌ᠴᠢᠩ ᠤᠯᠤᠰ᠎ᠤᠨ ᠨᠢᠭᠡᠨ ᠵᠶ᠋ᠡᠷ ᠨᠡᠢ᠌ᠰᠯᠡᠭᠰᠡᠨ ᠤᠢ᠌ᠯᠠᠯᠭ᠎ᠠ》᠎ᠳᠤ᠄ 《ᠰᠢᠯᠤᠭᠤᠨ ᠬᠦᠬᠡ ᠵᠢᠨ ᠴᠠᠬᠠᠷ᠎ᠤᠨ ᠨᠤᠲᠤᠬᠯᠠᠬᠤ ᠵᠢᠭ᠋ᠠᠰᠤᠲᠠᠢ ᠨᠠᠭᠤᠷ(扎哈蘇台泊) ᠠᠨᠤ ᠥᠷᠦᠭᠡᠰᠦᠨ ᠴᠢᠯᠠᠭᠤᠳᠤ ᠬᠠᠭ᠋ᠠᠯᠭ᠎ᠠ᠎ᠠᠴᠠ ᠵᠡᠭᠦᠨ ᠬᠤᠢ᠌ᠰᠢ ᠭᠤᠷᠪᠠᠨ ᠵᠠᠭᠤ ᠵᠢᠷᠠᠨ ᠭᠠᠵᠠᠷ᠎ᠤᠨ ᠦᠵᠦᠭᠦᠷ᠎ᠲᠤᠷ ᠠᠮᠤᠢ᠃ ᠵᠡᠭᠦᠨᠰᠢ ᠪᠠᠷᠠᠭᠤᠨᠰᠢ ᠬᠤᠶᠠᠷ ᠵᠠᠭᠤᠨ ᠵᠢᠷᠠᠨ ᠲᠠᠪᠤᠨ ᠭᠠᠵᠠᠷ᠂ ᠡᠮᠦᠨᠡᠰᠢ ᠤᠮᠠᠷᠠᠰᠢ ᠶᠡᠷᠡᠨ ᠲᠠᠪᠤᠨ ᠭᠠᠵᠠᠷ᠂ ᠵᠡᠭᠦᠨᠰᠢ ᠬᠡᠰᠢᠭᠳᠡᠨ᠎ᠤ ᠵᠠᠭ᠋ᠠᠭ ᠵᠠᠭᠤ ᠶᠡᠷᠡᠨ ᠭᠠᠵᠠᠷ᠂ ᠪᠠᠷᠠᠭᠤᠨᠰᠢ ᠬᠦᠪᠡᠭᠡᠳᠦ ᠴᠠᠭ᠋ᠠᠨ᠎ᠤ ᠴᠠᠬᠠᠷ᠎ᠤᠨ ᠵᠠᠭ᠋ᠠᠭ ᠲᠠᠯᠠᠨ ᠲᠠᠪᠤᠨ ᠭᠠᠵᠠᠷ᠂ ᠡᠮᠦᠨᠡᠰᠢ ᠬᠠᠭ᠋ᠠᠨ᠎ᠤ ᠠᠳᠤᠭᠤᠨ ᠰᠦᠷᠦᠭ ᠠᠯᠪᠠᠨ᠎ᠤ ᠬᠤᠨᠢᠨ ᠰᠦᠷᠦᠭ᠎ᠤᠨ ᠵᠠᠭ᠋ᠠᠭ ᠲᠤᠯᠲᠠᠯ᠎ᠠ ᠭᠤᠴᠢᠨ ᠲᠠᠪᠤᠨ ᠭᠠᠵᠠᠷ᠂ ᠤᠮᠠᠷᠠᠰᠢ ᠠᠪᠠᠭ᠎ᠠ ᠵᠡᠭᠦᠨ ᠭᠠᠷ᠎ᠤᠨ ᠵᠠᠭ᠋ᠠᠭ ᠬᠦᠷᠲᠡᠯ᠎ᠡ ᠵᠢᠷᠠᠨ ᠭᠠᠵᠠᠷ᠂ ᠵᠡᠭᠦᠨ ᠡᠮᠦᠨᠡᠰᠢ ᠬᠠᠭ᠋ᠠᠨ᠎ᠤ ᠠᠳᠤᠭᠤᠨ ᠰᠦᠷᠦᠭ᠎ᠤᠨ ᠵᠠᠭ᠋ᠠᠭ ᠲᠦᠴᠢᠨ ᠭᠠᠵᠠᠷ᠂ ᠪᠠᠷᠠᠭᠤᠨ ᠡᠮᠦᠨᠡᠰᠢ ᠬᠦᠪᠡᠭᠡᠳᠦ ᠴᠠᠭ᠋ᠠᠨ᠎ᠤ ᠴᠠᠬᠠᠷ᠎ᠤᠨ ᠵᠠᠭ᠋ᠠᠭ ᠲᠠᠪᠢᠨ ᠭᠠᠵᠠᠷ᠂ ᠵᠡᠭᠦᠨ ᠬᠤᠢ᠌ᠰᠢ ᠠᠪᠠᠭ᠎ᠠ ᠵᠡᠭᠦᠨ ᠭᠠᠷ᠎ᠤᠨ ᠵᠠᠭ᠋ᠠᠭ ᠵᠠᠭᠤ ᠪᠦᠭᠡᠳ ᠬᠤᠶᠠᠷ ᠭᠠᠵᠠᠷ᠂ ᠪᠠᠷᠠᠭᠤᠨ ᠬᠤᠢ᠌ᠰᠢ ᠠᠪᠠᠭ᠎ᠠ ᠪᠠᠷᠠᠭᠤᠨ ᠭᠠᠷ᠎ᠤᠨ ᠵᠠᠭ᠋ᠠᠭ ᠲᠠᠪᠢᠨ ᠲᠠᠪᠤᠨ ᠭᠠᠵᠠᠷ᠂ ᠥᠷᠦᠭᠡᠰᠦᠨ ᠴᠢᠯᠠᠭᠤᠲᠤ ᠬᠠᠭ᠋ᠠᠯᠭ᠎ᠠ ᠵᠢ ᠲᠠᠮᠵᠢᠵᠦ ᠨᠡᠢ᠌ᠰᠯᠡᠯ ᠬᠦᠷᠬᠦ ᠵᠠᠢ᠎ᠨᠢ ᠨᠠᠢ᠍ᠮᠠᠨ ᠵᠠᠭᠤ ᠶᠡᠷᠡᠨ ᠭᠠᠵᠠᠷ》[1] ᠬᠡᠮᠡᠨ ᠲᠡᠮᠳᠡᠭᠯᠡᠵᠦ᠂ 《ᠪᠤᠭᠤᠮᠲᠠ ᠵᠢᠨ ᠭᠠᠳᠠᠨᠠᠬᠢ ᠭᠤᠷᠪᠠᠨ ᠲᠠᠩᠬᠢᠮ᠎ᠤᠨ ᠤᠢ᠌ᠯᠠᠯᠭ᠎ᠠ》᠎ᠳᠤ᠄ 《ᠰᠢᠯᠤᠭᠤᠨ ᠬᠦᠬᠡ ᠬᠤᠰᠢᠭᠤ᠎ᠨᠢ ᠦᠷᠦᠭᠡᠰᠦᠨ ᠴᠢᠯᠠᠭᠤᠳᠤ ᠬᠠᠭ᠋ᠠᠯᠭ᠎ᠠ᠎ᠠᠴᠠ ᠵᠡᠭᠦᠨ ᠬᠤᠢ᠌ᠰᠢ ᠭᠤᠷᠪᠠᠨ ᠵᠠᠭᠤ ᠵᠢᠷᠠᠨ ᠭᠠᠵᠠᠷ᠎ᠲᠤ ᠠᠮᠤᠢ᠂ ᠨᠡᠢ᠌ᠲᠡ ᠵᠢᠨ ᠳᠠᠷᠤᠭ᠎ᠠ᠎ᠨᠢ ᠵᠢᠭ᠋ᠠᠰᠤᠲᠠᠢ ᠨᠠᠭᠤᠷ᠎ᠲᠤ ᠰᠠᠭᠤᠮᠤᠢ᠃ (ᠬᠠᠮᠳᠤ ᠮᠠᠳᠡᠭᠴᠢ ᠵᠢᠨ ᠤᠭ ᠡᠷᠭᠦᠳᠡᠯ)᠎ᠳᠤ ᠭᠦᠨ ᠪᠦᠷᠢᠳᠦ(昆布力圖)᠎ᠳᠤ ᠰᠠᠭᠤᠮᠤᠢ᠂ ᠵᠡᠭᠦᠨᠰᠢ ᠬᠡᠰᠢᠭᠳᠡᠨ᠎ᠤ ᠵᠠᠭ᠋ᠠᠭ ᠪᠣᠯᠬᠤ ᠵᠠᠯᠠᠭ᠎ᠠ ᠨᠠᠷᠠᠰᠤᠲᠤ ᠬᠦᠷᠬᠦ ᠵᠠᠭᠤ ᠶᠡᠷᠡᠨ ᠭᠠᠵᠠᠷ᠂ ᠪᠠᠷᠠᠭᠤᠨᠰᠢ ᠬᠦᠪᠡᠭᠡᠳᠦ ᠴᠠᠭ᠋ᠠᠨ᠎ᠤ ᠴᠠᠬᠠᠷ᠎ᠤᠨ ᠵᠠᠭ᠋ᠠᠭ ᠪᠣᠯᠬᠤ ᠮᠤᠤ ᠬᠤᠵᠢᠷ ᠬᠦᠷᠬᠦ ᠳᠠᠯᠠᠨ ᠲᠠᠪᠤᠨ ᠭᠠᠵᠠᠷ᠂ ᠡᠮᠦᠨᠡᠰᠢ ᠰᠡᠨᠵᠢᠲᠦ ᠲᠠᠪᠠᠭ᠎ᠠ᠎ᠪᠠᠷ ᠰᠡᠨᠵᠢᠳᠦ (土城子) ᠬᠦᠷᠬᠦ ᠳᠠᠯᠠᠨ ᠭᠠᠵᠠᠷ᠂ ᠤᠮᠠᠷᠠᠰᠢ ᠠᠪᠠᠭ᠎ᠠ ᠵᠡᠭᠦᠨ ᠭᠠᠷ᠎ᠤᠨ ᠬᠤᠰᠢᠭᠤᠨ᠎ᠤ ᠵᠠᠭ᠋ᠠᠭ ᠪᠤᠷᠤ ᠦᠨᠳᠦᠷ ᠬᠦᠷᠬᠦ ᠵᠢᠷᠠᠨ ᠭᠠᠵᠠᠷ᠂ ᠵᠡᠭᠦᠨ ᠡᠮᠦᠨᠡᠰᠢ ᠠᠪᠠ ᠵᠢᠨ ᠠᠭᠤᠯᠠ ᠵᠢᠨ ᠵᠠᠭ᠋ᠠᠭ ᠤᠯᠠᠭ᠋ᠠᠨ ᠬᠠᠭ᠋ᠠᠯᠭ᠎ᠠ ᠬᠦᠷᠬᠦ ᠭᠠᠵᠠᠷ᠎ᠨᠢ ᠲᠤᠳᠤ ᠦᠭᠡᠢ  ᠁》 ᠬᠡᠮᠡᠨ ᠲᠡᠮᠳᠡᠭᠯᠡᠵᠦ ᠵᠠᠯᠭ᠋ᠠᠭ᠋ᠠᠳ   ᠳᠣᠯᠣᠨᠨᠠᠭᠤᠷ᠎ᠤᠨ ᠬᠠᠮᠳᠦ ᠮᠡᠳᠡᠭᠴᠢ ᠹᠦ᠋ ᠳ᠋ᠧ ᠵᠢᠨ ᠲᠤᠳᠤᠷᠬᠠᠢ᠌ᠯᠠᠨ ᠪᠠᠢ᠌ᠴᠠᠭ᠋ᠠᠬᠰᠠᠨ ᠠᠢ᠌ᠯᠠᠳᠬᠠᠯ᠎ᠢ ᠳᠠᠭ᠋ᠠᠯᠳᠤᠭᠤᠯᠵᠠᠢ᠃ ᠡᠭᠦᠨ᠎ᠳᠤ 《ᠲᠤᠰ ᠬᠤᠰᠢᠭᠤᠨ᠎ᠤ ᠬᠢᠵᠠᠭ᠋ᠠᠷ᠎ᠤᠨ ᠵᠢᠭ᠋ᠠᠰᠤᠲᠠᠢ ᠨᠠᠭᠤᠷ᠎ᠠᠴᠠ ᠪᠠᠷᠠᠭᠤᠨᠰᠢ ᠠᠷᠪᠠᠨ ᠭᠠᠵᠠᠷ᠎ᠲᠤ ᠬᠤᠶᠠᠷ ᠨᠠᠭᠤᠷ ᠪᠤᠢ ᠬᠤᠰᠢᠮᠠᠭ ᠨᠠᠭᠤᠷ ᠬᠡᠮᠡᠮᠦᠢ᠂ ᠬᠤᠰᠢᠮᠠᠭ ᠨᠠᠭᠤᠷ᠎ᠠᠴᠠ ᠪᠠᠷᠠᠭᠤᠨᠰᠢ ᠠᠷᠪᠠᠨ ᠲᠠᠪᠤᠨ ᠭᠠᠵᠠᠷ᠎ᠲᠤ ᠪᠠᠢ᠌ᠳᠤ ᠨᠠᠭᠤᠷ ᠠᠮᠤᠢ᠃ ᠪᠠᠢ᠌ᠳᠤ ᠨᠠᠭᠤᠷ᠎ᠠᠴᠠ ᠪᠠᠷᠠᠭᠤᠨᠰᠢ ᠬᠤᠷᠢᠨ ᠭᠠᠵᠠᠷ᠎ᠲᠤ ᠰᠠᠢ᠌ᠬᠠᠨ ᠨᠠᠭᠤᠷ ᠪᠠᠢ᠌ᠮᠤᠢ᠃ ᠰᠠᠢ᠌ᠬᠠᠨ ᠭᠡᠭᠴᠢ᠎ᠨᠢ ᠭᠤᠶᠤ ᠭᠡᠰᠡᠨ ᠤᠳᠬ᠎ᠠ᠎ᠲᠠᠢ᠃ ᠰᠠᠢ᠌ᠬᠠᠨ ᠨᠠᠭᠤᠷ᠎ᠠᠴᠠ ᠭᠤᠴᠢᠨ ᠭᠠᠵᠠᠷ᠎ᠤᠨ ᠦᠵᠦᠭᠦᠷ᠎ᠲᠤ ᠭᠤᠷᠪᠠᠨ ᠨᠠᠭᠤᠷ ᠪᠠᠢ᠌ᠮᠤᠢ᠂ ᠨᠡᠷ᠎ᠡ ᠵᠢ ᠠᠨᠤ ᠪᠠᠶᠠᠨ ᠨᠠᠭᠤᠷ ᠬᠡᠮᠡᠮᠤᠢ᠃ ᠪᠠᠶᠠᠨ ᠨᠠᠭᠤᠷ᠎ᠠᠴᠠ ᠪᠠᠷᠠᠭᠤᠨᠰᠢ ᠬᠤᠷᠢᠨ ᠭᠠᠵᠠᠷ᠎ᠤᠨ ᠦᠵᠦᠭᠦᠷ᠎ᠲᠤ ᠱᠦᠦᠲᠦ ᠨᠠᠭᠤᠷ ᠠᠮᠤᠢ᠃ ᠱᠦᠦᠲᠦ ᠨᠠᠭᠤᠷ᠎ᠠᠴᠠ ᠵᠡᠭᠦᠨᠰᠢ ᠬᠤᠶᠠᠷ ᠨᠠᠭᠤᠷ ᠠᠮᠤᠢ ᠁》 ᠭᠡᠵᠦ ᠲᠡᠮᠳᠡᠭᠯᠡᠵᠡᠢ[2]᠃ᠡᠳᠡᠭᠡᠷ ᠲᠡᠮᠳᠡᠭᠯᠡᠯ᠎ᠢ ᠪᠤᠳᠠᠲᠠᠢ ᠭᠠᠵᠠᠷ ᠵᠦᠢ ᠵᠢᠨ ᠪᠠᠢ᠌ᠷᠢᠰᠢᠯ᠎ᠲᠠᠢ ᠬᠠᠷᠭᠤᠭᠤᠯᠵᠤ ᠦᠵᠡᠪᠡᠯ ᠡᠨᠡ ᠬᠦ᠌ ᠬᠤᠰᠢᠭᠤ ᠶᠠᠮᠤᠨ ᠪᠠᠢ᠌ᠬᠰᠠᠨ ᠵᠢᠭ᠋ᠠᠰᠤᠲᠠᠢ ᠨᠠᠭᠤᠷ ᠪᠣᠯ ᠲᠡᠭᠡᠳᠦ ᠵᠢᠭ᠋ᠠᠰᠤᠲᠠᠢ ᠨᠠᠭᠤᠷ ᠪᠣᠯᠬᠤ᠎ᠨᠢ ᠲᠤᠳᠤᠷᠬᠠᠢ   ᠪᠢᠯᠡ᠃
ᠲᠡᠭᠡᠳᠦ ᠵᠢᠭ᠋ᠠᠰᠤᠲᠠᠢ ᠨᠠᠭᠤᠷ᠎ᠲᠤ ᠬᠤᠰᠢᠭᠤ ᠶᠠᠮᠤᠨ ᠪᠠᠢ᠌ᠬᠰᠠᠨ᠎ᠠᠴᠠ ᠭᠠᠳᠠᠨ᠎ᠠ   ᠪᠠᠰᠠ ᠵᠢᠭ᠋ᠠᠰᠤᠲᠠᠢ ᠵᠢᠨ ᠰᠦᠮ᠎ᠡ ᠪᠠᠢ᠌ᠬᠰᠠᠨ ᠶᠤᠮ᠃ ᠡᠨᠡ ᠲᠤᠬᠠᠢ ᠦᠵᠢᠶᠡᠳ᠂ ᠭ᠋ᠸᠩᠳᠦᠨ 《ᠰᠢᠯᠤᠭᠤᠨ ᠬᠦᠬᠡ ᠬᠤᠰᠢᠭᠤᠨ᠎ᠤ ᠰᠦᠮ᠎ᠡ ᠬᠡᠢ᠌ᠳ᠎ᠤᠨ ᠲᠤᠢ᠌ᠮᠦ》   ᠭᠡᠬᠦ ᠨᠤᠮ᠎ᠳᠤ᠄  《ᠭᠤᠷᠪᠠᠨ ᠲᠠᠯ᠎ᠠ ᠵᠢᠨ ᠰᠦᠮ᠎ᠡ ᠪᠣᠯ ᠤᠤᠯ᠎ᠤᠨ ᠰᠢᠯᠤᠭᠤᠨ ᠬᠦᠬᠡ ᠬᠤᠰᠢᠭᠤᠨ᠎ᠤ ᠲᠡᠷᠢᠭᠦᠨ᠂ ᠬᠤᠶᠠᠳᠤᠭ᠋ᠠᠷ ᠬᠤᠶᠠᠷ ᠰᠤᠮᠤᠨ᠎ᠤ ᠰᠦᠮ᠎ᠡ ᠪᠤᠯᠤᠨ᠎ᠠ᠃ ᠡᠨᠡ ᠰᠦᠮ᠎ᠡ ᠵᠢ ᠬᠤᠶᠠᠳᠤᠭ᠋ᠠᠷ ᠰᠣᠮᠤᠨ᠎ᠤ ᠵᠡᠭᠦᠨ ᠲᠠᠯ᠎ᠠ ᠵᠢᠨ ᠬᠦᠯ (ᠣᠳᠤ ᠵᠢᠨ ᠵᠢᠭ᠋ᠠᠰᠤᠲᠠᠢ ᠨᠠᠭᠤᠷ ᠰᠤᠮᠤᠨ᠎ᠤ ᠪᠠᠶᠠᠠᠬᠠᠩᠭ᠋ᠠᠢ ᠭᠠᠴᠠᠭ᠋ᠠᠨ᠎ᠤ ᠨᠢᠴᠠᠩ)᠎ᠳᠤ ᠪᠠᠷᠢᠬᠰᠠᠨ ᠲᠤᠯᠠ ᠭᠠᠵᠠᠷ ᠣᠷᠤᠨ᠎ᠤ ᠨᠡᠷ᠎ᠡ᠎ᠪᠠᠷ 〈ᠭᠤᠷᠪᠠᠨ ᠲᠠᠯ᠎ᠠ ᠵᠢᠨ ᠰᠦᠮ᠎ᠡ〉 ᠭᠡᠵᠦ ᠳᠠᠭᠤᠳᠠᠳᠠᠭ ᠪᠠ 〈ᠨᠠᠢ᠍ᠮᠠᠨ ᠬᠦᠷᠢᠶ᠎ᠡ ᠰᠦᠮ᠎ᠡ〉 ᠵᠢᠨ ᠳᠠᠩᠰᠠ᠂ ᠰᠤᠮᠤ᠂ ᠬᠤᠰᠢᠭᠤᠨ᠎ᠤ ᠳᠠᠩᠰᠠᠨ᠎ᠳᠤ ᠴᠦᠮ 〈ᠭᠤᠷᠪᠠᠨ ᠲᠠᠯ᠎ᠠ ᠵᠢᠨ ᠰᠦᠮ᠎ᠡ〉 ᠭᠡᠵᠦ ᠲᠡᠮᠳᠡᠭᠯᠡᠭᠰᠡᠭᠡᠷ ᠢᠷᠡᠵᠡᠢ᠃ ᠰᠡᠭᠦᠯᠳᠡᠵᠦ ᠢᠷᠡᠭᠡᠳ ᠲᠤᠰ ᠬᠤᠶᠠᠷ ᠰᠣᠮᠤᠨ᠎ᠤ ᠬᠦᠮᠦᠨ ᠠᠮᠠ᠎ᠨᠢ ᠦᠰᠴᠦ᠂ ᠠᠢ᠌ᠯ ᠡᠷᠦᠬᠡ᠎ᠨᠢ ᠤᠯᠠᠰᠢᠷᠠᠬᠰᠠᠨ᠎ᠠᠴᠠ ᠲᠡᠷᠢᠭᠦᠨ ᠰᠣᠮᠤᠨ᠎ᠠᠴᠠ ᠲᠠᠪᠤᠳᠤᠭ᠋ᠠᠷ ᠰᠤᠮᠤ᠂ ᠬᠤᠶᠠᠳᠤᠭ᠋ᠠᠷ ᠰᠣᠮᠤᠨ᠎ᠠᠴᠠ ᠵᠢᠷᠭᠤᠳᠤᠭ᠋ᠠᠷ ᠰᠤᠮᠤ ᠰᠠᠯᠵᠤ ᠭᠠᠷᠤᠬᠰᠠᠨ ᠲᠤᠯᠠ ᠲᠤᠰ ᠰᠦᠮ᠎ᠡ᠎ᠨᠢ ᠠᠶᠠᠨᠳᠠᠭ᠋ᠠᠨ ᠲᠡᠷᠢᠭᠦᠨ᠂ ᠬᠤᠶᠠᠷ᠂ ᠲᠠᠪᠤ᠂ ᠵᠢᠷᠭᠤᠭ᠎ᠠ ᠲᠦᠷᠪᠡᠨ ᠰᠤᠮᠤᠨ᠎ᠤ ᠰᠦᠮ᠎ᠡ ᠪᠣᠯᠵᠠᠢ᠃ ᠭᠤᠷᠪᠠᠨ ᠲᠠᠯ᠎ᠠ᠎ᠠᠴᠠ ᠰᠦᠮ᠎ᠡ᠎ᠪᠠᠨ ᠨᠡᠭᠦᠯᠭᠡᠵᠦ ᠵᠢᠭ᠋ᠠᠰᠤᠲᠠᠢ ᠨᠠᠭᠤᠷ᠎ᠤᠨ ᠵᠡᠭᠦᠨ ᠬᠤᠢ᠌ᠲᠦ ᠡᠬᠢᠨ᠎ᠳᠤ ᠠᠪᠴᠢᠷᠠᠵᠤ ᠪᠠᠷᠢᠬᠰᠠᠨ᠎ᠠᠴᠠ ᠬᠤᠢ᠌ᠰᠢ ᠰᠠᠶᠢ 〈ᠵᠢᠭ᠋ᠠᠰᠤᠲᠠᠢ ᠨᠠᠭᠤᠷ᠎ᠤᠨ ᠰᠦᠮ᠎ᠡ〉 ᠭᠡᠵᠦ ᠳᠠᠭᠤᠳᠠᠵᠤ᠂ ᠲᠦᠭᠦᠮᠴᠢᠯᠡᠨ 〈ᠵᠢᠭ᠋ᠠᠰᠤᠲᠠᠢ ᠵᠢᠨ ᠰᠦᠮ᠎ᠡ〉 ᠭᠡᠵᠦ ᠨᠡᠷᠡᠰᠢᠭᠰᠡᠨ ᠪᠠᠢ᠌ᠨ᠎ᠠ》᠂ 《᠁ ᠡᠭᠦᠪᠡᠷ ᠲᠦᠯᠬᠢᠨ ᠪᠤᠳᠤᠪᠠᠯ ᠭᠤᠷᠪᠠᠨ ᠲᠠᠯ᠎ᠠ ᠵᠢᠨ ᠰᠦᠮ᠎ᠡ ᠵᠢ ᠳᠠᠢ᠌ᠴᠢᠩ ᠤᠯᠤᠰ᠎ᠤᠨ ᠡᠩᠬᠡ ᠠᠮᠤᠭᠤᠯᠠᠩ᠎ᠤᠨ ᠭᠤᠴᠢᠨ ᠭᠤᠷᠪᠠᠳᠤᠭ᠋ᠠᠷ ᠣᠨ ᠪᠤᠶᠤ ᠨᠡᠢ᠌ᠲᠡ ᠵᠢᠨ ᠣᠨ ᠲᠤᠭ᠋ᠠᠯᠠᠯ᠎ᠤᠨ1694 ᠣᠨ᠎ᠳᠤ ᠪᠠᠢ᠌ᠭᠤᠯᠤᠬᠰᠠᠨ ᠪᠠᠢ᠌ᠵᠤ ᠲᠠᠭ᠋ᠠᠷᠠᠨ᠎ᠠ᠃ ᠡᠨᠡ᠎ᠨᠢ ᠡᠩᠬᠡ ᠠᠮᠤᠭᠤᠯᠠᠩ᠎ᠤᠨ ᠦᠶ᠎ᠡ᠎ᠳᠤ ᠪᠠᠢ᠌ᠭᠤᠯᠤᠬᠰᠠᠨ ᠭᠡᠳᠡᠭ ᠤᠯᠠᠮᠵᠢᠯᠠᠯ ᠶᠠᠷᠢᠶ᠎ᠠ᠎ᠲᠠᠢ ᠨᠡᠢ᠌ᠴᠡᠵᠦ ᠪᠠᠢ᠌ᠨ᠎ᠠ᠃ ᠭᠤᠷᠪᠠᠨ ᠲᠠᠯ᠎ᠠ ᠵᠢᠨ ᠰᠦᠮ᠎ᠡ ᠵᠢᠨ ᠰᠦᠮ᠎ᠡ᠎ᠳᠤ ᠱᠸᠩᠽᠦ ᠬᠤᠸᠠᠩᠳᠢ ᠵᠢᠨ ᠰᠤᠶᠤᠷᠬᠠᠬᠰᠠᠨ ᠰᠦᠮ᠎ᠡ ᠵᠢᠨ ᠡᠭᠦᠳᠡᠨ᠎ᠤ ᠢᠯᠡᠷᠬᠡᠢ᠌ᠯᠡᠯ 〈ᠪᠢᠨᠲᠤ〉᠎ᠨᠢ 〈ᠳ᠋ᠸᠴᠢᠩᠴᠤᠢ᠌ᠩᠬᠤᠷᠯᠢᠨ〉 ᠭᠡᠳᠡᠭ᠂ ᠡᠨᠡᠬᠦ ᠪᠢᠨᠳᠤ ᠵᠢ ᠮᠠᠨᠵᠤ᠂ ᠮᠤᠩᠭᠤᠯ᠂ ᠲᠦᠪᠡᠳ᠂ ᠬᠢᠲᠠᠳ ᠲᠦᠷᠪᠡᠨ ᠵᠦᠢ᠍ᠯ᠎ᠤᠨ ᠦᠰᠦᠭ ᠵᠶ᠋ᠡᠷ ᠰᠡᠢ᠌ᠯᠪᠦᠷᠢᠯᠡᠨ᠂ ᠠᠯᠲᠠᠨ ᠨᠤᠨᠳᠠᠭ ᠵᠶ᠋ᠠᠷ ᠪᠤᠳᠤᠵᠤ ᠶᠢᠰᠤᠨ ᠯᠤᠤ ᠤᠷᠢᠶᠠᠬᠰᠠᠨ ᠬᠦᠷᠢᠶ᠎ᠠ ᠰᠠᠷᠠᠪᠴᠢ᠎ᠲᠠᠢ ᠪᠤᠰᠤᠭ᠎ᠠ ᠲᠦᠷᠪᠡᠯᠵᠢᠨ ᠵᠢᠶᠠᠵᠠᠨ᠎ᠳᠤ ᠬᠢᠵᠦ ᠰᠤᠬ᠍ᠴᠢᠨ ᠲᠤᠭ᠋ᠠᠩ᠎ᠤᠨ ᠡᠭᠦᠳᠡᠨ᠎ᠳᠤ ᠡᠯᠭᠦᠭᠰᠡᠨ ᠪᠠᠢ᠌ᠳᠠᠭ᠃ ᠮᠤᠩᠭᠤᠯ ᠵᠶ᠋ᠠᠷ 〈ᠶᠡᠬᠡ ᠠᠮᠤᠭᠤᠯᠠᠩᠳᠤ ᠨᠤᠮ᠎ᠤᠨ ᠬᠦᠷᠢᠶ᠎ᠠ ᠬᠡᠢ᠌ᠳ〉 ᠭᠡᠨ᠎ᠡ᠃ ᠮᠠᠨᠵᠤ ᠬᠢᠲᠠᠳ ᠬᠤᠶᠠᠷ ᠨᠡᠷᠡᠢ᠌ᠳᠦᠯ᠎ᠢ᠎ᠨᠢ ᠮᠡᠳᠡᠬᠦ ᠬᠦᠮᠦᠨ ᠦᠭᠡᠢ ᠪᠣᠯᠵᠠᠢ ᠁》 [3] ᠭᠡᠵᠦ ᠲᠡᠮᠳᠡᠭᠯᠡᠵᠡᠢ᠃ ᠵᠢᠭ᠋ᠠᠰᠤᠲᠠᠢ ᠵᠢᠨ ᠰᠦᠮ᠎ᠡ᠎ᠨᠢ 1966 ᠤᠨ᠎ᠳᠤ ᠲᠠᠮᠲᠤᠬᠯᠠᠬᠳᠠᠨ ᠰᠦᠢ᠍ᠳᠴᠦ᠂ ᠭᠠᠬ᠍ᠴᠠ ᠰᠣᠬ᠍ᠴᠢᠨ ᠲᠤᠭ᠋ᠠᠩ ᠦᠯᠡᠳᠡᠭᠡᠳ ᠪᠠᠢ᠌ᠬᠰᠠᠨ᠎ᠢ 2014 ᠤᠨ᠎ᠠᠴᠠ ᠡᠬᠢᠯᠡᠨ ᠵᠠᠰᠠᠵᠤ   ᠰᠢᠨᠡᠳᠭᠡᠵᠦ᠂ 2015 ᠤᠨ᠎ᠠᠴᠠ ᠬᠤᠷᠠᠯ ᠨᠤᠮ ᠵᠶ᠋ᠠᠨ ᠡᠬᠢᠯᠡᠭᠦᠯᠵᠡᠢ᠃
ᠲᠡᠭᠡᠳᠦ ᠵᠢᠭ᠋ᠠᠰᠤᠲᠠᠢ ᠨᠠᠭᠤᠷ᠎ᠨᠢ ᠡᠢ᠌ᠮᠦᠷᠬᠦᠦ ᠵᠠᠰᠠᠭ ᠵᠠᠬᠢᠷᠭ᠋ᠠᠨ ᠱᠠᠰᠢᠨ ᠨᠣᠮ᠎ᠤᠨ ᠲᠦᠪ ᠤᠷᠤᠨ ᠪᠠᠢ᠌ᠬᠰᠠᠨ ᠪᠤᠯᠬᠤᠷ 1949 ᠤᠨ᠎ᠳᠤ   ᠰᠢᠯᠤᠭᠤᠨ ᠬᠦᠬᠡ ᠬᠤᠰᠢᠭᠤᠨ᠎ᠤ ᠠᠷᠠᠳᠴᠢᠯᠠᠬᠰᠠᠨ ᠵᠠᠰᠠᠭ᠎ᠤᠨ ᠣᠷᠳᠣᠨ᠎ᠨᠢ ᠪᠦᠬᠦ ᠬᠤᠰᠢᠭᠤ᠎ᠪᠠᠨ ᠭᠤᠷᠪᠠᠨ ᠬᠤᠯᠪᠤᠭ᠋ᠠᠳᠤ ᠰᠤᠮᠤ ᠪᠤᠯᠭ᠋ᠠᠨ ᠬᠤᠪᠢᠶᠠᠷᠢᠯᠠᠬᠤ᠎ᠳᠤ ᠵᠢᠭ᠋ᠠᠰᠤᠲᠠᠢ ᠨᠠᠭᠤᠷ᠎ᠨᠢ ᠨᠢᠭᠡᠳᠦᠭᠡᠷ ᠬᠤᠯᠪᠤᠭ᠋ᠠᠳᠤ ᠰᠤᠮᠤ (ᠲᠡᠷᠢᠭᠦᠨ᠂ ᠬᠤᠶᠠᠷ ᠬᠤᠯᠪᠤᠭ᠋ᠠᠳᠤ ᠰᠤᠮᠤ) ᠪᠣᠯᠵᠤ᠂1950 ᠤᠨ᠎ᠳᠤ ᠲᠡᠷᠢᠭᠦᠨ ᠰᠤᠮᠤ ᠪᠤᠯᠪᠠ᠃ 1954 ᠤᠨ᠎ᠳᠤ ᠰᠤᠮᠤᠨ᠎ᠤ ᠨᠡᠷ᠎ᠡ ᠵᠢ ᠵᠢᠭ᠋ᠠᠰᠤᠲᠠᠢ ᠨᠠᠭᠤᠷ ᠰᠤᠮᠤ ᠭᠡᠵᠦ ᠨᠡᠷᠡᠯᠡᠪᠡ᠃ 1961 ᠣᠨ᠎ᠳᠤ ᠨᠠᠷᠠᠳᠤ᠂ ᠵᠢᠭ᠋ᠠᠰᠤᠲᠠᠢ ᠬᠤᠶᠠᠷ ᠨᠢᠭᠡᠳᠦᠯ ᠰᠠᠯᠵᠤ᠂ ᠵᠢᠭ᠋ᠠᠰᠤᠲᠠᠢ ᠨᠢᠭᠡᠳᠦᠯ᠎ᠤᠨ ᠲᠦᠪ᠎ᠢ ᠵᠢᠭ᠋ᠠᠰᠤᠲᠠᠢ ᠰᠦᠮ᠎ᠡ ᠳᠡᠭᠡᠷ᠎ᠡ ᠪᠠᠢ᠌ᠭᠤᠯᠵᠠᠢ᠃ 2006 ᠤᠨ᠎ᠳᠤ ᠰᠣᠮᠤ ᠪᠠᠯᠭ᠋ᠠᠰᠤ ᠵᠢ ᠴᠤᠮᠬᠠᠳᠬᠠᠬᠤ᠎ᠳᠤ ᠵᠢᠭ᠋ᠠᠰᠤᠲᠠᠢ ᠰᠤᠮᠤ ᠵᠢ ᠨᠠᠷᠠᠳᠤ ᠰᠤᠮᠤᠨ᠎ᠳᠤ ᠨᠡᠢ᠌ᠯᠡᠭᠦᠯᠵᠦ᠂ 2012 ᠣᠨ᠎ᠳᠤ ᠲᠠᠬᠢᠨ ᠨᠠᠷᠠᠳᠤ ᠰᠤᠮᠤ᠎ᠠᠴᠠ ᠰᠠᠯᠵᠤ ᠵᠠᠰᠠᠭ ᠵᠠᠬᠢᠷᠭ᠎ᠠ᠎ᠪᠠᠨ ᠰᠡᠷᠭᠦᠭᠡᠵᠡᠢ᠃
ᠲᠡᠭᠡᠳᠦ ᠵᠢᠭ᠋ᠠᠰᠤᠲᠠᠢ ᠨᠠᠭᠤᠷ᠎ᠨᠢ   ᠮᠦᠨᠴᠤ ᠠᠯᠳᠠᠷᠳᠦ ᠰᠢᠯᠦᠭᠴᠢ ᠨᠠ᠊᠂ ᠰᠠᠢ᠌ᠨᠴᠤᠬᠳᠤ ᠵᠢᠨ ᠲᠦᠷᠦᠭᠰᠡᠨ ᠨᠤᠲᠤᠭ ᠪᠠᠢ᠌ᠵᠤ᠂ ᠶᠡᠬᠡ ᠰᠢᠯᠦᠭᠴᠢ ᠴᠦ᠍ ᠡᠨᠡ ᠬᠦ᠌ ᠡᠯᠡᠰᠦ ᠮᠠᠩᠬᠠᠨ᠎ᠤ ᠡᠬᠡ ᠨᠤᠲᠤᠭ᠎ᠤᠨ ᠵᠶ᠋ᠠᠨ ᠦᠵᠡᠮᠵᠢ ᠪᠦᠷᠢᠳᠦᠭᠰᠡᠨ ᠨᠠᠭᠤᠷ ᠵᠶ᠋ᠠᠨ ᠴᠦ᠍ ᠰᠢᠯᠦᠭᠯᠡᠨ ᠮᠠᠬᠳᠠᠵᠤ ᠠᠯᠳᠠᠷᠰᠢᠭᠤᠯᠤᠬᠰᠠᠨ ᠪᠢᠯᠡ᠃ ᠲᠡᠭᠦᠨ᠎ᠤ 《ᠰᠢᠯᠤᠭᠤᠨ ᠬᠦᠬᠡ ᠵᠢᠨ ᠲᠡᠮᠳᠡᠭᠯᠡᠯ ᠰᠢᠯᠦᠭ》 ᠬᠡᠮᠡᠬᠦ ᠮᠦᠴᠡᠯᠭᠡ ᠰᠢᠯᠦᠭ᠎ᠤᠨ 《ᠵᠢᠭ᠋ᠠᠰᠤᠲᠠᠢ ᠨᠠᠭᠤᠷ》 ᠬᠡᠬᠦ ᠰᠢᠯᠦᠭᠯᠡᠯ᠎ᠤᠨ 《ᠵᠢᠭ᠋ᠠᠰᠤ》 ᠬᠡᠮᠡᠬᠦ ᠬᠡᠰᠡᠭ᠎ᠲᠤ᠄
《  ᠮᠠᠨᠠᠨ   ᠰᠤᠭᠤᠨᠠᠭᠯᠠᠭᠰᠠᠨ ᠬᠦᠪᠡᠭᠡ ᠵᠢ᠎ᠨᠢ ᠬᠠᠷᠠᠪᠠᠯ
ᠮᠠᠩᠬᠠᠨ ᠭᠠᠵᠠᠷ᠎ᠤᠨ ᠳᠠᠯᠠᠢ ᠬᠡᠮᠡᠷ᠃
ᠮᠡᠯᠡᠯᠵᠡᠨ ᠨᠡᠯᠦᠢ᠌ᠭᠰᠡᠨ ᠵᠢᠭ᠋ᠠᠰᠤᠲᠠᠢ ᠨᠠᠭᠤᠷ ᠪᠤᠯ
ᠮᠡᠳᠡᠭᠡᠵᠢ ᠨᠡᠷᠡᠲᠡᠢ ᠰᠠᠢ᠌ᠬᠠᠨ ᠭᠠᠵᠠᠷ᠃
ᠮᠦᠷᠡᠨ ᠳᠠᠯᠠᠢ ᠵᠢᠨ ᠪᠠᠶᠠᠯᠢᠭ ᠵᠢᠭ᠋ᠠᠰᠤ ᠵᠢ
ᠮᠦᠯᠢᠭᠡᠷ ᠴᠡᠭᠡᠯ᠎ᠳᠡᠭᠡᠨ ᠬᠠᠳᠠᠭ᠋ᠠᠯᠠᠬᠰᠠᠨ ᠨᠠᠭᠤᠷ᠃
ᠮᠦᠩᠭᠡ ᠤᠨᠳᠤᠷᠤᠯᠳᠤ ᠬᠠᠯᠢᠮᠠᠭ ᠤᠰᠤ ᠵᠢ᠎ᠨᠢ
ᠮᠦᠩᠭᠦᠨ ᠲᠡᠮᠡᠭᠡ᠎ᠪᠠᠷ ᠬᠠᠰᠢᠬᠰᠠᠨ ᠭᠠᠵᠠᠷ》

《ᠦᠵᠡᠮᠵᠢ》 ᠭᠡᠬᠦ ᠬᠡᠰᠡᠭ᠎ᠲᠤ᠄
《ᠵᠢᠭ᠋ᠠᠰᠤᠲᠠᠢ ᠨᠠᠭᠤᠷ᠎ᠤᠨ ᠤᠰᠤᠨ ᠳᠡᠭᠡᠭᠦᠷ
ᠵᠠᠪᠢᠨ᠎ᠳᠤ ᠰᠠᠭᠤᠭ᠋ᠠᠳ ᠵᠤᠭ᠋ᠠᠯᠠᠵᠤ ᠦᠵᠡ
ᠵᠢᠶᠠᠩᠨᠠᠨ ᠭᠠᠵᠠᠷ᠎ᠤᠨ ᠵᠢᠷᠤᠬᠰᠠᠨ ᠦᠵᠡᠮᠵᠢ
ᠵᠠᠪᠠᠯ ᠨᠢᠳᠤᠨ᠎ᠳᠤ ᠴᠢᠨᠢ ᠲᠤᠰᠬᠠᠬᠳᠠᠨ ᠤᠷᠤᠨ᠎ᠠ

ᠪᠤᠬ᠎ᠠ ᠰᠢᠪᠠᠭᠤ ᠮᠦᠭᠡᠷᠡᠨ ᠲᠤᠩᠭᠤᠳᠤᠬᠰᠠᠨ
ᠲᠦᠭᠦᠷᠢᠭ ᠪᠤᠯᠠᠭ᠎ᠤᠨ ᠤᠰᠤ᠎ᠨᠢ ᠴᠡᠯᠡᠭᠡᠷ
ᠪᠤᠳᠠᠭ᠋ᠠᠨ ᠰᠢᠷ᠎ᠠ ᠵᠢᠨ ᠡᠩᠭᠡᠷ ᠲᠤᠯᠤᠬᠰᠠᠨ
ᠪᠠᠷᠠᠭᠤᠨ ᠨᠠᠭᠤᠷ᠎ᠤᠨ ᠵᠠᠮᠠᠭ᠎ᠨᠢ ᠨᠤᠭᠤᠭ᠋ᠠᠨ》[4] ᠬᠡᠮᠡᠨ ᠲᠡᠦᠬᠡ ᠳᠤᠮᠤᠭ᠎ᠲᠠᠢ᠎ᠨᠢ ᠬᠦᠦᠷᠨᠢᠨ ᠮᠠᠬᠲᠠᠵᠠᠢ᠃
ᠲᠡᠭᠡᠬᠦᠯᠡᠷ ᠲᠡᠭᠡᠳᠦ ᠵᠢᠭ᠋ᠠᠰᠤᠲᠠᠢ᠎ᠨᠢ   ᠡᠢ᠌ᠮᠦᠷᠬᠦᠦ ᠰᠤᠶᠤᠯ ᠲᠡᠦᠬᠡ ᠵᠢᠨ ᠤᠯᠪᠠᠭ᠎ᠠ᠎ᠲᠠᠢ ᠪᠦᠭᠡᠳ ᠤᠳᠤ ᠴᠤ᠌ ᠵᠢᠭ᠋ᠠᠰᠤᠲᠠᠢ ᠰᠤᠮᠤᠨ᠎ᠤ ᠰᠤᠮᠤᠨ ᠲᠦᠪ ᠪᠤᠯᠵᠤ ᠪᠠᠢ᠌ᠭ᠎ᠠ ᠴᠢᠬᠤᠯᠠ ᠭᠠᠵᠠᠷ ᠪᠢᠯᠡ᠃
ᠬᠣᠶᠠᠷ ᠲᠤᠤᠷᠠᠳᠤ ᠵᠢᠭ᠋ᠠᠰᠤᠳᠠᠢ ᠨᠠᠭᠤᠷ ᠭᠡᠳᠡᠭ᠎ᠤᠨ ᠲᠤᠬᠠᠢ
ᠲᠤᠤᠷᠠᠳᠤ ᠵᠢᠭ᠋ᠠᠰᠤᠲᠠᠢ ᠨᠠᠭᠤᠷ᠎ᠢ ᠴᠦ᠍ ᠶᠡᠷᠦ ᠵᠢᠨ ᠪᠠᠢ᠌ᠳᠠᠯ᠎ᠳᠤ ᠵᠢᠭ᠋ᠠᠰᠤᠲᠠᠢ ᠨᠠᠭᠤᠷ ᠬᠡᠮᠡᠨ ᠳᠠᠭᠤᠳᠠᠵᠤ᠂ ᠲᠡᠭᠡᠳᠦ ᠵᠢᠭ᠋ᠠᠰᠤᠲᠠᠢ᠎ᠠᠴᠠ ᠢᠯᠭ᠋ᠠᠪᠤᠷᠢᠯᠠᠬᠤ ᠵᠢᠨ ᠲᠦᠯᠦᠭᠡ ᠲᠤᠤᠷᠠᠳᠦ ᠵᠢᠭ᠋ᠠᠰᠤᠲᠠᠢ ᠬᠡᠮᠡᠨ ᠲᠡᠮᠳᠡᠭᠯᠡᠨ ᠨᠡᠷᠡᠯᠡᠳᠡᠭ᠃ ᠲᠤᠤᠷᠠᠳᠤ ᠵᠢᠭ᠋ᠠᠰᠤᠲᠠᠢ ᠨᠠᠭᠤᠷ᠎ᠨᠢ ᠴᠦ᠍ ᠤᠮᠠᠷᠠᠳᠤ ᠶᠤᠸᠠᠨ ᠤᠯᠤᠰ᠎ᠤᠨ ᠰᠡᠭᠦᠯᠴᠢ ᠵᠢᠨ ᠦᠶ᠎ᠡ ᠵᠢᠨ ᠬᠠᠷᠠᠴᠢᠨ ᠲᠦᠮᠡᠨ᠎ᠤ ᠭᠤᠤᠯ ᠨᠤᠲᠤᠭ᠎ᠤᠨ ᠨᠢᠭᠡ ᠪᠠᠢ᠌ᠵᠤ᠂ ᠡᠨᠳᠡ ᠬᠠᠷᠠᠴᠢᠨ᠎ᠢ ᠨᠤᠶᠠᠯᠠᠬ᠍ᠴᠢ ᠪᠠᠶᠠᠰᠬᠠᠯ ᠬᠦᠨᠳᠡᠯᠡᠨ ᠬᠠᠭ᠋ᠠᠨ ᠵᠢᠴᠢ ᠲᠡᠭᠦᠨ᠎ᠤ ᠠᠬᠠᠮᠠᠳ ᠬᠦᠪᠡᠭᠦᠨ ᠪᠠᠢ᠌ᠰᠠᠩᠬᠤᠷ ᠦᠢ᠍ᠵᠠᠩ 〈黄把都儿〉᠂ ᠤᠳᠠᠭ᠋ᠠᠬᠢ ᠬᠦᠪᠡᠭᠦᠨ ᠠᠢ᠌ᠰᠠᠩᠬᠤᠷ ᠴᠢᠩ ᠪᠠᠭ᠋ᠠᠳᠤᠷ (青把都儿)᠂ ᠪᠠᠢ᠌ᠰᠠᠩᠬᠤᠷ᠎ᠤᠨ ᠬᠦᠪᠡᠭᠦᠨ ᠪᠠᠢ᠌ᠬᠤᠨᠳᠠᠢ (白洪大)᠂ ᠪᠠᠢ᠌ᠬᠤᠨᠳᠠᠢ ᠵᠢᠨ ᠬᠦᠪᠡᠭᠦᠨ ᠯᠠᠰᠬᠢᠪ (打利) ᠲᠠᠢ᠌ᠵᠢ ᠨᠠᠷ ᠨᠤᠲᠤᠬᠯᠠᠵᠤ ᠪᠠᠢ᠌ᠪᠠ᠃
ᠲᠡᠭᠡᠷ᠎ᠡ ᠵᠠᠭᠤᠨ᠎ᠤ ᠶᠡᠷᠡᠭᠡᠳ ᠣᠨ᠎ᠠᠴᠠ ᠬᠦᠮᠦᠰ ᠠᠵᠢᠯ᠎ᠤᠨ ᠴᠢᠯᠦᠭᠡ᠎ᠪᠠᠷ ᠰᠠᠯᠬᠢ ᠦᠵᠡᠬᠦ ᠵᠢᠨ ᠲᠦᠯᠦᠭᠡ ᠵᠤᠨ᠎ᠤ ᠳᠡᠯᠭᠡᠷ ᠴᠠᠭ᠎ᠲᠤ ᠲᠤᠤᠷᠠᠳᠤ ᠵᠢᠭ᠋ᠠᠰᠤᠲᠠᠢ ᠨᠠᠭᠤᠷ ᠪᠡ ᠬᠡᠢ᠌ᠪᠤᠩ ᠭᠤᠤᠯ᠎ᠤᠨ ᠵᠤᠰᠠᠯᠠᠩ ᠵᠡᠷᠭᠡ ᠭᠠᠵᠠᠷ ᠵᠶ᠋ᠠᠷ ᠪᠠᠢ᠌ᠩᠭᠤ ᠵᠤᠭ᠋ᠠᠯᠠᠳᠠᠭ ᠪᠣᠯᠪᠠ᠃ ᠡᠨᠡ ᠦᠶᠡᠰ᠎ᠲᠤ ᠬᠦᠮᠦᠰ ᠵᠢᠭ᠋ᠠᠰᠤᠲᠠᠢ ᠰᠣᠮᠤᠨ᠎ᠤ ᠵᠢᠭ᠋ᠠᠰᠤᠲᠠᠢ ᠪᠡ ᠲᠠᠪᠤᠨ ᠤᠳᠤ ᠭᠠᠴᠠᠭ᠎ᠠ ᠵᠢᠨ ᠵᠤᠰᠠᠯᠠᠩ ᠵᠢᠭ᠋ᠠᠰᠤᠲᠠᠢ ᠵᠢ ᠢᠯᠭ᠋ᠠᠬᠤ ᠵᠢᠨ ᠲᠤᠯᠠᠲᠠ 《ᠶᠡᠬᠡ᠂ ᠪᠠᠭ᠎ᠠ》 ᠵᠢᠭ᠋ᠠᠰᠤᠲᠠᠢ ᠬᠡᠮᠡᠨ ᠢᠯᠭ᠋ᠠᠪᠤᠷᠢᠯᠠᠨ ᠬᠡᠯᠡᠳᠡᠭ ᠪᠣᠯᠵᠠᠢ᠃ ᠢᠩᠭᠢᠭᠡᠳ ᠲᠤᠤᠷᠠᠳᠤ ᠵᠢᠭ᠋ᠠᠰᠤᠲᠠᠢ ᠵᠢᠨ ᠨᠡᠷ᠎ᠡ᠎ᠨᠢ 《ᠪᠠᠭ᠎ᠠ ᠵᠢᠭ᠋ᠠᠰᠤᠲᠠᠢ》 ᠬᠡᠮᠡᠨ ᠨᠡᠷᠡᠯᠡᠭᠳᠡᠬᠦ ᠪᠣᠯᠵᠤ᠂ ᠤᠯᠠᠮ ᠵᠶ᠋ᠠᠷ ᠬᠢᠲᠠᠳ ᠮᠤᠩᠭᠤᠯ ᠬᠤᠯᠢᠬᠰᠠᠨ ᠨᠡᠷ᠎ᠡ 《ᠰᠢᠶᠤᠤ ᠵᠢᠭ᠋ᠠᠰᠤᠲᠠᠢ》 ᠬᠡᠮᠡᠭᠳᠡᠬᠦ ᠪᠣᠯᠪᠠ᠃
ᠲᠡᠷᠡᠴᠢᠯᠡᠨ 2009 ᠣᠨ᠎ᠳᠤ   ᠭᠠᠳᠠᠨ᠎ᠠ ᠵᠢᠨ ᠺᠣᠮᠫᠠᠨᠢ ᠲᠤᠰ ᠭᠠᠵᠠᠷ᠎ᠲᠤ  《ᠱᠠᠩᠳᠤ ᠨᠠᠭᠤᠷ ᠵᠢᠭᠤᠯᠴᠢᠯᠠᠯ᠎ᠤᠨ ᠮᠠᠯᠵᠢᠯ᠎ᠤᠨ ᠲᠠᠯᠠᠪᠠᠢ (上都湖旅游牧场)》 ᠬᠡᠮᠡᠭᠴᠢ ᠵᠢ ᠪᠠᠢ᠌ᠭᠤᠯᠵᠤ   ᠠᠶᠠᠯᠠᠯ ᠵᠢᠭᠤᠯᠴᠢᠯᠠᠯ᠎ᠤᠨ   ᠦᠢ᠍ᠯᠡᠰ ᠡᠵᠡᠩᠨᠡᠭᠰᠡᠨ᠎ᠠᠴᠠ ᠲ᠋ᠤᠤᠷᠠᠳᠤ ᠵᠢᠭ᠋ᠠᠰᠤᠲᠠᠢ ᠨᠠᠭᠤᠷ᠎ᠢ 《上都湖  》 ᠎ᠪᠠᠷ   ᠥᠬᠡᠷᠡᠴᠢᠯᠡᠨ ᠨᠡᠷᠡᠯᠡᠵᠦ᠂   ᠴᠢᠨᠠᠬᠰᠢᠯᠠᠭ᠋ᠠᠳ ᠪᠠᠢ ᠳ᠋ᠦ᠋ ᠰᠦᠯᠵᠢᠶᠡᠨ (百度网) ᠲᠡᠭᠡᠷ᠎ᠡ ᠴᠤ᠌ ᠱᠠᠩᠳᠤ ᠨᠠᠭᠤᠷ (上都湖) ᠬᠡᠮᠡᠨ ᠲᠠᠰᠢᠶᠠᠷᠠᠬᠤ ᠪᠣᠯᠪᠠ᠃

ᠭᠤᠷᠪᠠ᠂   ᠳᠦᠷᠢᠮᠵᠢᠭᠦᠯᠦᠨ   ᠪᠢᠴᠢᠬᠦ ᠰᠠᠨᠠᠭᠤᠯᠭ᠎ᠠ
《ᠭᠠᠵᠠᠷ᠎ᠤᠨ ᠨᠡᠷ᠎ᠡ ᠵᠢᠨ ᠪᠢᠴᠢᠯᠭᠡ᠂ ᠭᠠᠯᠢᠭ᠎ᠨᠢ ᠴᠢᠩᠭ᠎ᠠ ᠨᠢᠮᠪᠠᠢ ᠤᠯᠤᠰ ᠲᠦᠷᠦᠴᠢ ᠴᠢᠨᠠᠷ᠎ᠲᠠᠢ᠃ ᠲᠡᠷᠡ᠎ᠨᠢ ᠲᠥᠷᠥ ᠵᠢᠨ ᠡᠷᠬᠡ ᠮᠡᠳᠡᠯ ᠪᠠ ᠨᠡᠷ᠎ᠡ ᠬᠦᠨᠳᠦ᠂ ᠦᠨᠳᠦᠰᠦᠲᠡᠨ᠎ᠤ ᠲᠥᠷᠥ ᠵᠢᠨ   ᠪᠣᠳᠣᠯᠭ᠎ᠠ᠎ᠲᠠᠢ ᠬᠣᠯᠪᠤᠭᠳᠠᠵᠤ᠂ ᠬᠠᠤᠯᠢ ᠶᠣᠰᠤᠭ᠋ᠠᠷ ᠳᠥᠷᠢᠮᠵᠢᠬᠦᠯᠬᠦ ᠬᠡᠷᠡᠭᠳᠡᠢ》 [6]᠃
ᠰᠢᠯᠢ ᠵᠢᠨ ᠭᠣᠣᠯ ᠠᠢ᠌ᠮᠠᠭ᠎ᠤᠨ ᠰᠢᠯᠤᠭᠤᠨ ᠬᠦᠬᠡ ᠬᠤᠰᠢᠭᠤᠨ᠎ᠳᠤ ᠠᠳᠠᠯᠢ ᠨᠡᠷᠡᠲᠠᠢ  《ᠵᠢᠭ᠋ᠠᠰᠤᠲᠠᠢ》   ᠨᠠᠭᠤᠷ᠎ᠢ ᠮᠠᠨᠵᠤ ᠴᠢᠩ ᠤᠯᠤᠰ᠎ᠤᠨ ᠦᠶ᠎ᠡ ᠎ᠠᠴᠠ    《ᠲᠡᠭᠡᠳᠦ  ᠂ ᠲᠤᠤᠷᠠᠳᠤ  》 ᠵᠢᠭ᠋ᠠᠰᠤᠲᠠᠢ ᠬᠡᠮᠡᠨ ᠢᠯᠭ᠋ᠠᠪᠤᠷᠢᠯᠠᠨ ᠳᠠᠭᠤᠳᠠᠬᠰᠠᠭ᠋ᠠᠷ   ᠢᠷᠡᠭᠰᠡᠨ ᠵᠶ᠋ᠡᠨ ᠲᠡᠭᠡᠷ᠎ᠡ ᠵᠠᠭᠤᠨ᠎ᠤ ᠶᠡᠷᠡᠭᠡᠳ ᠣᠨ᠎ᠠᠴᠠ  《ᠶᠡᠬᠡ᠂ ᠪᠠᠭ᠎ᠠ》 ᠵᠢᠭ᠋ᠠᠰᠤᠲᠠᠢ ᠬᠡᠮᠡᠨ ᠢᠯᠭ᠋ᠠᠪᠤᠷᠢᠯᠠᠨ ᠬᠡᠯᠡᠳᠡᠭ ᠪᠣᠯᠵᠤ᠂ ᠡᠭᠦᠨ᠎ᠤ ᠤᠯᠠᠮ ᠵᠶ᠋ᠠᠷ ᠬᠢᠲᠠᠳ ᠮᠤᠩᠭᠤᠯ ᠬᠤᠯᠢᠬᠰᠠᠨ ᠨᠡᠷ᠎ᠡ 《ᠳ᠋ᠠ  ᠂ ᠰᠢᠶᠤᠤ》 ᠵᠢᠭ᠋ᠠᠰᠤᠲᠠᠢ ᠬᠡᠮᠡᠭᠳᠡᠬᠦ ᠪᠣᠯᠪᠠ᠃
ᠲᠤᠰ   ᠬᠣᠶᠠᠷ ᠠᠳᠠᠯᠢ ᠨᠡᠷᠡᠲᠦ ᠵᠢᠭ᠋ᠠᠰᠤᠲᠠᠢ   ᠨᠠᠭᠤᠷ᠎ᠢ ᠠᠵᠢᠪᠠᠯ ᠭᠠᠵᠠᠷ᠎ᠤᠨ ᠨᠡᠷ᠎ᠡ ᠵᠢᠨ ᠳᠦᠷᠢᠮᠵᠢᠯ ᠪᠠᠷᠢᠮᠵᠢᠶᠠᠵᠢᠯ᠎ᠤᠨ ᠬᠣᠪᠢ᠎ᠳᠤ᠂   ᠨᠢᠭᠡ ᠨᠡᠷ᠎ᠡ ᠣᠯᠠᠨ ᠬᠤᠪᠢᠯᠪᠤᠷᠢ᠎ᠲᠠᠢ ᠪᠣᠯᠤᠬᠰᠠᠨ᠂   ᠣᠯᠠᠨ ᠬᠤᠪᠢᠯᠪᠤᠷᠢ ᠨᠡᠷ᠎ᠡ ᠵᠢ ᠨᠢᠭᠡ ᠨᠡᠷ᠎ᠡ᠎ᠳᠤ ᠳᠦᠷᠢᠮᠵᠢᠭᠦᠯᠦᠨ ᠲ᠋ᠡᠮᠳᠡᠭᠯᠡᠬᠦ   ᠪᠠ ᠮᠣᠩᠭᠣᠯ ᠬᠢᠲᠠᠳ ᠦᠰᠦᠭ ᠵᠶ᠋ᠡᠷ ᠠᠯᠪᠠᠨ ᠶᠣᠰᠤᠭ᠋ᠠᠷ ᠬᠡᠷᠬᠢᠨ ᠲᠡᠮᠳᠡᠭᠯᠡᠪᠡᠯ ᠵᠣᠬᠢᠬᠤ   ᠵᠡᠷᠬᠡ ᠠᠰᠠᠭᠤᠳᠠᠯ ᠬᠣᠯᠪᠤᠬᠳᠠᠨ᠎ᠠ᠃   ᠡᠨᠡ ᠲᠣᠬᠠᠢ   ᠬᠠᠮᠢᠶ᠎ᠠ ᠪᠦᠬᠦᠢ ᠬᠠᠤᠯᠢ ᠳᠦᠷᠢᠮ᠎ᠠᠴᠠ ᠬᠠᠢ᠌ᠪᠠᠯ  ᠄  
1986 ᠣᠨ᠎ᠤ  《ᠪᠥᠬᠦᠲᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠭᠠᠵᠠᠷ᠎ᠤᠨ ᠨᠡᠷ᠎ᠡ ᠵᠢᠨ ᠬᠠᠮᠢᠶᠠᠷᠤᠯᠲᠠ ᠵᠢᠨ ᠳᠦᠷᠢᠮ》᠎ᠤᠨ ᠲᠠᠪᠤᠳᠤᠭ᠋ᠠᠷ ᠵᠤᠷᠪᠤᠰ᠎ᠤᠨ ᠭᠤᠷᠪᠠᠳᠤᠭ᠋ᠠᠷ ᠵᠦᠢ᠍ᠯ ᠎ᠳᠤ 《ᠨᠢᠭᠡ ᠭᠠᠵᠠᠷ ᠣᠯᠠᠨ ᠨᠡᠷ᠎ᠡ᠎ᠲᠠᠢ ᠪᠤᠶᠤ ᠨᠢᠭᠡᠡ ᠨᠡᠷ᠎ᠡ ᠵᠢ ᠣᠯᠠᠨ ᠶᠠᠩᠵᠤ᠎ᠪᠠᠷ ᠪᠢᠴᠢᠪᠡᠯ᠂ ᠨᠢᠭᠡᠳᠦᠯᠲᠡᠢ ᠨᠡᠷ᠎ᠡ ᠪᠠ ᠦᠰᠦᠭ᠎ᠢ ᠬᠡᠷᠡᠭᠯᠡᠨ᠎ᠡ》 [7] ᠭᠡᠵᠦ ᠲᠣᠭᠲᠠᠭ᠋ᠠᠪᠠ᠃
1996 ᠣᠨ᠎ᠤ 《ᠪᠦᠭᠦᠲᠡ ᠨᠠᠢ᠌ᠷᠠᠮᠳᠠᠬᠤ ᠲᠤᠮᠳᠠᠳᠤ ᠠᠷᠠᠳ ᠤᠯᠤᠰ᠎ᠤᠨ ᠭᠠᠵᠠᠷ᠎ᠤᠨ ᠨᠡᠷ᠎ᠡ ᠵᠢᠨ ᠬᠠᠮᠢᠶᠠᠷᠤᠯᠲᠠ ᠵᠢᠨ ᠳᠥᠷᠢᠮ᠎ᠤᠨ ᠨᠠᠷᠢᠨ ᠬᠡᠷᠡᠭᠵᠢᠭᠦᠯᠬᠦ ᠳᠦᠷᠢᠮ》᠎ᠤᠨ ᠭᠤᠷᠪᠠᠳᠤᠭ᠋ᠠᠷ ᠪᠦᠯᠦᠭ 《ᠭᠠᠵᠠᠷ᠎ᠤᠨ ᠨᠡᠷ᠎ᠡ ᠵᠢᠨ ᠪᠠᠷᠢᠮᠵᠢᠶᠠᠳᠤ ᠰᠢᠢ᠍ᠳᠪᠦᠷᠢᠯᠡᠯᠲᠡ》 ᠵᠢᠨ ᠠᠷᠪᠠᠨ ᠲᠣᠯᠤᠳᠤᠭ᠋ᠠᠷ ᠵᠤᠷᠪᠤᠰ᠎ᠤᠨ ᠨᠢᠭᠡᠳᠦᠬᠡᠷ ᠵᠦᠢ᠍ᠯ᠎ᠳᠤ  《ᠴᠦᠬᠡᠨ ᠲᠣᠭ᠋ᠠᠲᠤ ᠦᠨᠳᠦᠰᠦᠲᠡᠨ᠎ᠤ ᠭᠠᠵᠠᠷ᠎ᠤᠨ ᠨᠡᠷ᠎ᠡ ᠵᠢ ᠡᠯ᠎ᠡ ᠦᠨᠳᠦᠰᠦᠲᠡᠨ᠎ᠤ ᠦᠭᠡ ᠬᠡᠯᠡ᠂ ᠦᠰᠦᠭ ᠪᠢᠴᠢᠭ᠎ᠤᠨ ᠰᠠᠭᠤᠷᠢᠨ ᠳᠡᠭᠡᠷ᠎ᠡ ᠪᠠᠷᠢᠮᠵᠢᠶ᠎ᠠ (ᠨᠡᠢ᠌ᠲᠡ ᠵᠢᠨ) ᠠᠪᠢᠶᠠᠯᠠᠭ᠎ᠠ ᠵᠢ ᠦᠨᠳᠦᠰᠦᠯᠡᠵᠦ᠂ ᠬᠢᠲᠠᠳ ᠬᠡᠯᠡᠨ᠎ᠤ ᠨᠡᠢ᠌ᠲᠡ ᠵᠢᠨ ᠠᠪᠢᠶ᠎ᠠ᠎ᠪᠠᠷ ᠬᠦᠷᠪᠡᠭᠦᠯᠦᠨ ᠪᠠᠭᠤᠯᠭ᠋ᠠᠨ᠎ᠠ᠃ ᠨᠢᠭᠡᠨᠲᠡ ᠵᠠᠩᠰᠢᠬᠰᠠᠨ ᠬᠢᠲᠠᠳ ᠦᠰᠦᠭ᠎ᠤᠨ ᠠᠪᠢᠶᠠᠯᠠᠭ᠎ᠠ ᠵᠢᠨ ᠨᠡᠷ᠎ᠡ ᠵᠢ ᠬᠣᠪᠢᠷᠠᠭᠤᠯᠬᠤ ᠦᠭᠡᠢ》 [8] ᠭᠡᠵᠦ ᠲᠣᠭᠳᠠᠭ᠋ᠠᠪᠠ᠃
2014 ᠣᠨ᠎ᠤ  《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠭᠠᠵᠠᠷ᠎ᠤᠨ ᠨᠡᠷ᠎ᠡ ᠵᠢᠨ ᠬᠠᠮᠢᠶᠠᠷᠤᠯᠲᠠ ᠵᠢᠨ ᠳᠦᠷᠢᠮ》᠎ᠳᠠᠬᠢ ᠬᠣᠶᠠᠳᠤᠭ᠋ᠠᠷ ᠪᠦᠯᠦᠭ 《ᠭᠠᠵᠠᠷ᠎ᠤᠨ ᠨᠡᠷ᠎ᠡ ᠵᠢ ᠨᠡᠷᠡᠢ᠌ᠳᠬᠦ᠂   ᠰᠣᠯᠢᠬᠤ ᠪᠠ ᠬᠠᠰᠤᠬᠤ》 ᠵᠢᠨ ᠨᠠᠢ᠍ᠮᠠᠳᠤᠭ᠋ᠠᠷ ᠵᠤᠷᠪᠤᠰ᠎ᠲᠤ ᠭᠠᠵᠠᠷ᠎ᠤᠨ ᠨᠡᠷ᠎ᠡ ᠵᠢ ᠨᠡᠷᠡᠢ᠌ᠳᠬᠦ᠂ ᠰᠣᠯᠢᠬᠤ ᠪᠠ ᠬᠠᠰᠤᠬᠤ᠎ᠳᠤ ᠲᠣᠣᠷᠠᠬᠢ ᠮᠡᠲᠦ ᠵᠠᠷᠴᠢᠮ᠎ᠢ ᠦᠨᠳᠦᠰᠦᠯᠡᠨ᠎ᠠ᠂ ᠲᠤᠬᠠᠢ᠌ᠯᠠᠪᠠᠯ 《ᠨᠢᠭᠡ᠎ᠳᠤ᠂ ᠤᠯᠤᠰ᠎ᠤᠨ ᠨᠢᠬᠡᠳᠦᠯ ᠪᠠ ᠨᠤᠲᠤᠭ ᠲᠡᠪᠢᠰᠬᠡᠷ᠎ᠤᠨ ᠪᠦᠷᠢᠨ ᠪᠦᠳᠦᠨ ᠪᠠᠢ᠌ᠬᠤ᠎ᠳᠤ ᠠᠰᠢᠬᠳᠠᠢ ᠪᠠᠢ᠌ᠬᠤ᠃ ᠬᠣᠶᠠᠷ᠎ᠲᠤ᠂ ᠦᠨᠳᠦᠰᠦᠲᠡᠨ᠎ᠤ ᠪᠦᠯᠬᠦᠮᠳᠡᠯ ᠪᠠ ᠨᠡᠢ᠌ᠭᠡᠮ᠎ᠤᠨ ᠡᠶ᠎ᠡ ᠵᠣᠬᠢᠴᠠᠯ᠎ᠢ ᠬᠠᠮᠠᠭ᠋ᠠᠯᠠᠬᠤ᠎ᠳᠤ ᠠᠰᠢᠬᠳᠠᠢ ᠪᠠᠢ᠌ᠬᠤ᠃ ᠭᠤᠷᠪᠠ᠎ᠳᠤ᠂ ᠲᠤᠬᠠᠢ ᠵᠢᠨ ᠭᠠᠵᠠᠷ᠎ᠤᠨ ᠲᠡᠦᠬᠡ᠂ ᠰᠣᠶᠤᠯ ᠪᠠ ᠭᠠᠵᠠᠷ ᠵᠦᠢ ᠵᠢᠨ ᠣᠨᠴᠠᠯᠢᠭ᠎ᠢ ᠬᠠᠷᠠᠭᠤᠯᠤᠬᠰᠠᠨ ᠪᠠᠢ᠌ᠬᠤ᠃   ᠳᠥᠷᠪᠡ᠎ᠳᠤ᠂ ᠴᠦᠭᠡᠨ ᠲᠣᠭ᠋ᠠᠲᠤ ᠦᠨᠳᠦᠰᠦᠲᠡᠨ᠎ᠤ ᠵᠠᠩ ᠳᠠᠳᠬᠠᠯ ᠪᠠ ᠠᠷᠠᠳ ᠲᠦᠮᠡᠨ᠎ᠤ ᠬᠦᠰᠡᠯ ᠱᠠᠭ᠋ᠠᠷᠳᠠᠯᠭ᠎ᠠ ᠵᠢ ᠬᠦᠨᠳᠦᠳᠭᠡᠭᠰᠡᠨ ᠪᠠᠢ᠌ᠬᠤ᠃ ᠲᠠᠪᠤ᠎ᠳᠤ᠂   ᠭᠠᠵᠠᠷ᠎ᠤᠨ ᠨᠡᠷ᠎ᠡ ᠵᠢᠨ ᠬᠠᠷᠢᠴᠠᠩᠭᠤᠢ ᠲᠣᠭᠳᠠᠪᠤᠷᠢᠳᠠᠢ ᠪᠠᠢ᠌ᠬᠤ ᠵᠢ ᠪᠠᠳᠤᠯᠠᠬᠰᠠᠨ ᠪᠠᠢ᠌ᠬᠤ》[9]   ᠭᠡᠵᠦ ᠲᠣᠭᠳᠠᠭ᠋ᠠᠪᠠ᠃  
ᠲᠡᠭᠡᠬᠦᠯᠡᠷ   ᠰᠢᠯᠤᠭᠤᠨ ᠬᠦᠬᠡ ᠵᠢᠨ ᠨᠤᠲᠤᠭ᠎ᠲᠠᠬᠢ ᠢᠬᠢᠷ᠎ᠠ ᠬᠤᠶᠠᠷ ᠵᠢᠭ᠋ᠠᠰᠤᠲᠠᠢ ᠨᠠᠭᠤᠷ ᠎ᠢ 2014 ᠣᠨ᠎ᠤ  《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ᠎ᠤ ᠭᠠᠵᠠᠷ᠎ᠤᠨ ᠨᠡᠷ᠎ᠡ ᠵᠢᠨ ᠬᠠᠮᠢᠶᠠᠷᠤᠯᠲᠠ ᠵᠢᠨ ᠳᠦᠷᠢᠮ》᠎ᠳᠠᠬᠢ ᠬᠣᠶᠠᠳᠤᠭ᠋ᠠᠷ ᠪᠦᠯᠦᠭ 《ᠭᠠᠵᠠᠷ᠎ᠤᠨ ᠨᠡᠷ᠎ᠡ ᠵᠢ ᠨᠡᠷᠡᠢ᠌ᠳᠬᠦ᠂ ᠰᠣᠯᠢᠬᠤ ᠪᠠ ᠬᠠᠰᠤᠬᠤ》 ᠵᠢᠨ ᠨᠠᠢ᠍ᠮᠠᠳᠤᠭ᠋ᠠᠷ ᠵᠤᠷᠪᠤᠰ ᠎ᠤᠨ ᠭᠤᠷᠪᠠᠳᠤᠭ᠋ᠠᠷ   ᠵᠦᠢ᠍ᠯ᠎ᠤᠨ ᠲᠡᠦᠬᠡᠨ ᠤᠯᠠᠮᠵᠢᠯᠠᠯᠲᠤ ᠵᠠᠷᠴᠢᠮ᠎ᠢ ᠦᠨᠳᠦᠰᠦᠯᠡᠵᠦ ᠬᠠᠭᠤᠴᠢᠨ ᠤᠯᠠᠮᠵᠢᠯᠠᠯ᠎ᠢ ᠮᠦᠷᠳᠡᠨ  《ᠲᠡᠭᠡᠳᠦ  ᠂ ᠲᠤᠤᠷᠠᠳᠤ》 ᠵᠢᠭ᠋ᠠᠰᠤᠲᠠᠢ   ᠬᠡᠮᠡᠨ   ᠨᠡᠷᠡᠯᠡᠵᠦ᠂ 《ᠶᠡᠬᠡ᠂ ᠪᠠᠭ᠎ᠠ᠂ ᠳ᠋ᠠ᠂ ᠰᠢᠶᠤᠤ》 ᠵᠢᠭ᠋ᠠᠰᠤᠲᠠᠢ  ᠂ 《ᠱᠠᠩᠳᠤ ᠨᠠᠭᠤᠷ》 ᠵᠡᠷᠭᠡ   ᠰᠡᠬᠦᠯ᠎ᠤᠨ ᠦᠶ᠎ᠡ ᠵᠢᠨ ᠲᠠᠰᠢᠶᠠᠷᠠᠬᠰᠠᠨ ᠨᠡᠷᠡᠢ᠌ᠳᠦᠯ᠎ᠢ ᠲᠠᠶᠠᠭᠳᠠᠪᠠᠯ ᠵᠤᠬᠢᠨ᠎ᠠ᠃   ᠳᠠᠬᠢᠪᠠᠯ 《ᠮᠣᠩᠭᠣᠯ ᠭᠠᠵᠠᠷ᠎ᠤᠨ ᠨᠡᠷ᠎ᠡ ᠵᠢ ᠬᠦᠷᠪᠡᠭᠦᠯᠦᠨ ᠪᠠᠭᠤᠯᠭ᠋ᠠᠬᠤ ᠲᠦᠷᠢᠮᠵᠢᠯ》 (1986) [10]᠎ᠢ ᠦᠨᠳᠦᠰᠦᠯᠤᠨ᠂ 《ᠳᠡᠭᠡᠳᠦ ᠵᠢᠭ᠋ᠠᠰᠤᠲᠠᠢ》᠎ᠢ 《德都扎格斯台》   ᠭᠡᠵᠦ᠂ 《ᠳᠣᠣᠷᠠᠳᠤ   ᠵᠢᠭ᠋ᠠᠰᠤᠲᠠᠢ》᠎ᠢ 《道都扎格斯台》   ᠭᠡᠵᠦ   ᠲᠡᠮᠳᠡᠭᠯᠡᠪᠡᠯ ᠵᠣᠬᠢᠨ᠎ᠠ᠃

ᠵᠡᠭᠦᠯᠲᠡ᠄
[1]《钦定四库全书》钦定大清一统志 卷四百十
[2](清)金志節  黄可潤纂《口北三厅志》卷之七 番衛 八和九
[3] ᠦᠵᠢᠶᠡᠳ᠂ ᠭ᠋ᠸᠩᠳᠦᠨ 《ᠰᠢᠯᠤᠭᠤᠨ ᠬᠦᠬᠡ ᠬᠤᠰᠢᠭᠤᠨ᠎ᠤ ᠰᠦᠮ᠎ᠡ ᠬᠡᠢ᠌ᠳ᠎ᠤᠨ ᠲᠤᠢ᠌ᠮᠦ》   ᠰᠢᠯᠤᠭᠤᠨ ᠬᠦᠬᠡ ᠬᠤᠰᠢᠭᠤᠨ᠎ᠤ ᠤᠯᠤᠰ ᠲᠦᠷᠦ ᠵᠢᠨ ᠵᠦᠪᠯᠡᠯᠭᠡᠨ᠎ᠤ ᠲᠤᠳᠤᠭ᠋ᠠᠳᠤ ᠮᠠᠲᠸᠷᠢᠶᠠᠯ᠂ 4—6 ᠳ᠋ᠤᠭ᠋ᠠᠷ ᠬᠠᠭᠤᠳᠠᠰᠤ  ᠃
[4]《ᠨᠠ᠊᠂ ᠰᠠᠢ᠌ᠨᠴᠤᠬᠳᠤ ᠵᠢᠨ ᠪᠦᠷᠢᠨ ᠵᠤᠬᠢᠶᠠᠯ》᠂ ᠦᠪᠦᠷ ᠮᠣᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂1999 ᠤᠨ᠂107.111.112 ᠳ᠋ᠤᠭ᠋ᠠᠷ ᠬᠠᠭᠤᠳᠠᠰᠤ᠃
[5]   ᠰᠠᠷᠠᠨᠴᠢᠮᠡᠭ ᠨᠠᠢ᠌ᠷᠠᠭᠤᠯᠪᠠ  ᠂ 《  ᠭᠡᠭᠡᠨ   ᠱᠦᠭᠦᠮᠡᠭ  》 (  ᠶᠤᠸᠠᠨ᠎ᠤ ᠳᠡᠭᠡᠳᠦ ᠨᠡᠢ᠌ᠰᠯᠡᠯ᠎ᠤᠨ ᠪᠠᠭᠤᠷᠢ ᠬᠢᠭᠡᠳ ᠮᠣᠩᠭᠣᠯ ᠲᠡᠦᠬᠡ ᠰᠣᠶᠣᠯ)   ᠰᠢᠯᠤᠭᠤᠨ ᠬᠥᠬᠡ  ᠂ ᠵᠢᠭ᠋ᠠᠰᠤᠳᠠᠢ ᠰᠤᠷᠭ᠋ᠠᠭᠤᠯᠢ ᠨᠣᠮ᠎ᠢ ᠰᠤᠳᠤᠯᠤᠨ ᠶᠠᠷᠢᠯᠴᠠᠬᠤ ᠬᠤᠷᠠᠯ᠎ᠤᠨ ᠢᠯᠡᠳᠬᠡᠯ ᠦᠭᠦᠯᠡᠯ  ᠂ ᠥᠪᠥᠷ ᠮᠣᠩᠭᠣᠯ᠎ᠤᠨ ᠬᠡᠪᠯᠡᠯ᠎ᠤᠨ ᠪᠦᠯᠦᠭᠯᠡᠯ  ᠂   ᠥᠪᠥᠷ ᠮᠣᠩᠭᠣᠯ᠎ᠤᠨ ᠰᠤᠶᠤᠯ᠎ᠤᠨ ᠬᠡᠪᠯᠡᠯ᠎ᠤᠨ ᠬᠤᠷᠢᠶ᠎ᠠ  ᠂ 2014 ᠣᠨ  ᠂11—19 ᠳ᠋ᠤᠭᠡᠷ ᠬᠠᠭᠤᠳᠠᠰᠤ᠃
[6]张弓长,内蒙古地名拼写要符合国家规定,《内蒙古地名文化研究》(汉文版),2015年4月。
[7]《中华人民共和国地名管理条例》,1986年1月23日,中华人民共和国国务院发布。
[8] 《地名管理条例实施细则》,1996年6月18日,中华人民共和国民政部发布。
[9] 《内蒙古自治区地名管理规定》,2014年11月13日,内蒙古自治区人民政府第207号政府令公布。
[10]国家测绘局、总参谋部测绘局制:《蒙古语地名译音规则》,测绘出版社,1986年。

ᠵᠣᠬᠢᠶᠠᠬ᠍ᠴᠢ ᠵᠢᠨ   ᠬᠠᠶᠢᠭ  ᠄
ᠥᠪᠥᠷ ᠮᠣᠩᠭᠣᠯ᠎ᠤᠨ ᠪᠠᠭᠰᠢ ᠵᠢᠨ ᠶᠡᠬᠡ ᠰᠤᠷᠭ᠋ᠠᠭᠤᠯᠢ
ᠰᠢᠯᠤᠭᠤᠨ ᠬᠥᠬᠡ ᠬᠤᠰᠢᠭᠤᠨ᠎ᠤ   ᠠᠷᠠᠳ᠎ᠤᠨ ᠤᠷᠠᠯᠢᠭᠴᠢᠳ᠎ᠤᠨ ᠨᠡᠢ᠌ᠭᠡᠮᠯᠢᠭ

ᠢᠷᠡᠯᠲᠡ᠄ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠭᠠᠵᠠᠷ᠎ᠤᠨ ᠨᠡᠷ᠎ᠡ ᠵᠢᠨ ᠨᠤᠲᠠᠯᠠᠯᠲᠠ᠄ ᠭᠤᠷᠪᠠᠨ ᠤᠰᠤ ᠲᠤᠰᠬᠤᠨ
ᠭᠠᠵᠠᠷ᠎ᠤᠨ ᠨᠡᠷ᠎ᠡ ᠵᠢᠨ ᠨᠤᠳᠠᠯᠠᠯᠳᠠ᠄ ᠲᠡᠮᠡᠭᠡᠯᠢ
ᠭᠠᠵᠠᠷ᠎ᠤᠨ ᠨᠡᠷ᠎ᠡ ᠵᠢᠨ ᠨᠣᠲᠠᠯᠠᠯᠲᠠ᠄ ᠨᠦᠬᠡᠰ᠎ᠤᠨ ᠭᠣᠣᠯ
ᠭᠠᠵᠠᠷ᠎ᠤᠨ ᠨᠡᠷ᠎ᠡ ᠵᠢᠨ ᠨᠣᠲᠠᠯᠠᠯᠲᠠ᠄ ᠠᠪᠤ ᠠᠭᠣᠯᠠ
ᠭᠠᠵᠠᠷ᠎ᠤᠨ ᠨᠡᠷ᠎ᠡ ᠵᠢᠨ ᠨᠤᠲᠠᠯᠠᠯᠲᠠ᠄ ᠬᠣᠣᠯᠢᠨ ᠭᠣᠣᠯ
 
            