ᠪᠣᠢ᠌ᠵᠢᠭᠣᠯᠣᠭᠰᠠᠨ ᠭᠠᠬᠠᠢ
ᠪᠡᠭᠡᠵᠢᠩ ᠬᠠᠷ᠎ᠠ ᠭᠠᠬᠠᠢ
1. ᠪᠡᠶ᠎ᠡ ᠵᠢᠨ ᠬᠡᠯᠪᠡᠷᠢ ᠪᠠ ᠭᠠᠳᠠᠷ ᠳᠦᠷᠰᠦ
ᠪᠡᠭᠡᠵᠢᠩ ᠬᠠᠷ᠎ᠠ ᠭᠠᠬᠠᠢ ᠵᠢᠨ ᠪᠦᠷᠬᠦᠭᠦᠯ ᠦᠰᠦ᠎ᠨᠢ ᠬᠠᠷ᠎ᠠ᠂ ᠪᠡᠶ᠎ᠡ ᠴᠤᠭᠴᠠ᠎ᠨᠢ ᠪᠡᠬᠢᠯᠢᠭ᠂ ᠪᠦᠲᠦᠴᠡ᠎ᠨᠢ ᠠᠪᠴᠠᠯᠳᠤᠩᠭᠣᠢ᠂ ᠲᠤᠯᠤᠭ᠋ᠠᠢ ᠵᠢᠨ ᠶᠡᠬᠡ ᠪᠠᠭ᠎ᠠ᠎ᠨᠢ ᠳᠤᠮᠳᠠ ᠵᠢᠨ᠂ ᠬᠤᠶᠠᠷ ᠴᠢᠬᠢ᠎ᠨᠢ ᠡᠮᠦᠨᠡᠰᠢ᠎ᠪᠠᠨ ᠪᠤᠰᠤᠭ᠎ᠠ ᠪᠣᠶᠣ ᠲᠡᠭᠰᠢ ᠰᠢᠯᠤᠭᠤᠨ᠂ ᠨᠢᠭᠤᠷ᠎ᠨᠢ ᠵᠢᠭ᠋ᠠᠬᠠᠨ ᠮᠠᠳᠠᠭ᠋ᠠᠷ᠂ ᠮᠠᠩᠨᠠᠢ᠎ᠨᠢ ᠨᠡᠯᠢᠶᠡᠳ ᠦᠷᠭᠡᠨ᠂ ᠬᠦᠵᠦᠭᠦᠦ ᠳᠠᠯᠤᠨᠤ ᠵᠤᠯᠭ᠋ᠠᠯᠲᠠᠨᠢ ᠰᠠᠢ᠌ᠨ᠂ ᠵᠤ ᠨᠢᠷᠤᠭᠤ᠎ᠨᠢ ᠨᠡᠯᠢᠶᠡᠳ ᠲᠡᠭᠰᠢ ᠪᠦᠭᠡᠳ ᠦᠷᠭᠡᠨ᠂ ᠬᠡᠪᠡᠯᠢ ᠵᠢᠨ ᠬᠡᠰᠡᠭ᠎ᠤᠨ ᠪᠣᠢ᠌ᠵᠢᠯᠲᠠ᠎ᠨᠢ ᠰᠠᠢ᠌ᠨ᠂ ᠭᠡᠪᠡᠴᠦ ᠳᠡᠭᠦᠵᠢᠯᠡᠭᠳᠡᠬᠦ ᠦᠭᠡᠢ᠂ ᠭᠤᠶ᠎ᠠ ᠬᠤᠨᠳᠤᠯᠠᠢ᠎ᠨᠢ ᠨᠡᠯᠢᠶᠡᠳ ᠳᠦᠭᠦᠷᠡᠩ᠂ ᠳᠦᠷᠪᠡᠨ ᠮᠦᠴᠢ᠎ᠨᠢ ᠴᠢᠬᠢᠷᠠᠭ᠂ ᠬᠦᠬᠦᠨ ᠲᠤᠪᠴᠢ᠎ᠨᠢ 7 ᠬᠤᠤᠰ᠎ᠠᠴᠠ ᠳᠡᠭᠡᠭᠰᠢ᠂ ᠵᠢᠭᠰᠠᠭ᠋ᠠᠯᠲᠠ᠎ᠨᠢ ᠵᠢᠭᠲᠡ᠂ ᠪᠤᠢ᠌ᠵᠢᠯᠲᠠ᠎ᠨᠢ ᠭᠦᠢ᠍ᠴᠡᠳ ᠶᠤᠮ᠃
2. ᠦᠢ᠍ᠯᠡᠳᠪᠦᠷᠢᠯᠡᠯ᠎ᠤᠨ ᠴᠢᠳᠠᠪᠤᠷᠢ
(1) ᠦᠰᠦᠯᠲᠡ ᠪᠤᠢ᠌ᠵᠢᠯᠲᠠ
ᠨᠠᠰᠤ ᠭᠦᠢ᠍ᠴᠡᠭᠰᠡᠨ ᠪᠡᠭᠡᠵᠢᠩ ᠬᠠᠷ᠎ᠠ ᠭᠠᠬᠠᠢ ᠵᠢᠨ ᠠᠵᠢᠷᠭ᠋ᠠᠨ ᠭᠠᠬᠠᠢ ᠵᠢᠨ ᠪᠡᠶ᠎ᠡ ᠵᠢᠨ ᠬᠦᠨᠳᠦ᠎ᠨᠢ 250 ᠺᠢᠯᠦᠭᠷᠡᠮ᠂ ᠮᠡᠭᠡᠵᠢ ᠵᠢᠨ ᠪᠡᠶ᠎ᠡ ᠵᠢᠨ ᠬᠦᠨᠳᠦ᠎ᠨᠢ 220 ᠺᠢᠯᠦᠭᠷᠡᠮ᠃ 70 ᠬᠤᠨᠤᠭ᠎ᠤᠨ ᠨᠠᠰᠤᠨ᠎ᠠᠴᠠ 95 ᠺᠢᠯᠦᠭᠷᠡᠮ ᠪᠤᠯᠲᠠᠯᠠᠬᠢ ᠡᠳᠦᠷ᠎ᠤᠨ ᠲᠡᠭᠰᠢᠳᠭᠡᠭᠰᠡᠨ ᠪᠡᠶ᠎ᠡ ᠵᠢᠨ ᠬᠦᠨᠳᠦ ᠵᠢᠨ ᠨᠡᠮᠡᠭᠳᠡᠯ᠎ᠨᠢ 700~750 ᠭ᠋ᠷᠡᠮ ᠬᠦᠷᠦᠨ᠎ᠡ᠃
(2) ᠦᠷᠡᠵᠢᠯ᠎ᠤᠨ ᠴᠢᠳᠠᠪᠤᠷᠢ
ᠮᠡᠭᠡᠵᠢ᠎ᠨᠢ ᠠᠩᠬ᠎ᠠ ᠲᠤᠷᠤᠢ᠌ᠯᠠᠬᠤᠳᠠᠭᠠᠨ ᠲᠡᠭᠰᠢᠳᠭᠡᠭᠡᠳ10.1 ᠲᠤᠯᠤᠭ᠋ᠠᠢ᠂ ᠰᠡᠭᠦᠯᠡᠷ᠎ᠨᠢ ᠲᠡᠭᠰᠢᠳᠭᠡᠭᠡᠳ 11.52 ᠲᠤᠯᠤᠭ᠋ᠠᠢ ᠬᠦᠷᠳᠡᠭ᠂ 4 ᠭᠠᠷᠠᠭ ᠪᠣᠯᠣᠭᠰᠠᠨ ᠰᠦᠨ᠎ᠠᠴᠠ ᠰᠠᠯᠬᠣ ᠦᠶᠡᠰ᠎ᠤᠨ ᠲᠤᠷᠤᠢ ᠵᠢᠨ ᠪᠡᠶ᠎ᠡ ᠵᠢᠨ ᠬᠦᠨᠳᠦ᠎ᠨᠢ 7.97 ᠺᠢᠯᠦᠭᠷᠡᠮ ᠪᠠᠢ᠌ᠳᠠᠭ᠃
(3) ᠪᠤᠷᠳᠤᠯᠭ᠎ᠠ
95 ᠺᠢᠯᠦᠭᠷᠡᠮ ᠪᠣᠯᠬᠣ ᠦᠶᠡᠰ᠎ᠤᠨ ᠡᠳᠦᠷ᠎ᠤᠨ ᠨᠠᠰᠤ᠎ᠨᠢ 175 ᠡᠳᠦᠷ᠂ ᠪᠤᠷᠳᠤᠯᠭ᠎ᠠ ᠵᠢᠨ ᠬᠤᠭᠤᠴᠠᠭ᠋ᠠᠨ᠎ᠤ ᠲᠡᠵᠢᠭᠡᠯ᠎ᠤᠨ ᠠᠰᠢᠭᠯᠠᠯᠲᠠ᠎ᠨᠢ᠄ 1∶2.98 ᠶᠣᠮ᠃
(4) ᠠᠯᠠᠰᠢᠨ ᠪᠡᠶ᠎ᠡ ᠵᠢᠨ ᠴᠢᠨᠠᠷ
90 ᠺᠢᠯᠦᠭᠷᠡᠮ ᠳᠡᠭᠡᠷ᠎ᠡ᠎ᠨᠢ ᠨᠢᠲᠤᠯᠠᠪᠠᠯ᠂ ᠬᠠᠷ᠎ᠠ ᠮᠢᠬᠠᠨ᠎ᠤ ᠨᠤᠷᠮ᠎ᠠ᠎ᠨᠢ 57.28 %᠂ ᠭᠤᠶ᠎ᠠ ᠬᠤᠨᠳᠤᠯᠠᠢ ᠵᠢᠨ ᠬᠠᠷᠢᠴᠠᠯ᠎ᠨᠢ 31.21%᠂ ᠲᠡᠭᠰᠢᠳᠭᠡᠭᠰᠡᠨ ᠲᠠᠷᠭᠤ ᠵᠢᠨ ᠵᠤᠵᠠᠭ᠋ᠠᠨ᠎ᠨᠢ 22.1 ᠮᠢᠯᠢᠮᠧᠲᠷ᠂ ᠮᠢᠬᠠᠨ᠎ᠤ ᠴᠢᠨᠠᠷ᠎ᠨᠢ ᠰᠢᠨ᠎ᠡ ᠰᠤᠷᠭᠤᠭ᠂ ᠮᠢᠬᠠᠨ᠎ᠤ ᠦᠩᠭᠡ᠎ᠨᠢ ᠰᠠᠢ᠌ᠨ ᠶᠤᠮ᠃
3. ᠡᠷᠯᠢᠰᠡᠵᠢᠭᠦᠯᠦᠨ ᠠᠰᠢᠭᠯᠠᠬᠤ
ᠪᠡᠭᠡᠵᠢᠩ ᠬᠠᠷ᠎ᠠ ᠭᠠᠬᠠᠢ᠎ᠨᠢ ᠬᠡᠪᠴᠢᠶᠡᠵᠢᠭᠦᠯᠦᠨ ᠲᠡᠵᠢᠭᠡᠬᠦ᠎ᠳᠤ ᠲᠤᠬᠢᠷᠠᠬᠤ ᠮᠦᠷᠲᠡᠭᠡᠨ ᠲᠠᠷᠢᠶᠠᠯᠠᠬᠤ ᠡᠷᠦᠬᠡ ᠪᠠᠭ᠎ᠠ ᠬᠡᠪᠴᠢᠶ᠎ᠡ᠎ᠪᠠᠷ ᠲᠡᠵᠢᠭᠡᠬᠦ᠎ᠳᠤ ᠴᠤ᠌ ᠲᠣᠬᠢᠷᠠᠨ᠎ᠠ᠃ ᠪᠡᠭᠡᠵᠢᠩ ᠬᠠᠷ᠎ᠠ ᠭᠠᠬᠠᠢ ᠵᠢᠨ ᠡᠬᠡ ᠤᠳᠤᠮ᠎ᠢ ᠣᠷᠣᠭᠣᠯᠵᠣ ᠢᠷᠡᠭᠰᠡᠨ ᠠᠵᠢᠷᠭ᠋ᠠᠨ ᠭᠠᠬᠠᠢ᠎ᠪᠠᠷ ᠡᠷᠯᠢᠰᠡᠵᠢᠭᠦᠯᠪᠡᠯ᠂ ᠡᠷᠯᠢᠰᠡ ᠲᠠᠸᠠᠷ᠎ᠤᠨ ᠭᠠᠬᠠᠢ ᠵᠢᠨ ᠪᠤᠷᠳᠤᠯᠭ᠎ᠠ ᠵᠢᠨ ᠬᠤᠭᠤᠴᠠᠭ᠋ᠠᠨ᠎ᠤ ᠡᠳᠦᠷ᠎ᠤᠨ ᠨᠡᠮᠡᠭᠳᠡᠬᠦ ᠬᠦᠨᠳᠦ᠎ᠨᠢ 750 ᠭ᠋ᠷᠡᠮ᠎ᠠᠴᠠ ᠳᠡᠭᠡᠭᠰᠢ᠂ ᠲᠡᠵᠢᠭᠡᠯ᠎ᠤᠨ ᠠᠰᠢᠭᠯᠠᠯᠲᠠ ᠵᠢᠨ ᠨᠤᠷᠮ᠎ᠠ᠎ᠨᠢ 1∶2.76 ᠶᠤᠮ᠃ ᠪᠡᠶ᠎ᠡ ᠵᠢᠨ ᠬᠦᠨᠳᠦ᠎ᠨᠢ 90 ᠺᠢᠯᠦᠭᠷᠡᠮ ᠦᠶᠡᠰ ᠨᠢᠲᠤᠯᠠᠪᠠᠯ ᠠᠯᠠᠰᠢᠨ ᠪᠡᠶ᠎ᠡ ᠵᠢᠨ ᠬᠠᠷ᠎ᠠ ᠮᠢᠬᠠᠨ᠎ᠤ ᠨᠤᠷᠮ᠎ᠠ᠎ᠨᠢ 59%᠎ᠠᠴᠠ ᠳᠡᠭᠡᠭᠰᠢ᠂ ᠮᠢᠬᠠᠨ᠎ᠤ ᠴᠢᠨᠠᠷ ᠰᠤᠷᠭᠤᠭ᠂ ᠵᠦᠭᠡᠯᠡᠨ᠂ ᠦᠩᠭᠡ᠎ᠨᠢ ᠰᠠᠢ᠌ᠨ ᠪᠠᠢ᠌ᠳᠠᠭ᠃
4. ᠲᠡᠵᠢᠭᠡᠯ᠎ᠤᠨ ᠨᠠᠢ᠌ᠷᠯᠠᠭᠠ
ᠬᠦᠰᠦᠨᠦᠭᠲᠦ 1 ᠪᠡᠭᠡᠵᠢᠩ ᠬᠠᠷ᠎ᠠ ᠭᠠᠬᠠᠢ ᠵᠢᠨ ᠦᠰᠦᠯᠲᠡ ᠵᠢᠨ ᠡᠯ᠎ᠡ
ᠱᠠᠲᠤᠨ᠎ᠳᠠᠬᠢ ᠲᠡᠵᠢᠭᠡᠯ᠎ᠤᠨ ᠨᠠᠢ᠌ᠷᠯᠠᠭᠠ (%)

(ᠢᠷᠡᠯᠲᠡ᠄ ᠦ᠊· ᠪᠤᠶᠠᠨᠳᠡᠯᠭᠡᠷ ᠨᠠᠷ᠎ᠤᠨ ᠨᠠᠢ᠌ᠷᠠᠭᠤᠯᠤᠭᠰᠠᠨ 《ᠭᠠᠬᠠᠢ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)