ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠭᠠᠳᠠᠭ᠋ᠠᠳᠤ᠎ᠠᠴᠠ ᠣᠷᠣᠭᠣᠯᠣᠭᠰᠠᠨ ᠮᠢᠬᠠᠨ ᠦᠬᠡᠷ᠎ᠤᠨ ᠡᠭᠦᠯᠳᠡᠷ
ᠨᠡᠶ᠋ᠢᠲᠡᠯᠡᠭᠰᠡᠨ ᠴᠠᠭ᠄ 2021-03-02

      ᠯᠢᠮᠤᠰᠢᠨ ᠦᠬᠡᠷ᠄ ᠯᠢᠮᠤᠰᠢᠨ ᠦᠬᠡᠷ ᠪᠣᠯ ᠹᠷᠠᠨᠼᠢ ᠵᠢᠨ ᠳᠣᠮᠳᠠᠳᠣ ᠬᠡᠰᠡᠭ᠎ᠤᠨ ᠯᠢᠮᠤᠰᠢᠨ᠎ᠤ ᠦᠨᠳᠦᠷᠯᠢᠭ᠎ᠠᠴᠠ ᠤᠭ ᠭᠠᠷᠤᠯ᠎ᠲᠠᠢ᠃ ᠡᠨᠡ ᠦᠬᠡᠷ᠎ᠢ ᠬᠦᠯᠦᠰᠢᠨ᠎ᠳᠤ ᠪᠠ ᠢᠳᠡᠰᠢᠨ᠎ᠳᠤ ᠪᠦᠷ ᠬᠡᠷᠡᠭᠯᠡᠵᠦ ᠪᠠᠢ᠌ᠪᠠ᠂ 1850 ᠤᠨ᠎ᠠᠴᠠ ᠮᠢᠬᠠᠨ᠎ᠤ ᠦᠬᠡᠷ ᠪᠣᠯᠭ᠋ᠠᠨ ᠰᠣᠩᠭᠣᠨ ᠪᠣᠢ᠌ᠵᠢᠭᠣᠯᠪᠠ᠂ ᠣᠳᠤ ᠠᠯᠠᠰᠢᠨ᠎ᠳᠤ ᠶᠡᠬᠡ᠎ᠪᠠᠷ ᠬᠡᠷᠡᠭᠯᠡᠬᠦ ᠡᠭᠦᠯᠳᠡᠷ ᠪᠣᠯᠣᠭ᠋ᠠᠳ ᠪᠠᠢ᠌ᠨ᠎ᠠ᠃ ᠹᠷᠠᠨᠼᠢ᠎ᠳᠤ ᠡᠨᠡ ᠦᠬᠡᠷ ᠲᠤᠭ᠎ᠠ ᠲᠤᠯᠤᠭ᠋ᠠᠢ᠎ᠪᠠᠷ ᠵᠶ᠋ᠠᠨ ᠴᠠᠷᠣᠯᠧᠰ ᠦᠬᠡᠷ᠎ᠤᠨ ᠳᠠᠷᠠᠭ᠎ᠠ ᠤᠷᠤᠨ᠎ᠠ᠃ ᠮᠠᠨ᠎ᠤ ᠣᠯᠣᠰ 1947 ᠤᠨ᠎ᠳᠤ ᠹᠷᠠᠨᠼᠢ᠎ᠠᠴᠠ ᠤᠷᠤᠭᠤᠯᠵᠤ ᠡᠬᠢᠯᠡᠵᠡᠢ᠃ ᠤᠳᠣ ᠵᠡᠭᠦᠨ ᠬᠤᠢ᠌ᠲᠣ ᠣᠷᠣᠨ᠂ ᠱᠠᠨᠳᠦ᠋ᠩ᠂ ᠾᠧᠨᠠᠨ ᠵᠡᠷᠭᠡ ᠭᠠᠵᠠᠷ᠎ᠲᠤ ᠲᠠᠷᠬᠠᠵᠤ ᠪᠤᠢ᠃
      ᠯᠢᠮᠤᠰᠢᠨ ᠦᠬᠡᠷ᠎ᠤᠨ ᠦᠰᠦ᠎ᠨᠢ ᠤᠯᠠᠭ᠋ᠠᠨ ᠪᠣᠶᠣ ᠰᠢᠷ᠎ᠠ ᠦᠩᠭᠡᠲᠡᠢ᠂ ᠠᠮᠠ ᠬᠠᠮᠠᠷ᠎ᠤᠨ ᠲᠤᠭᠤᠷᠢᠨ᠂ ᠨᠢᠳᠦᠨ᠎ᠤ ᠲᠤᠭᠤᠷᠢᠨ᠂ ᠳᠦᠷᠪᠡᠨ ᠮᠦᠴᠢ ᠵᠢᠨ ᠳᠤᠲᠤᠷ᠎ᠠ ᠲᠠᠯ᠎ᠠ ᠪᠣᠯᠣᠨ ᠰᠡᠭᠦᠯ᠎ᠤᠨ ᠦᠵᠦᠭᠦᠷ᠎ᠤᠨ ᠦᠰᠦᠨ᠎ᠤ ᠦᠩᠭᠡ᠎ᠨᠢ ᠨᠡᠯᠢᠶᠡᠳ ᠭᠦᠢ᠍ᠬᠡᠨ᠂ ᠡᠪᠡᠷ᠎ᠨᠢ ᠴᠠᠭ᠋ᠠᠨ᠂ ᠲᠤᠭᠤᠷᠠᠢ᠎ᠨᠢ ᠤᠯᠠᠭ᠋ᠠᠨ ᠬᠦᠷᠡᠩ᠂ ᠲᠤᠯᠤᠭ᠋ᠠᠢ᠎ᠨᠢ ᠪᠠᠭ᠋ᠠᠪᠲᠤᠷ ᠮᠠᠩᠨᠠᠢ᠂ ᠴᠡᠭᠡᠵᠢ᠎ᠨᠢ ᠦᠷᠭᠡᠨ᠂ ᠪᠡᠶ᠎ᠡ᠎ᠨᠢ ᠨᠡᠯᠢᠶᠡᠳ ᠤᠷᠲᠤ᠂ ᠪᠦᠭᠰᠡᠨ ᠪᠡᠶ᠎ᠡ ᠵᠢᠨ ᠪᠣᠯᠴᠢᠩ ᠮᠢᠬ᠎ᠠ᠎ᠨᠢ ᠵᠤᠵᠠᠭ᠋ᠠᠨ᠂ ᠳᠦᠷᠪᠡᠨ ᠮᠦᠴᠢ᠎ᠨᠢ ᠨᠠᠷᠢᠪᠲᠤᠷ ᠶᠣᠮ᠃
      ᠰᠠᠶᠢ ᠭᠠᠷᠤᠭᠰᠠᠨ ᠡᠷ᠎ᠡ ᠲᠤᠭᠤᠯ᠎ᠤᠨ ᠪᠡᠶ᠎ᠡ ᠵᠢᠨ ᠬᠦᠨᠳᠦ᠎ᠨᠢ 36kg᠂ ᠦᠬᠢᠨ ᠲᠤᠭᠤᠯ᠎ᠤᠨ ᠬᠢᠨᠢ 35kg ᠪᠦᠭᠡᠳ ᠦᠰᠴᠦ ᠪᠣᠢ᠌ᠵᠢᠬᠣ᠎ᠨᠢ ᠲᠦᠷᠭᠡᠨ ᠪᠣᠯᠬᠣᠷ 7~8 ᠰᠠᠷ᠎ᠠ ᠪᠣᠯᠪᠠᠯ ᠪᠡᠶ᠎ᠡ ᠵᠢᠨ ᠬᠦᠨᠳᠦ᠎ᠨᠢ 240~300kg᠎ᠳᠤ ᠬᠦᠷᠴᠦ᠂ ᠡᠳᠦᠷ᠎ᠲᠤ ᠳᠣᠮᠳᠠᠴᠢ᠎ᠪᠠᠷ 900~1000g ᠨᠡᠮᠡᠭᠳᠡᠨ᠎ᠡ᠂ ᠪᠦᠬᠦᠯᠢ ᠨᠢᠭᠡ ᠵᠢᠯ ᠪᠣᠯᠪᠠᠯ ᠪᠡᠶ᠎ᠡ ᠵᠢᠨ ᠬᠦᠨᠳᠦ᠎ᠨᠢ 450~480kg᠎ᠳᠤ ᠬᠦᠷᠦᠨ᠎ᠡ᠃
      ᠨᠠᠰᠤ ᠭᠦᠢ᠍ᠴᠡᠭᠰᠡᠨ ᠡᠷ᠎ᠡ ᠦᠬᠡᠷ᠎ᠤᠨ ᠪᠡᠶ᠎ᠡ ᠵᠢᠨ ᠬᠦᠨᠳᠦ᠎ᠨᠢ 950~1000kg᠂ ᠦᠨᠢᠶ᠎ᠡ ᠵᠢᠨ ᠬᠢᠨᠢ 600kg᠂ ᠨᠢᠲᠤᠯᠭ᠋ᠠᠨ᠎ᠤ ᠨᠤᠷᠮ᠎ᠠ᠎ᠨᠢ 68%~70%᠃ ᠮᠢᠬ᠎ᠠ᠎ᠨᠢ ᠨᠠᠷᠢᠯᠢᠭ ᠵᠦᠭᠡᠯᠡᠨ᠂ ᠦᠭᠡᠬᠦᠯᠡᠬᠦ᠎ᠨᠢ ᠨᠢᠮᠭᠡᠨ᠂ ᠦᠭᠡᠬᠦ᠎ᠨᠢ ᠪᠠᠭ᠎ᠠ ᠬᠠᠷ᠎ᠠ ᠮᠢᠬ᠎ᠠ᠎ᠨᠢ ᠠᠷᠪᠢᠨ᠂ ᠬᠠᠷ᠎ᠠ ᠮᠢᠬ᠎ᠠ᠎ᠨᠢ 80%~85% ᠵᠢ ᠡᠵᠡᠯᠡᠨ᠎ᠡ᠃ ᠦᠨᠢᠶᠡᠨ᠎ᠠᠴᠠ᠎ᠨᠢ ᠵᠢᠯ ᠪᠦᠷᠢ ᠳᠣᠮᠳᠠᠴᠢ᠎ᠪᠠᠷ 1200kg ᠰᠦ ᠭᠠᠷᠤᠨ᠎ᠠ᠂ ᠰᠦᠨ᠎ᠤ ᠨᠦᠮᠵᠦᠭ᠎ᠤᠨ ᠨᠤᠷᠮ᠎ᠠ᠎ᠨᠢ 5.0% ᠪᠤᠯᠤᠨ᠎ᠠ᠃
      ᠮᠠᠨ᠎ᠤ ᠣᠯᠣᠰ ᠯᠢᠮᠤᠰᠢᠨ ᠦᠬᠡᠷ᠎ᠢ ᠤᠷᠤᠭᠤᠯᠤᠨ ᠠᠪᠴᠢᠷᠠᠭ᠋ᠠᠳ ᠣᠷᠣᠨ ᠨᠤᠲᠤᠭ᠎ᠤᠨ ᠰᠠᠢ᠌ᠨ ᠡᠭᠦᠯᠳᠡᠷ᠎ᠤᠨ ᠰᠢᠷ᠎ᠠ ᠦᠬᠡᠷ᠎ᠤᠨ ᠡᠭᠦᠯᠳᠡᠷ᠎ᠢ ᠰᠠᠢ᠌ᠵᠢᠷᠠᠭᠤᠯᠬᠤ᠎ᠳᠤ ᠬᠡᠷᠡᠭᠯᠡᠵᠡᠢ᠂ ᠾᠧᠨᠠᠨ᠂ ᠱᠠᠨᠳᠦ᠋ᠩ᠎ᠤᠨ ᠲᠤᠷᠰᠢᠯᠭ᠎ᠠ ᠵᠢ ᠦᠨᠳᠦᠰᠦᠯᠡᠪᠡᠯ᠂ ᠯᠢᠮᠤᠰᠢᠨ ᠪᠤᠬ᠎ᠠ᠎ᠪᠠᠷ ᠨᠠᠨᠶᠠᠩ ᠦᠬᠡᠷ᠂ ᠯᠦᠰᠢ ᠦᠬᠡᠷ᠎ᠤᠨ ᠡᠭᠦᠯᠳᠡᠷ᠎ᠢ ᠡᠷᠯᠢᠰᠡᠭᠦᠯᠦᠭᠰᠡᠨ ᠡᠷᠯᠢᠰᠡ ᠦᠬᠡᠷ᠎ᠤᠳ᠎ᠤᠨ ᠦᠰᠦᠨ᠎ᠤ ᠦᠩᠭᠡ᠎ᠨᠢ ᠭᠢᠯᠠᠭ᠋ᠠᠷ᠂ ᠦᠰᠦᠯᠲᠡ᠎ᠨᠢ ᠲᠦᠷᠭᠡᠨ᠂ ᠪᠡᠶ᠎ᠡ ᠪᠢᠯᠳᠠᠷ ᠭᠠᠳᠠᠷ ᠳᠦᠷᠬᠦ᠎ᠨᠢ ᠰᠠᠢ᠌ᠬᠠᠨ ᠪᠣᠯᠬᠣᠷ ᠲᠤᠬᠠᠢ ᠵᠢᠨ ᠭᠠᠵᠠᠷ᠎ᠤᠨ ᠬᠦᠮᠦᠰ᠎ᠲᠤ ᠶᠡᠬᠡ ᠲᠤᠭᠤᠭᠳᠠᠵᠤ ᠪᠠᠢ᠌ᠨ᠎ᠠ᠃ ᠡᠢ᠌ᠮᠦ᠎ᠠᠴᠠ ᠳᠡᠯᠭᠡᠷᠡᠭᠦᠯᠬᠦ ᠠᠴᠢ ᠬᠤᠯᠪᠤᠭᠳᠠᠯ ᠶᠡᠬᠡᠬᠡᠨ ᠪᠠᠢ᠌ᠨ᠎ᠠ᠃


     (ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠵᠢᠨ ᠨᠠᠢ᠌ᠷᠠᠭᠤᠯᠤᠭᠰᠠᠨ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)


ᠢᠷᠡᠯᠲᠡ᠄ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》
          
ᠬᠠᠮᠢᠶ᠎ᠡ ᠪᠦᠬᠦᠢ ᠰᠣᠨᠢᠨ
ᠭᠠᠳᠠᠭ᠋ᠠᠳᠤ᠎ᠠᠴᠠ ᠣᠷᠣᠭᠣᠯᠣᠭᠰᠠᠨ ᠮᠢᠬᠠᠨ ᠦᠬᠡᠷ᠎ᠤᠨ ᠡᠭᠦᠯᠳᠡᠷ
ᠭᠠᠳᠠᠭ᠋ᠠᠳᠤ᠎ᠠᠴᠠ ᠤᠷᠤᠭᠤᠯᠤᠭᠰᠠᠨ ᠮᠢᠬᠠᠨ ᠦᠬᠡᠷ᠎ᠤᠨ ᠡᠭᠦᠯᠳᠡᠷ
ᠭᠠᠳᠠᠭ᠋ᠠᠳᠤ᠎ᠠᠴᠠ ᠤᠷᠤᠭᠤᠯᠤᠭᠰᠠᠨ ᠮᠢᠬᠠᠨ ᠦᠬᠡᠷ᠎ᠤᠨ ᠡᠭᠦᠯᠳᠡᠷ
ᠭᠠᠳᠠᠭ᠋ᠠᠳᠤ᠎ᠠᠴᠠ ᠤᠷᠤᠭᠤᠯᠤᠭᠰᠠᠨ ᠮᠢᠬᠠᠨ ᠦᠬᠡᠷ᠎ᠤᠨ ᠡᠭᠦᠯᠳᠡᠷ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
 
            