ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠭᠠᠳᠠᠭ᠋ᠠᠳᠤ᠎ᠠᠴᠠ ᠤᠷᠤᠭᠤᠯᠤᠭᠰᠠᠨ ᠮᠢᠬᠠᠨ ᠦᠬᠡᠷ᠎ᠤᠨ ᠡᠭᠦᠯᠳᠡᠷ
ᠨᠡᠶ᠋ᠢᠲᠡᠯᠡᠭᠰᠡᠨ ᠴᠠᠭ᠄ 2021-04-12

      ᠠᠩᠭᠧᠰ ᠦᠬᠡᠷ ᠪᠣᠯ ᠡᠷᠲᠡᠨ᠎ᠤ ᠪᠡᠶ᠎ᠡ ᠪᠠᠭ᠋ᠠᠲᠠᠢ ᠢᠳᠡᠰᠢᠨ ᠦᠬᠡᠷ ᠪᠣᠯᠣᠨ᠎ᠠ᠃ ᠠᠩᠭ᠍ᠯᠢ ᠵᠢᠨ ᠰᠺᠦ᠍ᠲᠯᠠᠨᠳ᠋᠎ᠤᠨ ᠬᠤᠢ᠌ᠲᠤ ᠬᠡᠰᠡᠭ᠎ᠠᠴᠠ ᠤᠭ ᠭᠠᠷᠤᠯ᠎ᠲᠠᠢ᠃ ᠠᠯᠢ ᠡᠷᠲᠡ 19 ᠳ᠋ᠦ᠍ᠭᠡᠷ ᠵᠠᠭᠤᠨ᠎ᠤ ᠦᠶ᠎ᠡ᠎ᠳᠤ ᠳᠡᠯᠡᠬᠡᠢ ᠵᠢᠨ ᠡᠯ᠎ᠡ ᠣᠯᠣᠰ᠎ᠲᠤ ᠭᠠᠷᠭ᠋ᠠᠵᠤ ᠪᠠᠢ᠌ᠵᠠᠢ᠃ ᠡᠨᠡ ᠦᠬᠡᠷ ᠪᠣᠯ ᠠᠩᠭ᠍ᠯᠢ᠂ ᠠᠮᠧᠷᠢᠺᠡ᠂ ᠺᠠᠨᠠᠳᠠ᠂ ᠰᠢᠨ᠎ᠡ ᠽᠢᠯᠠᠨᠳ᠋ ᠪᠣᠯᠣᠨ ᠠᠷᠭᠧᠨ᠋ᠲ᠋ᠢᠨ᠎ᠤ ᠭᠤᠤᠯ ᠪᠣᠯᠬᠣ ᠢᠳᠡᠰᠢᠨ ᠦᠬᠡᠷ ᠶᠣᠮ᠃ ᠮᠠᠨ᠎ᠤ ᠣᠯᠣᠰ 1974 ᠤᠨ᠎ᠳᠤ ᠠᠩᠭ᠍ᠯᠢ᠂ ᠠᠦ᠋ᠰᠲᠷᠠᠯᠢᠶ᠎ᠠ᠎ᠠᠴᠠ ᠠᠩᠭᠧᠰ ᠦᠬᠡᠷ᠎ᠢ ᠤᠷᠤᠭᠤᠯᠤᠨ ᠠᠪᠴᠢᠷᠠᠵᠠᠢ᠃ ᠤᠳᠣ ᠵᠡᠭᠦᠨ ᠬᠣᠢ᠌ᠲᠤ ᠤᠷᠤᠨ᠎ᠤ ᠡᠯ᠎ᠡ ᠮᠤᠵᠢ᠎ᠳᠤ ᠲᠠᠷᠬᠠᠵᠤ ᠪᠤᠢ᠃
      ᠠᠩᠭᠧᠰ ᠦᠬᠡᠷ ᠡᠪᠡᠷ ᠦᠭᠡᠢ᠂ ᠪᠦᠬᠦ ᠪᠡᠶ᠎ᠡ᠎ᠨᠢ ᠬᠠᠷ᠎ᠠ ᠪᠣᠯᠬᠣᠷ 《ᠲᠤᠢ᠌ᠮᠤᠭ ᠬᠠᠷ᠎ᠠ ᠦᠬᠡᠷ》 ᠭᠡᠳᠡᠭ᠃ ᠪᠡᠶ᠎ᠡ᠎ᠨᠢ ᠤᠷᠲᠤ᠂ ᠪᠦᠭᠡᠷᠡᠩᠬᠡᠢ᠂ ᠮᠦᠴᠢ᠎ᠨᠢ ᠪᠤᠭᠤᠨᠢ ᠬᠦᠵᠦᠭᠦᠦ᠎ᠨᠢ ᠤᠬᠤᠷ᠂ ᠵᠣ᠋ ᠪᠣᠯᠣᠨ ᠪᠦᠭᠰᠡᠨ᠎ᠤ ᠬᠡᠰᠡᠭ᠎ᠨᠢ ᠪᠦᠳᠦᠭᠦᠨ ᠵᠤᠵᠠᠭ᠋ᠠᠨ᠂ ᠢᠳᠡᠰᠢᠨ᠎ᠳᠤ ᠬᠡᠷᠡᠭᠯᠡᠬᠦ ᠰᠠᠢ᠌ᠨ ᠦᠬᠡᠷ ᠶᠤᠮ᠃ ᠭᠤᠶᠠᠨ᠎ᠤ ᠬᠢᠨᠢ ᠪᠤᠯᠴᠢᠩ ᠮᠢᠬ᠎ᠠ᠎ᠨᠢ ᠲᠠᠬᠠᠢ ᠵᠢᠨ ᠦᠶ᠎ᠡ᠎ᠳᠤ ᠬᠦᠷᠳᠡᠭ᠃ ᠠᠷᠠᠰᠤ᠎ᠨᠢ ᠰᠣᠯᠠ ᠨᠢᠮᠭᠡᠨ ᠪᠦᠭᠡᠳ ᠬᠠᠷᠢᠮᠠᠬᠠᠢ ᠴᠢᠨᠠᠷ᠎ᠲᠠᠢ᠃
      ᠨᠠᠰᠤ ᠭᠦᠢ᠍ᠴᠡᠭᠰᠡᠨ ᠡᠷ᠎ᠡ ᠦᠬᠡᠷ᠎ᠤᠨ ᠪᠡᠶ᠎ᠡ ᠵᠢᠨ ᠬᠦᠨᠳᠦ᠎ᠨᠢ 800~900kg᠂ ᠦᠨᠢᠶ᠎ᠡ ᠵᠢᠨ ᠬᠢᠨᠢ 500~600kg᠂ ᠰᠠᠶᠢ ᠭᠠᠷᠤᠭᠰᠠᠨ ᠲᠤᠭᠤᠯ᠎ᠤᠨ ᠪᠡᠶ᠎ᠡ ᠵᠢᠨ ᠬᠦᠨᠳᠦ᠎ᠨᠢ 25~32kg᠂ ᠦᠰᠴᠦ ᠪᠤᠢ᠌ᠵᠢᠬᠤ᠎ᠨᠢ ᠲᠦᠷᠭᠡᠨ᠂ ᠲᠤᠷᠨᠢᠬᠤ᠎ᠨᠢ ᠡᠷᠲᠡ᠂ ᠪᠤᠷᠳᠤᠵᠤ ᠪᠤᠢ᠌ᠵᠢᠭᠤᠯᠬᠤ᠎ᠳᠤ ᠠᠮᠠᠷᠬᠠᠨ᠂ ᠪᠡᠯᠴᠢᠭᠡᠷ ᠰᠠᠢ᠌ᠲᠠᠢ ᠭᠠᠵᠠᠷ᠎ᠲᠤ ᠲᠤᠭᠤᠯᠯᠠᠭᠰᠠᠨ᠎ᠠᠴᠠ ᠠᠪᠤᠭ᠋ᠠᠳ ᠵᠢᠯ᠎ᠤᠨ ᠤᠢ ᠪᠤᠯᠲᠠᠯ᠎ᠠ ᠪᠡᠶ᠎ᠡ ᠵᠢᠨ ᠬᠦᠨᠳᠦ᠎ᠨᠢ ᠡᠳᠦᠷ᠎ᠲᠤ 900~1000g ᠨᠡᠮᠡᠭᠳᠡᠵᠦ ᠳᠡᠢ᠌ᠯᠦᠨ᠎ᠡ᠂ ᠨᠢᠲᠤᠯᠭ᠋ᠠᠨ᠎ᠤ ᠨᠤᠷᠮ᠎ᠠ᠎ᠨᠢ 60%~65% ᠪᠣᠯᠣᠨ᠎ᠠ᠃
      ᠡᠨᠡ ᠦᠬᠡᠷ ᠤᠷᠴᠢᠨ ᠠᠬᠤᠢ᠎ᠳᠠᠭᠠᠨ ᠵᠤᠬᠢᠴᠠᠬᠤ᠎ᠨᠢ ᠰᠠᠢ᠌ᠨ᠂ ᠦᠯᠴᠢᠷ ᠪᠦᠭᠡᠳ ᠡᠪᠡᠳᠴᠢᠨ ᠭᠡᠮ ᠣᠯᠬᠣ ᠦᠭᠡᠢ᠃ ᠦᠨᠢᠶ᠎ᠡ᠎ᠨᠢ ᠮᠡᠳᠡᠷᠡᠯ᠎ᠤᠨ ᠭᠡᠮ ᠰᠣᠭᠣᠭ᠎ᠲᠠᠢ᠂ ᠡᠨᠡ ᠪᠣᠯ ᠲᠤᠰ ᠦᠬᠡᠷ᠎ᠤᠨ ᠲᠤᠳᠠᠭᠳᠠᠯ ᠪᠣᠯᠣᠨ᠎ᠠ᠃


     (ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠵᠢᠨ ᠨᠠᠢ᠌ᠷᠠᠭᠤᠯᠤᠭᠰᠠᠨ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)


ᠢᠷᠡᠯᠲᠡ᠄ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》
          
ᠬᠠᠮᠢᠶ᠎ᠡ ᠪᠦᠬᠦᠢ ᠰᠣᠨᠢᠨ
ᠭᠠᠳᠠᠭ᠋ᠠᠳᠤ᠎ᠠᠴᠠ ᠤᠷᠤᠭᠤᠯᠤᠭᠰᠠᠨ ᠮᠢᠬᠠᠨ ᠦᠬᠡᠷ᠎ᠤᠨ ᠡᠭᠦᠯᠳᠡᠷ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
 
            