ᠬᠠᠢ᠌ᠹᠦ᠋ᠲ ᠦᠬᠡᠷ ᠪᠣᠯ ᠠᠩᠭ᠍ᠯᠢ ᠵᠢᠨ ᠢᠩᠭ᠍ᠯᠠᠨᠳ᠋᠎ᠤᠨ ᠪᠠᠷᠠᠭᠤᠨ ᠬᠡᠰᠡᠭ᠎ᠤᠨ ᠸᠸᠢᠢ᠍ᠯᠰ ᠤᠷᠤᠨ᠎ᠤ ᠬᠠᠢ᠌ᠹᠦ᠋ᠲ ᠰᠢᠶᠠᠨ᠎ᠠᠴᠠ ᠤᠭ ᠭᠠᠷᠤᠯ᠎ᠲᠠᠢ᠃ ᠡᠨᠡ ᠪᠣᠯ ᠳᠡᠯᠡᠬᠡᠢ ᠳᠡᠭᠡᠷᠡᠬᠢ ᠬᠠᠮᠤᠭ᠎ᠤᠨ ᠡᠷᠲᠡᠨ᠎ᠤ ᠡᠷᠲᠡ ᠲᠤᠷᠨᠢᠳᠠᠭ ᠳᠤᠮᠳᠠ ᠵᠡᠷᠭᠡ ᠵᠢᠨ ᠪᠣᠶᠣ ᠪᠠᠭ᠎ᠠ ᠪᠡᠶ᠎ᠡ᠎ᠲᠠᠢ ᠢᠳᠡᠰᠢᠨ ᠦᠬᠡᠷ ᠪᠣᠯᠣᠨ᠎ᠠ᠂ ᠣᠳᠣ ᠳᠡᠯᠡᠬᠡᠢ ᠵᠢᠨ ᠮᠠᠰᠢ ᠤᠯᠠᠨ ᠣᠯᠣᠰ᠎ᠲᠤ ᠲᠦᠭᠡᠵᠦ ᠪᠠᠢ᠌ᠨ᠎ᠠ᠃
ᠬᠠᠢ᠌ᠹᠦ᠋ᠲ ᠦᠬᠡᠷ᠎ᠤᠨ ᠪᠡᠶ᠎ᠡ᠎ᠨᠢ ᠣᠷᠲᠣ ᠮᠦᠷᠲᠡᠭᠡᠨ ᠦᠷᠭᠡᠨ᠂ ᠴᠡᠭᠡᠵᠢ᠎ᠨᠢ ᠪᠦᠳᠦᠭᠦᠨ᠂ ᠪᠦᠬᠦ ᠪᠡᠶ᠎ᠡ ᠵᠢᠨ ᠪᠣᠯᠴᠢᠩ ᠮᠢᠬ᠎ᠠ᠎ᠨᠢ ᠠᠷᠪᠢᠨ᠂ ᠲᠣᠯᠣᠭ᠋ᠠᠢ᠎ᠨᠢ ᠪᠤᠭᠤᠨᠢ ᠦᠷᠭᠡᠨ᠂ ᠮᠠᠩᠨᠠᠢ᠎ᠨᠢ ᠦᠷᠭᠡᠨ᠂ ᠬᠦᠵᠦᠭᠦᠦ᠎ᠨᠢ ᠤᠬᠤᠷ ᠪᠦᠭᠡᠳ ᠪᠦᠳᠦᠭᠦᠨ᠃ ᠣᠮᠣᠷᠣᠣ᠂ ᠴᠡᠭᠡᠵᠢᠨ ᠪᠡᠶ᠎ᠡ ᠪᠣᠯᠣᠨ ᠪᠦᠭᠰᠡᠨ ᠪᠡᠶ᠎ᠡ᠎ᠨᠢ ᠵᠤᠵᠠᠭ᠋ᠠᠨ᠂ ᠨᠢᠷᠣᠭᠣ ᠰᠡᠭᠡᠷ᠎ᠨᠢ ᠲᠡᠭᠰᠢᠬᠡᠨ ᠮᠦᠷᠲᠡᠭᠡᠨ ᠦᠷᠭᠡᠨ᠂ ᠬᠠᠪᠢᠷᠭ᠎ᠠ᠎ᠨᠢ ᠵᠠᠢ᠌ᠲᠠᠢ᠂ ᠳᠦᠷᠪᠡᠨ ᠮᠦᠴᠢ᠎ᠨᠢ ᠵᠢᠭᠲᠡ ᠪᠦᠭᠡᠳ ᠪᠣᠭᠣᠨᠢ᠂ ᠪᠡᠶ᠎ᠡ᠎ᠨᠢ ᠪᠦᠭᠡᠷᠡᠩᠬᠡᠢ᠂ ᠢᠳᠡᠰᠢᠨ ᠦᠬᠡᠷ᠎ᠤᠨ ᠨᠡᠢ᠌ᠲᠡᠯᠢᠢ᠍ᠭ ᠤᠨᠴᠠᠯᠢᠭ ᠪᠦᠬᠦᠢ ᠤᠷᠲᠤ ᠳᠦᠷᠪᠡᠯᠵᠢᠨ ᠪᠡᠶ᠎ᠡ᠎ᠲᠠᠢ᠃ ᠲᠣᠯᠣᠭ᠋ᠠᠢ᠂ ᠬᠦᠵᠦᠭᠦᠦ᠂ ᠰᠣᠭᠣ ᠴᠠᠪᠢ᠂ ᠳᠦᠷᠪᠡᠨ ᠰᠢᠭᠢᠷ᠎ᠡ ᠪᠣᠯᠣᠨ ᠰᠡᠭᠦᠯ᠎ᠤᠨ ᠦᠵᠦᠭᠦᠷ᠎ᠤᠨ ᠦᠰᠦ᠎ᠨᠢ ᠴᠠᠭ᠋ᠠᠨ᠎ᠠᠴᠠ ᠭᠠᠳᠠᠨ᠎ᠠ ᠦᠪᠴᠢ ᠪᠡᠶ᠎ᠡ᠎ᠨᠢ ᠬᠦᠷᠡᠩ ᠤᠯᠠᠭ᠋ᠠᠨ ᠦᠩᠭᠡ᠎ᠲᠠᠢ᠂ ᠠᠷᠠᠰᠤ ᠮᠢᠬ᠎ᠠ᠎ᠨᠢ ᠤᠯᠠᠪᠲᠤᠷ ᠰᠢᠷ᠎ᠠ ᠦᠩᠭᠡᠲᠡᠢ᠃
ᠶᠡᠷᠦᠩᠬᠡᠢ᠎ᠳᠡᠭᠡᠨ ᠨᠠᠰᠤ ᠭᠦᠢ᠍ᠴᠡᠭᠰᠡᠨ ᠦᠨᠢᠶᠡᠨ᠎ᠤ ᠪᠡᠶ᠎ᠡ ᠵᠢᠨ ᠬᠦᠨᠳᠦ᠎ᠨᠢ 520~620kg᠂ ᠨᠠᠰᠤ ᠭᠦᠢ᠍ᠴᠡᠭᠰᠡᠨ ᠡᠷ᠎ᠡ ᠦᠬᠡᠷ᠎ᠤᠨ ᠪᠡᠶ᠎ᠡ ᠵᠢᠨ ᠬᠦᠨᠳᠦ᠎ᠨᠢ 900~1100kg᠂ ᠰᠠᠶᠢ ᠭᠠᠷᠣᠭᠰᠠᠨ ᠲᠤᠭᠤᠯᠤᠨ ᠪᠡᠶ᠎ᠡ ᠵᠢᠨ ᠬᠦᠨᠳᠦ᠎ᠨᠢ 28~34kg᠃ ᠬᠠᠢ᠌ᠹᠦ᠋ᠲ ᠦᠬᠡᠷ ᠲᠠᠷᠭᠤᠯᠠᠬᠤ᠎ᠨᠢ ᠡᠷᠲᠡ᠂ ᠪᠡᠶ᠎ᠡ ᠵᠢᠨ ᠬᠦᠨᠳᠦ ᠵᠢᠨ ᠨᠡᠮᠡᠭᠳᠡᠬᠦ᠎ᠨᠢ ᠲᠦᠷᠭᠡᠨ᠂ ᠮᠢᠬᠠᠨ᠎ᠤ ᠭᠠᠷᠤᠯᠲᠠ᠎ᠨᠢ ᠶᠡᠬᠡ᠂ ᠮᠢᠬᠠᠨ᠎ᠤ ᠴᠢᠨᠠᠷ᠎ᠨᠢ ᠰᠠᠢ᠌ᠨ᠃ 7~18 ᠰᠠᠷ᠎ᠠ ᠪᠣᠯᠵᠣ ᠪᠠᠢ᠌ᠬᠤ ᠲᠤᠭᠤᠯ ᠪᠢᠷᠠᠭᠤ ᠵᠢᠨ ᠪᠡᠶ᠎ᠡ ᠵᠢᠨ ᠬᠦᠨᠳᠦ᠎ᠨᠢ ᠡᠳᠦᠷ ᠪᠦᠷᠢ ᠳᠣᠮᠳᠠᠴᠢ᠎ᠪᠠᠷ 0.8~1.3kg ᠨᠡᠮᠡᠭᠳᠡᠨ᠎ᠡ᠃ ᠰᠠᠢ᠌ᠨ ᠪᠤᠷᠳᠤᠵᠤ ᠮᠠᠯᠵᠢᠪᠠᠯ 7~12 ᠰᠠᠷ᠎ᠠ ᠪᠣᠯᠵᠣ ᠪᠠᠢ᠌ᠬᠤ ᠲᠤᠭᠤᠯᠤᠨ ᠪᠡᠶ᠎ᠠ ᠵᠢᠨ ᠬᠦᠨᠳᠦ᠎ᠨᠢ ᠡᠳᠦᠷ᠎ᠲᠤ ᠳᠣᠮᠳᠠᠴᠢ᠎ᠪᠠᠷ1.4kg᠎ᠠᠴᠠ ᠳᠡᠭᠡᠭᠰᠢ ᠨᠡᠮᠡᠭᠳᠡᠨ᠎ᠡ᠃ ᠨᠢᠲᠤᠯᠭ᠋ᠠᠨ᠎ᠤ ᠨᠤᠷᠮ᠎ᠠ᠎ᠨᠢ ᠶᠡᠷᠦᠩᠬᠡᠢ᠎ᠳᠡᠭᠡᠨ 60%~65%᠎ᠳᠤ ᠬᠦᠷᠦᠨ᠎ᠡ᠃ 18 ᠰᠠᠷ᠎ᠠ ᠪᠣᠯᠣᠭᠰᠠᠨ ᠡᠷ᠎ᠡ ᠪᠢᠷᠠᠭᠤ ᠵᠢᠨ ᠪᠡᠶ᠎ᠡ ᠵᠢᠨ ᠬᠦᠨᠳᠦ᠎ᠨᠢ ᠠᠮᠢᠳᠤ᠎ᠪᠠᠷ ᠵᠶ᠋ᠠᠨ 500kg᠎ᠠᠴᠠ ᠳᠡᠭᠡᠭᠰᠢ ᠪᠠᠢ᠌ᠳᠠᠭ᠃ ᠨᠠᠰᠤ ᠭᠦᠢ᠍ᠴᠡᠭᠰᠡᠨ ᠦᠨᠢᠶᠡᠨ᠎ᠤ ᠵᠢᠯ᠎ᠤᠨ ᠰᠦ ᠭᠠᠷᠬᠤ ᠬᠡᠮᠵᠢᠶ᠎ᠡ᠎ᠨᠢ 1000~1800kg ᠪᠠᠢ᠌ᠳᠠᠭ᠃
ᠮᠠᠨ᠎ᠤ ᠣᠯᠣᠰ᠎ᠤᠨ ᠬᠠᠢ᠌ᠹᠦ᠋ᠲ ᠦᠬᠡᠷ᠎ᠢ ᠤᠷᠤᠭᠤᠯᠤᠨ ᠠᠪᠴᠢᠷᠠᠭ᠋ᠠᠳ ᠤᠳᠠᠭ᠋ᠠᠨ ᠵᠢᠯ ᠪᠣᠯᠵᠣ ᠪᠤᠢ᠃ ᠱᠠᠨ ᠰᠢ᠂ ᠬᠠᠷᠠᠮᠦ᠋ᠷᠡᠨ᠂ ᠱᠠᠨᠰᠢ ᠵᠡᠷᠭᠡ ᠮᠣᠵᠢ᠎ᠳᠤ ᠡᠨᠡ ᠦᠬᠡᠷ ᠵᠶ᠋ᠡᠷ ᠲᠤᠬᠠᠢ ᠵᠢᠨ ᠭᠠᠵᠠᠷ᠎ᠤᠨ ᠰᠢᠷ᠎ᠠ ᠦᠬᠡᠷ᠎ᠤᠨ ᠡᠭᠦᠯᠳᠡᠷ᠎ᠢ ᠰᠠᠢ᠌ᠵᠢᠷᠠᠭᠤᠯᠬᠤ ᠠᠵᠢᠯ᠎ᠢ ᠬᠢᠭᠰᠡᠨ ᠪᠢᠯᠡ᠃ ᠬᠠᠢ᠌ᠹᠦ᠋ᠲ ᠵᠶ᠋ᠠᠷ ᠡᠷᠯᠢᠰᠡᠵᠢᠭᠦᠯᠦᠭᠰᠡᠨ ᠦᠬᠡᠷ᠎ᠤᠨ ᠪᠡᠶ᠎ᠡ᠎ᠨᠢ ᠶᠡᠷᠦᠩᠬᠡᠢ᠎ᠳᠡᠭᠡᠨ ᠪᠦᠳᠦᠭᠦᠷᠡᠵᠦ᠂ ᠦᠷᠭᠡᠴᠡ᠎ᠨᠢ ᠢᠯᠡᠷᠬᠡᠢ ᠨᠡᠮᠡᠭᠳᠡᠭᠰᠡᠨ ᠪᠠᠢ᠌ᠳᠠᠭ᠃ ᠡᠨᠡ ᠦᠬᠡᠷ᠎ᠤᠨ ᠦᠰᠦᠯᠲᠠ᠎ᠨᠢ ᠲᠦᠷᠭᠡᠨ᠂ ᠪᠠᠷᠤᠭᠲᠠᠢ᠎ᠳᠤ ᠡᠪᠡᠳᠴᠢᠨ ᠣᠯᠬᠣ ᠦᠭᠡᠢ ᠪᠦᠭᠡᠳ ᠦᠯᠴᠢᠷ᠂ ᠤᠷᠴᠢᠨ ᠲᠤᠭᠤᠷᠢᠨ᠎ᠳᠠᠭᠠᠨ ᠵᠤᠬᠢᠴᠠᠬᠤ᠎ᠨᠢ ᠰᠠᠢ᠌ᠨ᠃ ᠣᠯᠠᠩᠬᠢ᠎ᠨᠢ ᠤᠯᠠᠭ᠋ᠠᠨ ᠦᠩᠭᠡᠲᠡᠢ᠂ ᠭᠡᠪᠡᠴᠦ ᠲᠣᠯᠣᠭ᠋ᠠᠢ ᠭᠡᠳᠡᠰᠦ ᠪᠣᠯᠣᠨ ᠳᠦᠷᠪᠡᠨ ᠮᠦᠴᠢ ᠵᠢᠨ ᠦᠰᠦ᠎ᠨᠢ ᠤᠯᠠᠩᠬᠢ᠎ᠳᠠᠭᠠᠨ ᠴᠠᠢ᠌ᠪᠤᠷ ᠪᠠᠢ᠌ᠳᠠᠭ᠃
(ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠵᠢᠨ ᠨᠠᠢ᠌ᠷᠠᠭᠤᠯᠤᠭᠰᠠᠨ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)