ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠤᠷᠤᠨ᠎ᠤ ᠭᠠᠬᠠᠢ ᠵᠢᠨ ᠡᠭᠦᠯᠳᠡᠷ
ᠨᠡᠶ᠋ᠢᠲᠡᠯᠡᠭᠰᠡᠨ ᠴᠠᠭ᠄ 2021-02-04

     【ᠭᠠᠬᠠᠢ ᠵᠢᠨ ᠡᠭᠦᠯᠳᠡᠷ】᠎ᠲᠠᠢ ᠬᠤ᠌ ᠭᠠᠬᠠᠢ (太湖猪)
     1. ᠪᠡᠶ᠎ᠡ ᠵᠢᠨ ᠬᠡᠯᠪᠡᠷᠢ ᠪᠠ ᠭᠠᠳᠠᠷ ᠳᠦᠷᠰᠦ
     ᠎ᠲᠠᠢ ᠬᠤ᠌ ᠭᠠᠬᠠᠢ ᠵᠢᠨ ᠲᠤᠯᠤᠭ᠋ᠠᠢ᠎ᠨᠢ ᠲᠤᠮᠤ᠂ ᠮᠠᠩᠨᠠᠢ᠎ᠨᠢ ᠦᠷᠭᠡᠨ᠂ ᠮᠠᠩᠨᠠᠢ ᠵᠢᠨ ᠠᠲᠤᠷᠢᠶᠠᠰᠤ᠎ᠨᠢ ᠤᠯᠠᠨ ᠮᠦᠷᠲᠡᠭᠡᠨ ᠭᠦᠨ᠂ ᠴᠢᠬᠢ᠎ᠨᠢ ᠤᠨᠴᠠ ᠲᠣᠮᠣ᠂ ᠵᠦᠭᠡᠯᠡᠨ ᠮᠦᠷᠲᠡᠭᠡᠨ ᠤᠨᠵᠢᠭᠢᠷ᠂ ᠦᠰᠦ᠎ᠨᠢ ᠰᠡᠢ᠌ᠷᠡᠭ᠂ ᠬᠡᠪᠡᠯᠢ ᠵᠢᠨ ᠬᠡᠰᠡᠭ᠎ᠤᠨ ᠠᠷᠠᠰᠦ᠎ᠨᠢ ᠤᠯᠠᠩᠬᠢ᠎ᠨᠢ ᠬᠦᠷᠡᠩ ᠦᠩᠭᠡ᠎ᠲᠠᠢ᠂ ᠵᠠᠷᠢᠮ᠎ᠤᠨ ᠬᠢᠨᠢ ᠬᠠᠮᠠᠷ᠎ᠤᠨ ᠦᠵᠦᠭᠦᠷ ᠪᠣᠶᠣ ᠰᠡᠭᠦᠯ᠎ᠤᠨ ᠦᠵᠦᠭᠦᠷ᠎ᠨᠢ ᠴᠠᠭ᠋ᠠᠨ ᠶᠣᠮ᠃
     2. ᠦᠢ᠍ᠯᠡᠳᠪᠦᠷᠢᠯᠡᠯ᠎ᠤᠨ ᠴᠢᠳᠠᠪᠤᠷᠢ
     ᠎ᠲᠠᠢ ᠬᠤ᠌ ᠭᠠᠬᠠᠢ ᠵᠢᠨ ᠦᠷᠡᠵᠢᠬᠦ ᠴᠢᠳᠠᠪᠤᠷᠢ᠎ᠨᠢ ᠳᠡᠯᠡᠬᠡᠢ᠎ᠳᠤ ᠠᠯᠳᠠᠷᠲᠠᠢ᠂ ᠳᠡᠯᠡᠬᠡᠢ ᠳᠡᠭᠡᠷ᠎ᠡ ᠮᠡᠳᠡᠵᠦ ᠪᠠᠢ᠌ᠭ᠎ᠠ ᠭᠠᠬᠠᠢ ᠵᠢᠨ ᠡᠭᠦᠯᠳᠡᠷ᠎ᠤᠨ ᠳᠤᠲᠤᠷ᠎ᠠ ᠲᠤᠷᠤᠢ᠌ᠯᠠᠬᠤ ᠲᠤᠭ᠎ᠠ᠎ᠪᠠᠷ ᠬᠠᠮᠤᠭ᠎ᠤᠨ ᠦᠨᠳᠦᠷ ᠭᠠᠬᠠᠢ ᠵᠢᠨ ᠡᠭᠦᠯᠳᠡᠷ ᠪᠣᠯᠣᠨ᠎ᠠ᠃ ᠬᠡᠳᠦᠨ ᠡᠭᠦᠯᠳᠡᠷ ᠪᠣᠢ᠌ᠵᠢᠭᠣᠯᠬᠣ ᠲᠠᠯᠠᠪᠠᠢ ᠵᠢᠨ 1977—1981 ᠤᠨ᠎ᠤ ᠪᠦᠷᠢᠳᠭᠡᠯ ᠵᠶ᠋ᠡᠷ ᠮᠡᠭᠡᠵᠢ᠎ᠨᠢ ᠠᠩᠬ᠎ᠠ ᠲᠤᠷᠤᠢ᠌ᠯᠠᠬᠤ᠎ᠳᠠᠭᠠᠨ 12 ᠲᠤᠯᠤᠭ᠋ᠠᠢ ᠤᠷᠴᠢᠮ᠂ ᠬᠤᠶᠠᠳᠤᠭ᠋ᠠᠷ ᠡᠭᠦᠷ᠎ᠨᠢ 14 ᠲᠤᠯᠤᠭ᠋ᠠᠢ ᠤᠷᠴᠢᠮ᠂ ᠭᠤᠷᠪᠠᠳᠤᠭ᠋ᠠᠷ ᠡᠭᠦᠷ᠎ᠨᠢ 16 ᠲᠤᠯᠤᠭ᠋ᠠᠢ ᠤᠷᠴᠢᠮ᠂ ᠮᠡᠭᠡᠵᠢ ᠭᠠᠬᠠᠢ ᠵᠢᠨ ᠬᠤᠭᠤᠷᠤᠨᠳᠤᠬᠢ ᠲᠤᠷᠤᠢ᠌ᠯᠠᠬᠤ ᠲᠤᠭ᠋ᠠᠨ᠎ᠤ ᠵᠦᠷᠢᠶ᠎ᠡ᠎ᠨᠢ ᠮᠠᠰᠢ ᠪᠠᠭ᠎ᠠ ᠪᠠᠢ᠌ᠳᠠᠭ᠃
     ᠎ᠲᠠᠢ ᠬᠤ᠌ ᠭᠠᠬᠠᠢ ᠵᠢᠨ ᠲᠠᠷᠬᠠᠯᠲᠠ᠎ᠨᠢ ᠦᠷᠭᠡᠨ᠂ ᠡᠭᠦᠯᠳᠡᠷ᠎ᠤᠨ ᠳᠤᠲᠤᠷᠠᠬᠢ ᠰᠦᠷᠦᠭ᠎ᠤᠨ ᠪᠦᠲᠦᠴᠡ᠎ᠨᠢ ᠡᠯᠪᠡᠭ᠂ ᠤᠳᠤᠮᠰᠢᠯ᠎ᠤᠨ ᠰᠠᠭᠤᠷᠢ᠎ᠨᠢ ᠦᠷᠭᠡᠨ ᠶᠣᠮ᠃᠎ᠲᠠᠢ ᠬᠤ᠌ ᠭᠠᠬᠠᠢ ᠵᠢᠨ ᠠᠯᠠᠰᠢᠨ ᠪᠡᠶ᠎ᠡ ᠵᠢᠨ ᠮᠢᠬᠠᠨ᠎ᠤ ᠦᠩᠭᠡ᠎ᠨᠢ ᠰᠢᠨᠠᠬᠡᠨ ᠤᠯᠠᠭ᠋ᠠᠨ᠂ ᠪᠣᠯᠴᠢᠩ᠎ᠤᠨ ᠳᠤᠲᠤᠷᠠᠬᠢ ᠦᠭᠡᠬᠦ᠎ᠨᠢ ᠨᠡᠯᠢᠶᠡᠳ ᠠᠷᠪᠢᠨ᠂ ᠮᠢᠬᠠᠨ᠎ᠤ ᠴᠢᠨᠠᠷ᠎ᠨᠢ ᠰᠠᠢ᠌ᠨ ᠪᠠᠢ᠌ᠳᠠᠭ᠃ ᠵᠦᠪᠬᠡᠨ ᠴᠡᠪᠡᠷ ᠡᠭᠦᠯᠳᠡᠷ᠎ᠤᠨ᠎ᠲᠠᠢ ᠬᠤ᠌ ᠭᠠᠬᠠᠢ ᠵᠢ ᠪᠤᠷᠳᠤᠪᠠᠯ ᠦᠰᠬᠦ᠎ᠨᠢ ᠣᠳᠠᠭ᠋ᠠᠨ᠂ ᠠᠯᠢᠰᠢᠨ ᠮᠢᠬᠠᠨ᠎ᠤ ᠨᠤᠷᠮ᠎ᠠ᠎ᠨᠢ ᠦᠨᠳᠦᠷ ᠪᠢᠰᠢ ᠤᠴᠢᠷ᠎ᠠᠴᠠ᠎ᠲᠠᠢ ᠬᠤ᠌ ᠭᠠᠬᠠᠢ ᠵᠢᠨ ᠠᠰᠢᠭᠯᠠᠯᠲᠠ ᠵᠢ ᠨᠦᠯᠦᠭᠡᠯᠡᠬᠦ ᠪᠣᠯᠣᠨ᠎ᠠ᠃ ᠡᠢ᠌ᠮᠦ᠎ᠠᠴᠠ ᠡᠷᠬᠡᠪᠰᠢ ᠰᠢᠯᠢᠵᠦ ᠪᠣᠢ᠌ᠵᠢᠭᠣᠯᠬᠣ ᠲᠦᠰᠦᠯ ᠵᠶ᠋ᠡᠨ ᠤᠯᠠᠮ ᠨᠢᠭᠡ ᠠᠯᠬᠤᠮ ᠰᠢᠯᠢᠳᠡᠭᠵᠢᠭᠦᠯᠵᠦ᠂᠎ᠲᠠᠢ ᠬᠤ᠌ ᠭᠠᠬᠠᠢ ᠵᠢᠨ ᠣᠳᠣᠮᠰᠢᠯ᠎ᠤᠨ ᠳᠠᠯᠳᠠ ᠴᠢᠨᠠᠷ᠎ᠢ ᠭᠦᠢ᠍ᠴᠡᠳ ᠪᠠᠳᠠᠷᠠᠭᠤᠯᠤᠨ᠂ ᠲᠠᠸᠠᠷ᠎ᠤᠨ ᠬᠠᠷ᠎ᠠ ᠮᠢᠬᠠᠨ ᠭᠠᠬᠠᠢ ᠦᠢ᠍ᠯᠡᠳᠪᠦᠷᠢᠯᠡᠬᠦ᠎ᠳᠤ ᠨᠡᠩ ᠰᠠᠢ᠌ᠨ ᠦᠢ᠍ᠯᠡᠳᠦᠯ ᠪᠠᠳᠠᠷᠠᠭᠤᠯᠬᠤ ᠵᠢ ᠰᠦᠪᠡᠭᠴᠢᠯᠡᠬᠦ ᠬᠡᠷᠡᠭᠲᠡᠢ᠃

     (ᠢᠷᠡᠯᠲᠡ᠄ ᠦ᠊· ᠪᠤᠶᠠᠨᠳᠡᠯᠭᠡᠷ ᠨᠠᠷ᠎ᠤᠨ ᠨᠠᠢ᠌ᠷᠠᠭᠤᠯᠤᠭᠰᠠᠨ 《ᠭᠠᠬᠠᠢ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)

ᠢᠷᠡᠯᠲᠡ᠄ 《ᠭᠠᠬᠠᠢ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》
          
ᠬᠠᠮᠢᠶ᠎ᠡ ᠪᠦᠬᠦᠢ ᠰᠣᠨᠢᠨ
ᠭᠠᠳᠠᠭ᠋ᠠᠳᠤ᠎ᠠᠴᠠ ᠣᠷᠣᠭᠣᠯᠣᠭᠰᠠᠨ ᠮᠢᠬᠠᠨ ᠦᠬᠡᠷ᠎ᠤᠨ ᠡᠭᠦᠯᠳᠡᠷ
ᠭᠠᠳᠠᠭ᠋ᠠᠳᠤ᠎ᠠᠴᠠ ᠣᠷᠣᠭᠣᠯᠣᠭᠰᠠᠨ ᠮᠢᠬᠠᠨ ᠦᠬᠡᠷ᠎ᠤᠨ ᠡᠭᠦᠯᠳᠡᠷ
ᠭᠠᠳᠠᠭ᠋ᠠᠳᠤ᠎ᠠᠴᠠ ᠣᠷᠣᠭᠣᠯᠣᠭᠰᠠᠨ ᠮᠢᠬᠠᠨ ᠦᠬᠡᠷ᠎ᠤᠨ ᠡᠭᠦᠯᠳᠡᠷ
ᠭᠠᠳᠠᠭ᠋ᠠᠳᠤ᠎ᠠᠴᠠ ᠤᠷᠤᠭᠤᠯᠤᠭᠰᠠᠨ ᠮᠢᠬᠠᠨ ᠦᠬᠡᠷ᠎ᠤᠨ ᠡᠭᠦᠯᠳᠡᠷ
ᠭᠠᠳᠠᠭ᠋ᠠᠳᠤ᠎ᠠᠴᠠ ᠤᠷᠤᠭᠤᠯᠤᠭᠰᠠᠨ ᠮᠢᠬᠠᠨ ᠦᠬᠡᠷ᠎ᠤᠨ ᠡᠭᠦᠯᠳᠡᠷ
 
            