ᠴᠠᠷᠤᠯᠧᠰ ᠦᠬᠡᠷ᠄ ᠴᠠᠷᠤᠯᠧᠰ ᠦᠬᠡᠷ ᠪᠣᠯ ᠹᠷᠠᠨᠼᠢ ᠵᠢᠨ ᠳᠤᠮᠳᠠᠳᠤ ᠬᠡᠰᠡᠭ᠎ᠤᠨ ᠴᠠᠷᠤᠯᠧᠰ ᠪᠣᠯᠣᠨ ᠨᠢᠶᠸᠸᠦ᠋ᠷ ᠤᠷᠤᠨ᠎ᠠᠴᠠ ᠣᠭ ᠭᠠᠷᠣᠯᠲᠠ᠎ᠲᠠᠢ᠃ ᠡᠨᠡ ᠪᠣᠯ ᠪᠡᠶ᠎ᠡ᠎ᠪᠠᠷ ᠪᠦᠳᠦᠭᠦᠨ ᠮᠢᠬᠠᠨ᠎ᠤ ᠦᠬᠡᠷ᠎ᠤᠨ ᠠᠯᠳᠠᠷᠲᠤ ᠡᠭᠦᠯᠳᠡᠷᠤᠳᠤᠨ ᠨᠢᠭᠡ ᠪᠣᠯᠣᠨ᠎ᠠ᠃ ᠣᠣᠯ᠎ᠨᠢ ᠬᠦᠯᠦᠰᠢᠨ ᠦᠬᠡᠷ ᠪᠠᠢ᠌ᠭᠰᠠᠨ᠂ ᠰᠡᠭᠦᠯᠡᠷ᠎ᠨᠢ ᠭᠠᠳᠠᠭ᠋ᠠᠳᠤ ᠵᠢᠨ ᠡᠭᠦᠯᠳᠡᠷ᠎ᠢ ᠤᠷᠤᠭᠤᠯᠤᠨ ᠠᠪᠴᠢᠷᠠᠵᠤ᠂ ᠴᠡᠪᠡᠷᠵᠢᠭᠦᠯᠦᠨ ᠰᠢᠯᠢᠵᠦ ᠪᠣᠢ᠌ᠵᠢᠭᠣᠯᠣᠭᠰᠠᠨᠠᠴᠠ1920 ᠤᠨ᠎ᠳᠤ ᠲᠤᠰᠬᠠᠢ ᠮᠢᠬᠠᠨ᠎ᠤ ᠦᠬᠡᠷ᠎ᠤᠨ ᠡᠭᠦᠯᠳᠡᠷ ᠪᠣᠯᠣᠭᠰᠠᠨ ᠪᠢᠯᠡ᠃ ᠡᠨᠡ ᠦᠬᠡᠷ ᠹᠷᠠᠨᠼᠢ ᠵᠢᠨ ᠤᠯᠠᠨ ᠭᠠᠵᠠᠷ᠎ᠲᠤ ᠪᠠᠢ᠌ᠬᠤ ᠪᠦᠭᠡᠳ ᠳᠡᠯᠡᠬᠡᠢ ᠵᠢᠨ ᠮᠠᠰᠢ ᠤᠯᠠᠨ ᠣᠯᠣᠰ᠎ᠲᠤ ᠵᠠᠯᠭ᠎ᠠ ᠵᠠᠯᠭ᠎ᠠ᠎ᠪᠠᠷ ᠭᠠᠷᠭ᠋ᠠᠵᠠᠢ᠃ ᠮᠠᠨ᠎ᠤ ᠣᠯᠣᠰ 1964 ᠣᠨ ᠪᠠ 1974 ᠤᠨ᠎ᠳᠤ ᠹᠷᠠᠨᠼᠢ᠎ᠠᠴᠠ ᠶᠡᠬᠡ᠎ᠪᠠᠷ ᠤᠷᠤᠭᠤᠯᠤᠨ ᠠᠪᠴᠢᠷᠠᠪᠠ᠃ ᠣᠳᠣ ᠪᠦᠬᠦ ᠣᠯᠣᠰ᠎ᠤᠨ ᠤᠯᠠᠨ ᠭᠠᠵᠠᠷ᠎ᠲᠤ ᠪᠦᠷ ᠪᠠᠢ᠌ᠨ᠎ᠠ᠂ ᠡᠨᠡ ᠦᠬᠡᠷ ᠮᠠᠨ᠎ᠤ ᠣᠯᠣᠰ᠎ᠤᠨ ᠤᠯᠠᠨ ᠭᠠᠵᠠᠷ᠎ᠤᠨ ᠪᠠᠢ᠌ᠭ᠋ᠠᠯᠢ ᠵᠢᠨ ᠠᠮᠢ ᠠᠬᠤᠢ ᠵᠢᠨ ᠨᠦᠭᠦᠴᠡᠯ᠎ᠳᠤ ᠲᠤᠬᠢᠷᠠᠨ᠎ᠠ᠂ ᠪᠦᠳᠦᠭᠦᠯᠢᠭ ᠵᠶ᠋ᠡᠷ ᠮᠠᠯᠵᠢᠬᠤ᠎ᠳᠤ ᠲᠡᠰᠪᠦᠷᠢᠲᠡᠢ᠂ ᠦᠯᠴᠢᠷ᠂ ᠲᠡᠵᠢᠭᠡᠯ ᠪᠤᠷᠳᠤᠭ᠋ᠠᠨ᠎ᠤ ᠬᠠᠷᠠᠮᠵᠢ᠎ᠨᠢ ᠶᠡᠬᠡ ᠵᠡᠷᠭᠡ ᠣᠨᠴᠠᠯᠢᠭ᠎ᠲᠠᠢ᠃
ᠴᠠᠷᠤᠯᠧᠰ ᠦᠬᠡᠷ᠎ᠤᠨ ᠦᠰᠦ᠎ᠨᠢ ᠴᠠᠭ᠋ᠠᠨ᠂ ᠦᠭᠡᠷ᠎ᠡ ᠦᠩᠭᠡ ᠵᠢᠨ ᠬᠤᠯᠢᠮᠠᠭ ᠦᠰᠦ ᠦᠭᠡᠢ᠂ ᠪᠡᠶ᠎ᠡ᠎ᠨᠢ ᠬᠦᠳᠡᠷ᠂ ᠬᠠᠯᠠ ᠳᠠᠭ᠋ᠠᠭ᠋ᠠᠨ᠎ᠠ᠃ ᠶᠠᠰᠤ᠎ᠨᠢ ᠪᠦᠳᠦᠭᠦᠨ᠂ ᠪᠡᠶ᠎ᠡ᠎ᠨᠢ ᠪᠦᠭᠡᠷᠡᠩᠬᠡᠢ ᠲᠦᠩᠰᠡ ᠬᠡᠯᠪᠡᠷᠢ᠎ᠲᠠᠢ᠂ ᠪᠦᠬᠦ ᠪᠡᠶ᠎ᠡ ᠵᠢᠨ ᠬᠢᠨᠢ ᠪᠤᠯᠴᠢᠩ ᠮᠢᠬ᠎ᠠ᠎ᠨᠢ ᠬᠦᠭᠵᠢᠩᠭᠦᠢ᠃ ᠲᠤᠯᠤᠭ᠋ᠠᠢ ᠵᠢᠨ ᠬᠡᠮᠵᠢᠶ᠎ᠠ᠎ᠨᠢ ᠲᠤᠬᠢᠷᠠᠮᠵᠢᠲᠡᠢ᠂ ᠤᠬᠤᠷ ᠪᠦᠭᠡᠳ ᠦᠷᠭᠡᠨ᠂ ᠬᠦᠵᠦᠭᠦᠦ᠎ᠨᠢ ᠪᠣᠭᠣᠨᠢ ᠮᠢᠬ᠎ᠠ ᠶᠡᠬᠡᠲᠡᠢ᠂ ᠪᠡᠶ᠎ᠡ᠎ᠨᠢ ᠤᠷᠲᠤ᠂ ᠴᠡᠭᠡᠵᠢ᠎ᠨᠢ ᠦᠷᠭᠡᠨ᠂ ᠨᠢᠷᠣᠭᠣ ᠰᠡᠭᠡᠷ᠎ᠨᠢ ᠦᠷᠭᠡᠨ ᠪᠦᠭᠡᠳ ᠵᠤᠵᠠᠭ᠋ᠠᠨ᠂ ᠪᠦᠭᠰᠡ ᠵᠢᠨ ᠬᠡᠰᠡᠭ᠎ᠨᠢ ᠲᠡᠭᠰᠢ᠂ ᠦᠷᠭᠡᠨ ᠮᠦᠷᠲᠡᠭᠡᠨ ᠤᠷᠲᠤ᠂ ᠦᠭᠡᠵᠡᠭ᠎ᠤᠨ ᠬᠡᠰᠡᠭ᠎ᠤᠨ ᠪᠣᠯᠴᠢᠩ ᠬᠥᠯ ᠮᠢᠬ᠎ᠠ᠎ᠨᠢ ᠵᠤᠵᠠᠭ᠋ᠠᠨ ᠳᠦᠭᠦᠷᠡᠩ᠂ ᠭᠤᠶ᠎ᠠ᠎ᠨᠢ ᠤᠷᠲᠤ ᠪᠦᠭᠡᠳ ᠦᠷᠭᠡᠨ᠂ ᠪᠤᠯᠴᠢᠩ ᠮᠢᠬ᠎ᠠ᠎ᠨᠢ ᠬᠣᠢ᠌ᠰᠢ ᠭᠦᠳᠦᠢ᠌ᠭᠰᠡᠨ ᠶᠤᠮ᠃ ᠨᠠᠰᠤ ᠭᠦᠢ᠍ᠴᠡᠭᠰᠡᠨ ᠡᠷ᠎ᠡ ᠦᠬᠡᠷ᠎ᠨᠢ ᠠᠮᠢᠳᠤ᠎ᠪᠠᠷ ᠵᠶ᠋ᠠᠨ 900~1200kg᠎ᠠᠴᠠ ᠳᠡᠭᠡᠭᠰᠢ ᠬᠦᠨᠳᠦ ᠪᠠᠢ᠌ᠳᠠᠭ᠂ ᠦᠨᠢᠶ᠎ᠡ᠎ᠨᠢ 600~900kg ᠬᠦᠨᠳᠦ ᠪᠠᠢ᠌ᠳᠠᠭ᠃
ᠴᠠᠷᠣᠯᠧᠰ ᠦᠬᠡᠷ᠎ᠤᠨ ᠲᠤᠭᠤᠯ᠎ᠨᠢ ᠪᠦᠳᠦᠭᠦᠨ᠂ ᠡᠷ᠎ᠡ ᠲᠤᠭᠤᠯ᠎ᠨᠢ ᠭᠠᠷᠬᠤ ᠦᠶ᠎ᠡ᠎ᠳᠤ 46kg ᠬᠦᠨᠳᠦ᠂ ᠦᠬᠢᠨ ᠲᠤᠭᠤᠯ᠎ᠨᠢ 42kg ᠬᠦᠨᠳᠦ ᠪᠠᠢ᠌ᠳᠠᠭ᠂ ᠪᠡᠶ᠎ᠡ ᠵᠢᠨ ᠬᠦᠨᠳᠦ᠎ᠨᠢ ᠲᠦᠷᠭᠡᠨ ᠨᠡᠮᠡᠭᠳᠡᠳᠡᠭ᠂ ᠰᠦᠨᠠᠴᠠᠨᠢ ᠰᠠᠯᠭ᠋ᠠᠬᠤ ᠦᠶ᠎ᠡ᠎ᠳᠤ 270~340kg ᠬᠦᠨᠳᠦ ᠪᠤᠯᠳᠠᠭ᠂ ᠵᠢᠯ᠎ᠤᠨ ᠤᠢ ᠪᠤᠯᠤᠭᠰᠠᠨ ᠲᠤᠭᠤᠯᠤᠨ ᠪᠡᠶ᠎ᠡ ᠵᠢᠨ ᠬᠦᠨᠳᠦ᠎ᠨᠢ 500kg᠎ᠠᠴᠠ ᠳᠡᠭᠡᠭᠰᠢ ᠪᠠᠢ᠌ᠵᠤ᠂ ᠬᠠᠮᠤᠭ᠎ᠤᠨ ᠶᠡᠬᠡ᠎ᠳᠡᠭᠡᠨ ᠡᠳᠦᠷ᠎ᠲᠤ 1.88kg ᠨᠡᠮᠡᠭᠳᠡᠳᠡᠭ᠃ ᠨᠢᠲᠤᠯᠭ᠋ᠠᠨ᠎ᠤ ᠨᠤᠷᠮ᠎ᠠ᠎ᠨᠢ ᠶᠡᠷᠦᠩᠬᠡᠢ᠎ᠳᠡᠭᠡᠨ 60%~70%᠎ᠳᠤ ᠬᠦᠷᠳᠡᠭ᠂ ᠪᠦᠬᠦ ᠪᠡᠶ᠎ᠡ᠎ᠳᠠᠬᠢ ᠬᠠᠷ᠎ᠠ ᠮᠢᠬ᠎ᠠ᠎ᠨᠢ 80%~85% ᠪᠣᠯᠣᠨ᠎ᠠ᠂ 16 ᠰᠠᠷ᠎ᠠ ᠪᠤᠯᠵᠤ ᠪᠠᠢ᠌ᠭ᠎ᠠ ᠪᠤᠷᠳᠤᠵᠤ ᠲᠠᠷᠭᠤᠯᠠᠭᠤᠯᠤᠭᠰᠠᠨ ᠡᠮ᠎ᠡ ᠪᠢᠷᠠᠭᠤ ᠵᠢᠨ ᠪᠡᠶ᠎ᠡ ᠵᠢᠨ ᠬᠦᠨᠳᠦ᠎ᠨᠢ 418kg ᠬᠦᠷᠴᠦ᠂ ᠨᠢᠲᠤᠯᠭ᠋ᠠᠨ᠎ᠤ ᠨᠤᠷᠮ᠎ᠠ᠎ᠨᠢ 66.3%᠎ᠳᠤ ᠬᠦᠷᠳᠡᠭ᠃ ᠰᠦ ᠭᠠᠷᠬᠤ ᠳᠣᠮᠳᠠᠴᠢ ᠬᠡᠮᠵᠢᠶ᠎ᠠ᠎ᠨᠢ 1700~1800kg᠂ ᠰᠦᠨ᠎ᠤ ᠲᠤᠰᠣᠯᠢᠭ᠎ᠤᠨ ᠨᠤᠷᠮ᠎ᠠ᠎ᠨᠢ 4.0%~4.7%᠎ᠳᠤ ᠬᠦᠷᠳᠡᠭ᠃
ᠴᠠᠷᠣᠯᠧᠰ ᠦᠬᠡᠷ᠎ᠤᠨ ᠬᠦᠷᠦᠯᠴᠡᠬᠦ ᠦᠭᠡᠢ ᠲᠠᠯ᠎ᠠ ᠭᠡᠪᠡᠯ ᠦᠷᠡᠵᠢᠯᠲᠡ ᠵᠢᠨ ᠨᠤᠷᠮ᠎ᠠ᠎ᠨᠢ ᠪᠠᠭ᠎ᠠ᠂ ᠲᠤᠭᠤᠯᠯᠠᠬᠤ᠎ᠳᠠᠭᠠᠨ ᠪᠡᠷᠬᠡᠲᠦᠬᠦ ᠨᠤᠷᠮ᠎ᠠ᠎ᠨᠢ ᠨᠡᠯᠢᠶᠡᠳ ᠶᠡᠬᠡ᠂ ᠪᠠᠷᠤᠭ 13.7% ᠤᠷᠴᠢᠮ᠎ᠳᠤ ᠬᠦᠷᠳᠡᠭ᠂ ᠳᠣᠮᠳᠠ ᠵᠡᠷᠭᠡ ᠪᠣᠶᠣ ᠪᠠᠭ᠎ᠠ ᠪᠡᠶ᠎ᠡ᠎ᠲᠠᠢ ᠦᠬᠡᠷᠯᠦᠭᠡ ᠡᠷᠯᠢᠰᠡᠵᠢᠭᠦᠯᠬᠦ᠎ᠳᠤ ᠲᠤᠭᠤᠯᠯᠠᠬᠤ᠎ᠳᠠᠭᠠᠨ ᠪᠡᠷᠬᠡᠲᠦᠬᠦᠨᠢ ᠨᠡᠩ ᠳᠤᠪᠤᠢ᠌ᠮ᠎ᠠ ᠪᠣᠯᠳᠠᠭ᠃
ᠮᠠᠨ᠎ᠤ ᠣᠯᠣᠰ ᠴᠠᠷᠣᠯᠧᠰ ᠦᠬᠡᠷ᠎ᠢ ᠤᠷᠤᠭᠤᠯᠤᠭᠰᠠᠨ᠎ᠠᠴᠠ ᠨᠠᠰᠢ ᠦᠪᠦᠷ ᠮᠣᠩᠭᠣᠯ᠂ ᠰᠢᠨᠵᠢᠶᠠᠩ ᠪᠣᠯᠣᠨ ᠱᠠᠨᠰᠢ ᠵᠡᠷᠭᠡ ᠮᠣᠵᠢ ᠤᠷᠤᠨ᠎ᠳᠤ ᠲᠡᠭᠦᠨ ᠵᠶ᠋ᠡᠷ ᠲᠤᠰ ᠭᠠᠵᠠᠷ᠎ᠤᠨ ᠰᠢᠷ᠎ᠠ ᠦᠬᠡᠷ᠎ᠢ ᠡᠷᠯᠢᠰᠡᠵᠢᠭᠦᠯᠦᠨ ᠡᠭᠦᠯᠳᠡᠷ ᠰᠠᠢ᠌ᠵᠢᠷᠠᠭᠤᠯᠬᠤ ᠠᠵᠢᠯ᠎ᠢ ᠤᠷᠨᠢᠭᠦᠯᠦᠭᠡᠳ ᠨᠡᠯᠢᠶᠡᠳ ᠰᠠᠢ᠌ᠨ ᠦᠷ᠎ᠡ ᠦᠷ᠎ᠡ ᠪᠦᠲᠦᠭᠡᠯ ᠣᠯᠵᠠᠢ᠃ ᠡᠩ᠎ᠤᠨ ᠲᠤᠰᠬᠠᠯ᠎ᠠᠴᠠ ᠦᠵᠡᠪᠡᠯ᠂ ᠴᠠᠷᠣᠯᠧᠰ ᠵᠶ᠋ᠠᠷ ᠡᠷᠯᠢᠰᠡᠵᠢᠭᠦᠯᠦᠭᠰᠡᠨ ᠲᠤᠭᠤᠯᠤᠨ ᠦᠰᠦᠯᠲᠡ᠎ᠨᠢ ᠲᠦᠷᠭᠡᠨ᠂ ᠪᠡᠶ᠎ᠡ᠎ᠨᠢ ᠪᠦᠳᠦᠭᠦᠨ᠂ ᠪᠣᠢ᠌ᠵᠢᠯᠲᠠ᠎ᠨᠢ ᠵᠢᠭᠲᠡᠬᠡᠨ᠂ ᠡᠳᠦᠷ᠎ᠲᠤ ᠨᠡᠮᠡᠭᠳᠡᠬᠦ ᠬᠦᠨᠳᠦ ᠵᠢᠨ ᠬᠡᠮᠵᠢᠶ᠎ᠡ᠎ᠨᠢ ᠶᠡᠬᠡ ᠪᠣᠯᠬᠣᠷ ᠬᠦᠮᠦᠰ᠎ᠤᠨ ᠬᠦᠷᠢᠶᠡᠯᠡᠯ᠎ᠢ ᠶᠡᠬᠡᠳᠡ ᠣᠯᠣᠭᠰᠠᠨ ᠪᠠᠢ᠌ᠨ᠎ᠠ᠃
(ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠵᠢᠨ ᠨᠠᠢ᠌ᠷᠠᠭᠤᠯᠤᠭᠰᠠᠨ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)