ᠤᠷᠤᠨ᠎ᠤ ᠭᠠᠬᠠᠢ ᠵᠢ ᠠᠰᠢᠭᠯᠠᠬᠤ ᠶᠠᠪᠤᠴᠠ᠎ᠳᠤ ᠤᠷᠤᠨ᠎ᠤ ᠭᠠᠬᠠᠢ ᠵᠢᠨ ᠦᠢ᠍ᠯᠡᠳᠪᠦᠷᠢᠯᠡᠯ᠎ᠤᠨ ᠴᠢᠳᠠᠪᠤᠷᠢ᠎ᠨᠢ ᠳᠤᠤᠷ᠎ᠠ ᠪᠠᠢ᠌ᠳᠠᠭ ᠲᠤᠳᠠᠭᠳᠠᠯ᠎ᠢ ᠦᠭᠡᠷᠡᠴᠢᠯᠡᠨ ᠰᠠᠢ᠌ᠵᠢᠷᠠᠭᠤᠯᠬᠤ ᠵᠢᠨ ᠲᠦᠯᠦᠭᠡ ᠡᠷᠯᠢᠰᠡᠵᠢᠭᠦᠯᠬᠦ ᠠᠷᠭ᠎ᠠ᠎ᠪᠠᠷ ᠰᠢᠨ᠎ᠡ ᠡᠭᠦᠯᠳᠡᠷ᠎ᠤᠨ ᠭᠠᠬᠠᠢ ᠵᠢ ᠪᠤᠢ᠌ᠵᠢᠭᠤᠯᠤᠭᠰᠠᠨ ᠪᠣᠶᠣ ᠤᠯᠠᠨ ᠵᠢᠯ ᠪᠤᠳᠤᠯᠢᠶᠠᠨᠲᠠᠢ ᠡᠷᠯᠢᠰᠡᠵᠢᠭᠦᠯᠦᠭᠰᠡᠨ ᠭᠠᠬᠠᠢ ᠵᠢ ᠬᠠᠷᠠᠯᠲᠠ᠎ᠲᠠᠢ᠎ᠪᠠᠷ ᠰᠤᠩᠭᠣᠨ ᠪᠤᠢ᠌ᠵᠢᠭᠤᠯᠤᠭᠰᠠᠨ ᠰᠠᠭᠤᠷᠢ ᠳᠡᠭᠡᠷ᠎ᠡ ᠨᠡᠯᠢᠶᠡᠳ ᠤᠷᠲᠤ ᠬᠤᠭᠤᠴᠠᠭ᠎ᠠ ᠰᠢᠰᠲ᠋ᠧᠮ᠎ᠲᠠᠢ ᠰᠢᠯᠢᠵᠦ ᠪᠤᠢ᠌ᠵᠢᠭᠤᠯᠤᠭᠰᠠᠨ ᠭᠠᠬᠠᠢ ᠪᠤᠢ ᠪᠣᠯᠪᠠ᠃ ᠡᠳᠡᠭᠡᠷ ᠭᠠᠬᠠᠢ᠎ᠳᠤ᠂ ᠰᠦ᠍ᠲᠠᠢ ᠭᠠᠬᠠᠢ᠂ ᠪᠡᠭᠡᠵᠢᠩ ᠬᠠᠷ᠎ᠠ ᠭᠠᠬᠠᠢ᠂ ᠰᠠᠨᠵᠢᠶᠠᠩ ᠴᠠᠭ᠋ᠠᠨ ᠭᠠᠬᠠᠢ᠂ ᠱᠠᠩᠬᠠᠢ ᠴᠠᠭ᠋ᠠᠨ ᠭᠠᠬᠠᠢ᠂ ᠬᠤᠪᠧᠢ ᠴᠠᠭ᠋ᠠᠨ ᠭᠠᠬᠠᠢ ᠵᠡᠷᠭᠡ ᠪᠠᠢ᠌ᠳᠠᠭ᠃ ᠤᠳᠤᠬᠠᠨ᠎ᠳᠤ ᠰᠦ᠍ᠲᠠᠢ ᠭᠠᠬᠠᠢ᠂ ᠪᠡᠭᠡᠵᠢᠩ ᠬᠠᠷ᠎ᠠ ᠭᠠᠬᠠᠢ ᠵᠢ ᠠᠰᠢᠭᠯᠠᠵᠤ ᠪᠠᠢ᠌ᠬᠤ᠎ᠨᠢ ᠨᠡᠯᠢᠶᠡᠳ ᠰᠠᠢ᠌ᠨ᠂ ᠭᠠᠬᠠᠢ ᠵᠢ ᠰᠤᠩᠭᠤᠨ ᠪᠤᠢ᠌ᠵᠢᠭᠤᠯᠬᠤ ᠠᠵᠢᠯ᠎ᠤᠨ ᠳᠤᠮᠳᠠ ᠨᠡᠯᠢᠶᠡᠳ ᠦᠷᠭᠡᠨ ᠬᠡᠪᠴᠢᠶ᠎ᠡ᠎ᠪᠠᠷ ᠳᠡᠯᠭᠡᠷᠡᠭᠦᠯᠵᠦ ᠪᠠᠢ᠌ᠭ᠎ᠠ ᠭᠠᠬᠠᠢ᠎ᠳᠤ ᠤᠷᠤᠨ᠎ᠠ᠃
ᠰᠦ᠍ᠲᠠᠢ ᠭᠠᠬᠠᠢ (苏太猪)
1. ᠪᠡᠶ᠎ᠡ ᠵᠢᠨ ᠬᠡᠯᠪᠡᠷᠢ ᠪᠠ ᠭᠠᠳᠠᠷ ᠳᠦᠷᠰᠦ
ᠰᠦ᠍ᠲᠠᠢ ᠭᠠᠬᠠᠢ ᠵᠢᠨ ᠪᠦᠬᠦ ᠪᠡᠶ᠎ᠡ ᠵᠢᠨ ᠪᠦᠷᠬᠦᠭᠦᠯ ᠦᠰᠦ᠎ᠨᠢ ᠬᠠᠷ᠎ᠠ᠂ ᠴᠢᠬᠢᠨ᠎ᠤ ᠶᠡᠬᠡ ᠪᠠᠭ᠎ᠠ᠎ᠨᠢ ᠳᠤᠮᠳᠠ ᠵᠢᠨ᠂ ᠡᠮᠦᠨᠡᠰᠢ᠎ᠪᠠᠨ ᠤᠨᠵᠢᠭᠢᠷ᠂ ᠨᠢᠭᠤᠷ᠎ᠨᠢ ᠭᠦᠢ᠍ᠬᠡᠨ ᠠᠲᠤᠷᠢᠶᠠᠰᠤᠲᠠᠢ᠂ ᠠᠮᠠᠨ᠎ᠤ ᠤᠷᠲᠤ᠎ᠨᠢ ᠳᠤᠮᠳᠠ ᠵᠢᠨ ᠮᠦᠷᠲᠡᠭᠡᠨ ᠰᠢᠯᠤᠭᠤᠨ᠂ ᠳᠦᠷᠪᠡᠨ ᠮᠦᠴᠢ᠎ᠨᠢ ᠴᠢᠬᠢᠷᠠᠭ᠂ ᠵᠣ᠋ ᠨᠢᠷᠤᠭᠣᠨᠢ ᠲᠡᠭᠰᠢ᠂ ᠬᠡᠪᠡᠯᠢ᠎ᠨᠢ ᠪᠠᠭ᠎ᠠ᠂ ᠪᠡᠶ᠎ᠡ ᠵᠢᠨ ᠬᠤᠢ᠌ᠲᠤ ᠬᠡᠰᠡᠭ᠎ᠨᠢ ᠳᠦᠭᠦᠷᠡᠩ᠂ ᠪᠦᠲᠦᠴᠡ᠎ᠨᠢ ᠠᠪᠴᠠᠯᠳᠤᠩᠭᠤᠢ ᠮᠦᠷᠲᠡᠭᠡᠨ ᠬᠠᠷ᠎ᠠ ᠮᠢᠬᠠᠨ᠎ᠤ ᠬᠡᠷᠡᠭᠴᠡᠭᠡᠲᠦ ᠭᠠᠬᠠᠢ ᠵᠢᠨ ᠤᠨᠴᠠᠯᠢᠭ᠎ᠨᠢ ᠢᠯᠡᠷᠬᠡᠢ ᠪᠠᠢ᠌ᠳᠠᠭ ᠶᠣᠮ᠃ ᠬᠦᠬᠦᠨ ᠲᠤᠪᠴᠢ᠎ᠨᠢ 7 ᠬᠤᠤᠰ᠎ᠠᠴᠠ ᠳᠡᠭᠡᠭᠰᠢ᠂ ᠵᠠᠷᠢᠮ ᠭᠠᠬᠠᠢ ᠵᠢᠨ ᠬᠠᠮᠠᠷ᠎ᠤᠨ ᠦᠵᠦᠭᠦᠷ᠎ᠨᠢ ᠴᠠᠭ᠋ᠠᠨ ᠦᠩᠭᠡ᠎ᠲᠠᠢ᠃
2. ᠦᠢ᠍ᠯᠡᠳᠪᠦᠷᠢᠯᠡᠯ᠎ᠤᠨ ᠴᠢᠳᠠᠪᠤᠷᠢ
(1) ᠦᠰᠦᠯᠲᠡ ᠪᠣᠢ᠌ᠵᠢᠯᠲᠠ
ᠰᠦᠨ᠎ᠠᠴᠠ ᠰᠠᠯᠭ᠋ᠠᠭᠰᠠᠨ᠎ᠠᠴᠠ 50 ᠺᠢᠯᠦᠭᠷᠡᠮ ᠪᠡᠶ᠎ᠡ ᠵᠢᠨ ᠬᠦᠨᠳᠦ᠎ᠲᠠᠢ ᠪᠣᠯᠲᠠᠯ᠎ᠠ ᠡᠳᠦᠷ᠎ᠤᠨ ᠨᠡᠮᠡᠭᠳᠡᠬᠦ ᠬᠦᠨᠳᠦ᠎ᠨᠢ 570±25.6 ᠭ᠋ᠷᠡᠮ᠂ 50~90 ᠺᠢᠯᠦᠭᠷᠡᠮ ᠪᠤᠯᠲᠠᠯ᠎ᠠ ᠡᠳᠦᠷ᠎ᠤᠨ ᠨᠡᠮᠡᠭᠳᠡᠬᠦ ᠬᠦᠨᠳᠦ᠎ᠨᠢ
710 ±28.5 ᠭ᠋ᠷᠡᠮ᠃
(2) ᠦᠷᠡᠵᠢᠯ᠎ᠤᠨ ᠴᠢᠳᠠᠪᠤᠷᠢ
ᠲᠤᠷᠤᠢ᠌ᠯᠠᠵᠤ ᠦᠩᠭᠡᠷᠡᠭᠰᠡᠨ ᠮᠡᠭᠡᠵᠢ ᠵᠢᠨ ᠲᠡᠭᠰᠢᠳᠭᠡᠭᠰᠡᠨ ᠨᠢᠭᠡ ᠡᠭᠦᠷ ᠲᠤᠷᠤᠢ᠎ᠨᠢ 14.5±1.06 ᠲᠤᠯᠤᠭ᠋ᠠᠢ᠂ ᠠᠮᠢᠳᠤ ᠲᠤᠷᠤᠢ᠎ᠨᠢ 13.78±0.98 ᠲᠤᠯᠤᠭ᠋ᠠᠢ᠂ 35 ᠡᠳᠦᠷ ᠳᠡᠭᠡᠷ᠎ᠡ᠎ᠨᠢ ᠰᠦᠨ᠎ᠠᠴᠠ ᠰᠠᠯᠭ᠋ᠠᠬᠤ ᠦᠶᠡᠰ᠎ᠤᠨ ᠪᠡᠶ᠎ᠡ ᠵᠢᠨ ᠬᠦᠨᠳᠦ 7.85±0.56 ᠺᠢᠯᠦᠭᠷᠡᠮ ᠪᠤᠯᠳᠠᠭ᠃
(3) ᠪᠤᠷᠳᠤᠯᠭ᠎ᠠ
90 ᠺᠢᠯᠦᠭᠷᠡᠮ ᠪᠡᠶ᠎ᠡ ᠵᠢᠨ ᠬᠦᠨᠳᠦ᠎ᠲᠠᠢ ᠪᠣᠯᠬᠣ ᠦᠶᠡᠰ᠎ᠤᠨ ᠡᠳᠦᠷ᠎ᠤᠨ ᠨᠠᠰᠤ᠎ᠨᠢ 178±3.45 ᠡᠳᠦᠷ᠂ ᠪᠤᠷᠳᠤᠯᠭ᠎ᠠ ᠵᠢᠨ ᠬᠤᠭᠤᠴᠠᠭ᠋ᠠᠨ᠎ᠤ ᠲᠡᠵᠢᠭᠡᠯ᠎ᠤᠨ ᠠᠰᠢᠭᠯᠠᠯᠲᠠ ᠵᠢᠨ ᠨᠤᠷᠮ᠎ᠠ᠎ᠨᠢ 1∶3.11 ᠪᠣᠯᠣᠨ᠎ᠠ᠃
(4) ᠠᠯᠠᠰᠢᠨ ᠪᠡᠶ᠎ᠡ ᠵᠢᠨ ᠴᠢᠨᠠᠷ
ᠠᠯᠠᠰᠢᠨ ᠪᠡᠶ᠎ᠡ ᠵᠢᠨ ᠬᠠᠷ᠎ᠠ ᠮᠢᠬᠠᠨ᠎ᠤ ᠨᠤᠷᠮ᠎ᠠ᠎ᠨᠢ (56.5± 1.32)%᠂ ᠪᠣᠯᠴᠢᠩ᠎ᠤᠨ ᠦᠭᠡᠬᠦ᠎ᠨᠢ 3% ᠬᠦᠷᠦᠨ᠎ᠡ᠃ ᠮᠢᠬᠠᠨ᠎ᠤ ᠦᠩᠭᠡ᠎ᠨᠢ ᠰᠢᠨᠡᠬᠡᠨ ᠤᠯᠠᠭ᠋ᠠᠨ᠂ ᠮᠢᠬᠠᠨ᠎ᠤ ᠴᠢᠨᠠᠷ᠎ᠨᠢ ᠰᠢᠨ᠎ᠡ ᠰᠤᠷᠭᠤᠭ᠂ ᠵᠦᠭᠡᠯᠡᠨ ᠪᠦᠭᠡᠳ ᠰᠢᠭᠦᠰᠦ ᠤᠯᠠᠨ᠂ ᠲᠠᠷᠭᠤᠨ ᠡᠴᠡᠩᠬᠡᠢ᠎ᠨᠢ ᠲᠤᠬᠢᠷᠠᠮᠵᠢᠲᠠᠢ ᠪᠣᠯᠬᠣᠷ ᠬᠠᠭᠤᠷᠤᠯᠭ᠎ᠠ ᠨᠤᠭᠤᠭ᠎ᠠ ᠬᠢᠬᠦ᠎ᠳᠤ ᠮᠠᠰᠢ ᠲᠤᠬᠢᠷᠠᠨ᠎ᠠ᠃
3. ᠡᠷᠯᠢᠰᠡᠵᠢᠭᠦᠯᠵᠦ ᠠᠰᠢᠭᠯᠠᠬᠤ
ᠰᠦ᠍ᠲᠠᠢ ᠭᠠᠬᠠᠢ᠎ᠪᠠᠷ ᠡᠬᠡ ᠪᠡᠶ᠎ᠡ ᠪᠣᠯᠭ᠋ᠠᠵᠤ᠂ ᠲᠤᠮᠤ ᠴᠠᠭ᠋ᠠᠨ ᠠᠵᠢᠷᠭ᠋ᠠᠨ ᠭᠠᠬᠠᠢ ᠪᠣᠶᠣ ᠤᠷᠲᠤ ᠴᠠᠭ᠋ᠠᠨ ᠠᠵᠢᠷᠭ᠋ᠠᠨ ᠭᠠᠬᠠᠢ᠎ᠪᠠᠷ ᠡᠷᠯᠢᠰᠡᠵᠢᠭᠦᠯᠬᠦ ᠪᠣᠯ ᠨᠢᠭᠡᠨ ᠮᠠᠰᠢ ᠰᠠᠢ᠌ᠨ ᠵᠢᠱ᠌ᠢᠶ᠎ᠡ ᠪᠣᠯᠣᠨ᠎ᠠ᠃
ᠰᠦ᠍ᠲᠠᠢ ᠡᠷᠯᠢᠰᠡ ᠭᠠᠬᠠᠢ ᠵᠢᠨ ᠠᠯᠠᠰᠢᠨ ᠪᠡᠶ᠎ᠡ ᠵᠢᠨ ᠬᠠᠷ᠎ᠠ ᠮᠢᠬᠠᠨ᠎ᠤ ᠨᠤᠷᠮ᠎ᠠ᠎ᠨᠢ 59%~60%᠂ 90 ᠺᠢᠯᠦᠭᠷᠡᠮ ᠪᠡᠶ᠎ᠡ ᠵᠢᠨ ᠬᠦᠨᠳᠦ᠎ᠲᠠᠢ ᠪᠣᠯᠬᠣ ᠦᠶᠡᠰ᠎ᠤᠨ ᠡᠳᠦᠷ᠎ᠤᠨ ᠨᠠᠰᠤ᠎ᠨᠢ 160~165 ᠡᠳᠦᠷ᠂ 25~90 ᠺᠢᠯᠦᠭᠷᠡᠮ ᠪᠣᠯᠳᠠᠯᠠᠬᠢ ᠬᠤᠭᠤᠴᠠᠭ᠋ᠠᠨ᠎ᠤ ᠡᠳᠦᠷ᠎ᠤᠨ ᠨᠠᠮᠠᠭ᠌ᠳᠠᠬᠦ ᠬᠦᠨᠳᠦ᠎ᠨᠢ 700~750 ᠭ᠋ᠷᠡᠮ᠂ ᠲᠡᠵᠢᠭᠡᠯ᠎ᠤᠨ ᠠᠰᠢᠭᠯᠠᠯᠲᠠ ᠵᠢᠨ ᠨᠤᠷᠮ᠎ᠠ᠎ᠨᠢ 1∶ 2.98 ᠶᠣᠮ᠃
4. ᠲᠡᠵᠢᠭᠡᠵᠦ ᠠᠷᠠᠴᠢᠯᠠᠬᠤ ᠤᠨᠴᠠᠯᠢᠭ
ᠪᠣᠢ᠌ᠵᠢᠭᠣᠯᠣᠭᠰᠠᠨ ᠭᠠᠬᠠᠢ ᠠᠵᠢᠷᠭ᠋ᠠᠨ ᠭᠠᠬᠠᠢ ᠵᠢ 7~8 ᠰᠠᠷ᠎ᠠ ᠵᠢᠨ ᠨᠠᠰᠤ (ᠪᠡᠶ᠎ᠡ ᠵᠢᠨ ᠬᠦᠨᠳᠦ᠎ᠨᠢ 80 ᠺᠢᠯᠦᠭᠷᠡᠮ᠎ᠠᠴᠠ ᠳᠡᠭᠡᠭᠰᠢ) ᠪᠣᠯᠬᠣ ᠦᠶᠡᠰ᠎ᠲᠤ ᠠᠩᠬ᠎ᠠ ᠡᠬᠢᠯᠡᠵᠦ ᠬᠡᠭᠡᠯᠳᠦᠭᠦᠯᠭᠡ ᠬᠢᠯᠭᠡᠨ᠎ᠡ᠃ ᠮᠡᠭᠡᠵᠢ ᠵᠢ 6~7 ᠰᠠᠷ᠎ᠠ ᠵᠢᠨ (ᠪᠡᠶ᠎ᠡ ᠵᠢᠨ ᠬᠦᠨᠳᠦ᠎ᠨᠢ 70 ᠺᠢᠯᠦᠭᠷᠡᠮ᠎ᠠᠴᠠ ᠳᠡᠭᠡᠭᠰᠢ) ᠦᠶᠡᠰ᠎ᠲᠤ ᠬᠡᠭᠡᠯᠳᠦᠭᠦᠯᠪᠡᠯ ᠲᠤᠬᠢᠷᠠᠮᠵᠢᠲᠠᠢ ᠶᠣᠮ᠃ ᠮᠡᠭᠡᠵᠢ ᠵᠢᠨ ᠤᠷᠤᠭ᠋ᠠᠨᠤ ᠡᠷᠭᠢᠯᠲᠡ ᠵᠢᠨ ᠬᠤᠭᠤᠴᠠᠭ᠎ᠠ᠎ᠨᠢ ᠲᠡᠭᠰᠢᠳᠭᠡᠭᠡᠳ 20.5 ᠡᠳᠦᠷ᠂ ᠤᠷᠤᠭ᠋ᠠᠨᠤ ᠦᠷᠭᠦᠯᠵᠢᠯᠡᠬᠦ ᠬᠤᠭᠤᠴᠠᠭ᠎ᠠ᠎ᠨᠢ 3.95 ᠡᠳᠦᠷ᠃ ᠮᠡᠭᠡᠵᠢ ᠵᠢᠨ ᠤᠷᠤᠭ᠎ᠠ ᠤᠷᠤᠭᠰᠠᠨ ᠰᠢᠨᠵᠢ ᠲᠡᠮᠳᠡᠭ᠎ᠨᠢ ᠤᠷᠤᠨ᠎ᠳᠠᠭᠠᠨ ᠦᠯᠢᠢ᠍ᠵᠦ ᠵᠤᠭᠰᠤᠬᠤ᠂ ᠤᠮᠠᠢ ᠵᠢᠨ ᠭᠠᠳᠠᠷ ᠠᠮᠠᠰᠠᠷ᠎ᠨᠢ ᠤᠯᠠᠢ᠌ᠵᠤ ᠬᠠᠪᠤᠳᠤᠨ᠎ᠠ᠃ ᠪᠠᠰᠠ ᠰᠠᠯᠢᠰᠤᠯᠢᠭ ᠰᠢᠩᠭᠡᠨ ᠭᠤᠭᠤᠵᠢᠭᠣᠯᠬᠣ ᠵᠠᠷᠢᠮ ᠮᠡᠭᠡᠵᠢ ᠵᠢᠨ ᠢᠳᠡᠬᠦ ᠳᠤᠷᠠᠰᠢᠯ᠎ᠨᠢ ᠮᠠᠭᠤᠲᠠᠵᠤ᠂ ᠪᠣᠰᠣᠳ ᠭᠠᠬᠠᠢ ᠵᠢᠨ ᠳᠡᠭᠡᠷ᠎ᠡ ᠬᠠᠷᠠᠢ᠌ᠬᠤ᠂ ᠬᠠᠰᠢᠶ᠎ᠠ ᠦᠰᠦᠷᠬᠦ᠂ ᠴᠠᠷᠬᠢᠷᠠᠬᠤ ᠵᠡᠷᠭᠡ ᠢᠯᠡᠷᠡᠯ ᠭᠠᠷᠤᠨ᠎ᠠ᠃ ᠨᠢᠷᠤᠭᠤᠨ ᠳᠡᠭᠡᠷ᠎ᠡ᠎ᠨᠢ ᠳᠠᠷᠤᠬᠤ᠎ᠳᠤ ᠬᠦᠳᠡᠯᠬᠦ ᠦᠭᠡᠢ᠂ ᠤᠮᠠᠢ ᠵᠢᠨ ᠭᠠᠳᠠᠷ ᠠᠮᠠᠰᠠᠷ (ᠪᠡᠯᠭᠡ ᠵᠢᠨ ᠤᠷᠤᠭᠤᠯ)᠎ᠤᠨ ᠬᠠᠪᠤᠩ᠎ᠨᠢ ᠪᠠᠭᠤᠷᠠᠬᠤ ᠦᠶᠡᠰ ᠪᠣᠯ ᠬᠡᠭᠡᠯᠳᠦᠭᠦᠯᠬᠦ ᠬᠠᠮᠤᠭ ᠲᠤᠬᠢᠷᠠᠮᠵᠢᠲᠠᠢ ᠴᠠᠭ ᠶᠣᠮ᠃ ᠬᠡᠭᠡᠯᠳᠦᠭᠦᠯᠬᠦ ᠠᠷᠭ᠎ᠠ᠎ᠨᠢ ᠳᠤᠷ᠎ᠠ ᠵᠢᠨ ᠬᠡᠭᠡᠯᠳᠦᠭᠦᠯᠭᠡ ᠬᠢᠬᠦ ᠪᠣᠶᠣ ᠭᠠᠷ ᠬᠡᠭᠡᠯᠳᠦᠭᠦᠯᠭᠡ ᠬᠢᠬᠦ ᠪᠣᠯᠣᠨ᠎ᠠ᠃
ᠰᠦ᠍ᠲᠠᠢ ᠭᠠᠬᠠᠢ ᠵᠢᠨ ᠲᠡᠵᠢᠭᠡᠯ᠎ᠤᠨ ᠱᠠᠭ᠋ᠠᠷᠳᠠᠯᠭ᠎ᠠ᠎ᠨᠢ ᠦᠨᠳᠦᠷ ᠪᠢᠰᠢ᠂ ᠪᠦᠳᠦᠭᠦᠯᠢᠭ ᠲᠡᠵᠢᠭᠡᠯᠳᠤ ᠳᠠᠭ᠋ᠠᠭ᠋ᠠᠴᠠ᠎ᠲᠠᠢ᠂ ᠠᠭ᠋ᠠᠭ᠂ ᠰᠢᠭ᠋ᠠᠷᠤ ᠵᠡᠷᠭᠡ ᠲᠠᠷᠢᠶᠠᠯᠠᠩ᠎ᠤᠨ ᠳᠠᠭ᠋ᠠᠯᠲᠠ ᠪᠦᠲᠦᠭᠡᠭᠳᠡᠭᠦᠨ᠎ᠢ ᠭᠦᠢ᠍ᠴᠡᠳ ᠠᠰᠢᠭᠯᠠᠵᠤ ᠪᠣᠯᠣᠨ᠎ᠠ᠃ ᠮᠡᠭᠡᠵᠢ ᠵᠢᠨ ᠬᠤᠨᠤᠭ᠎ᠤᠨ ᠲᠡᠵᠢᠭᠡᠯᠳᠤ ᠪᠦᠳᠦᠭᠦᠯᠢᠭ ᠰᠢᠷᠬᠡᠭᠯᠢᠭ ᠪᠤᠷᠳᠤᠭ᠎ᠠ 20%᠎ᠪᠠᠷ ᠬᠣᠯᠢᠵᠣ ᠪᠣᠯᠣᠨ᠎ᠠ᠃ ᠭᠡᠪᠡᠴᠦ ᠰᠦ᠍ᠲᠠᠢ ᠭᠠᠬᠠᠢ ᠵᠢᠨ ᠦᠰᠦᠯᠲᠡ ᠵᠢᠨ ᠡᠯ᠎ᠡ ᠱᠠᠲᠤᠨ᠎ᠳᠤ ᠰᠢᠮ᠎ᠡ ᠲᠡᠵᠢᠭᠡᠯ᠎ᠢ ᠭᠦᠢ᠍ᠴᠡᠳ ᠬᠠᠩᠭ᠋ᠠᠵᠤ᠂ ᠤᠭᠤᠷᠠᠭ᠂ ᠦᠭᠡᠬᠦ᠂ ᠰᠢᠬᠢᠷ ᠪᠠ ᠡᠷᠦᠳᠡᠰᠦ ᠪᠤᠳᠠᠰ᠎ᠤᠨ ᠬᠡᠷᠡᠭᠴᠡᠭᠡ ᠵᠢ ᠪᠠᠲᠤᠯᠠᠨ ᠰᠢᠨᠵᠢᠯᠡᠬᠦ ᠤᠬᠠᠭ᠋ᠠᠨᠴᠢ᠎ᠪᠠᠷ ᠲᠡᠵᠢᠭᠡᠵᠦ ᠠᠷᠠᠴᠢᠯᠠᠬᠤ ᠪᠣᠯ ᠰᠦ᠍ᠲᠠᠢ ᠭᠠᠬᠠᠢ ᠵᠢᠨ ᠦᠢ᠍ᠯᠡᠳᠪᠦᠷᠢᠯᠡᠯ᠎ᠤᠨ ᠴᠢᠳᠠᠪᠤᠷᠢ ᠵᠢ ᠭᠦᠢ᠍ᠴᠡᠳ ᠪᠠᠳᠠᠷᠠᠭᠤᠯᠬᠤ᠎ᠲᠠᠢ ᠬᠣᠯᠪᠤᠭᠳᠠᠬᠤ ᠴᠢᠬᠤᠯᠠ ᠠᠰᠠᠭᠤᠳᠠᠯ ᠪᠣᠯᠣᠨ᠎ᠠ᠃
(ᠢᠷᠡᠯᠲᠡ᠄ ᠦ᠊· ᠪᠤᠶᠠᠨᠳᠡᠯᠭᠡᠷ ᠨᠠᠷ᠎ᠤᠨ ᠨᠠᠢ᠌ᠷᠠᠭᠤᠯᠤᠭᠰᠠᠨ 《ᠭᠠᠬᠠᠢ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)