ᠤᠷᠤᠨ᠎ᠤ ᠭᠠᠬᠠᠢ ᠵᠢᠨ ᠡᠭᠦᠯᠳᠡᠷ
ᠨᠧᠢ ᠵᠢᠶᠠᠩ ᠭᠠᠬᠠᠢ (内江猪)
1. ᠪᠡᠶ᠎ᠡ ᠵᠢᠨ ᠬᠡᠯᠪᠡᠷᠢ ᠪᠠ ᠭᠠᠳᠠᠷ ᠳᠦᠷᠰᠦ
ᠨᠧᠢ ᠵᠢᠶᠠᠩ ᠭᠠᠬᠠᠢ ᠪᠣᠯ ᠪᠠᠷᠠᠭᠤᠨ ᠡᠮᠦᠨᠡᠲᠦ ᠤᠷᠤᠨ᠎ᠤ ᠬᠡᠯᠪᠡᠷᠢ ᠵᠢᠨ ᠭᠠᠬᠠᠢ ᠵᠢᠨ ᠡᠭᠦᠯᠳᠡᠷ ᠪᠣᠯᠣᠨ᠎ᠠ᠃ ᠪᠡᠶ᠎ᠡ᠎ᠨᠢ ᠲᠤᠮᠤ᠂ ᠪᠦᠷᠬᠦᠭᠦᠯ ᠦᠰᠦ᠎ᠨᠢ ᠬᠠᠷ᠎ᠠ᠂ ᠵᠤᠭᠳᠤᠷ᠎ᠨᠢ ᠪᠦᠳᠦᠭᠦᠨ ᠤᠷᠲᠤ᠂ ᠲᠤᠯᠤᠭ᠋ᠠᠢ᠎ᠨᠢ ᠲᠤᠮᠤ᠂ ᠮᠠᠩᠨᠠᠢ᠎ᠨᠢ ᠭᠦᠨ ᠠᠲᠤᠷᠢᠶᠠᠰᠤᠲᠠᠢ᠂ ᠮᠠᠩᠨᠠᠢ ᠵᠢᠨ ᠠᠷᠠᠰᠤᠨ᠎ᠤ ᠳᠤᠮᠳᠠᠬᠢ᠎ᠨᠢ ᠭᠦᠳᠦᠢ᠌ᠭᠡᠳ ᠲᠤᠯᠤᠭ᠋ᠠᠢ ᠵᠢᠨ ᠠᠲᠤᠷᠢᠶᠠᠰᠤ ᠪᠤᠯᠵᠠᠢ᠃ ᠴᠢᠬᠢ᠎ᠨᠢ ᠳᠤᠮᠳᠠ ᠵᠢᠨ᠂ ᠳᠤᠷᠤᠭᠰᠢ ᠤᠨᠵᠢᠢ᠍ᠨᠠ᠃ ᠬᠦᠵᠦᠭᠦᠨ᠎ᠤ ᠤᠷᠲᠤ᠎ᠨᠢ ᠳᠤᠮᠳᠠ ᠵᠡᠷᠭᠡ᠂ ᠶᠡᠬᠡ ᠪᠡᠶ᠎ᠡ᠎ᠨᠢ ᠦᠷᠭᠡᠨ ᠭᠦᠨ᠂ ᠶᠡᠬᠡ ᠪᠡᠶ᠎ᠡ ᠵᠢᠨ ᠡᠮᠦᠨ᠎ᠡ ᠬᠡᠰᠡᠭ᠎ᠨᠢ ᠤᠨᠴᠠᠭ᠋ᠠᠢ ᠬᠦᠭᠵᠢᠯᠲᠡᠢ᠃ ᠵᠤ ᠨᠢᠷᠤᠭᠤ᠎ᠨᠢ ᠵᠢᠭ᠋ᠠᠬᠠᠨ ᠮᠢᠳᠠᠭ᠋ᠠᠷ᠂ ᠬᠡᠪᠡᠯᠢ᠎ᠨᠢ ᠲᠤᠮᠤ ᠭᠡᠪᠡᠴᠦ ᠳᠡᠭᠦᠵᠢᠯᠡᠭᠳᠡᠬᠦ ᠦᠭᠡᠢ᠂ ᠬᠤᠳᠤᠯᠠᠢᠨᠢ ᠦᠷᠭᠡᠨ᠂ ᠬᠤᠢ᠌ᠰᠢ᠎ᠪᠠᠨ ᠵᠢᠭ᠋ᠠᠬᠠᠨ ᠲᠠᠰᠢᠭᠤ᠂ ᠳᠦᠷᠪᠡᠨ ᠮᠦᠴᠢ᠎ᠨᠢ ᠨᠡᠯᠢᠶᠡᠳ ᠪᠦᠳᠦᠭᠦᠨ ᠪᠦᠬᠡᠯᠢᠭ ᠪᠠᠢ᠌ᠳᠠᠭ᠃ ᠨᠠᠰᠤ ᠭᠦᠢ᠍ᠴᠡᠭᠰᠡᠨ ᠨᠧᠢ ᠵᠢᠶᠠᠩ ᠭᠠᠬᠠᠢ ᠵᠢᠨ ᠠᠷᠠᠰᠤ᠎ᠨᠢ ᠵᠤᠵᠠᠭ᠋ᠠᠨ᠂ ᠪᠡᠶ᠎ᠡ ᠵᠢᠨ ᠬᠠᠵᠠᠭᠤ ᠲᠠᠯ᠎ᠠ ᠪᠠ ᠭᠤᠶ᠎ᠠ ᠵᠢᠨ ᠠᠷᠠᠰᠤ᠎ᠨᠢ ᠭᠦᠨ ᠠᠲᠤᠷᠢᠶᠠᠰᠤᠲᠠᠢ ᠶᠣᠮ᠃ ᠮᠡᠭᠡᠵᠢ ᠵᠢᠨ ᠬᠦᠬᠦᠨ ᠲᠤᠪᠴᠢ᠎ᠨᠢ ᠲᠤᠮᠤ᠂ ᠶᠡᠷᠦ᠎ᠳᠡᠭᠡᠨ 6~7 ᠬᠤᠤᠰ ᠪᠠᠢ᠌ᠳᠠᠭ᠃
2. ᠦᠢ᠍ᠯᠡᠳᠪᠦᠷᠢᠯᠡᠯ᠎ᠤᠨ ᠴᠢᠳᠠᠪᠤᠷᠢ
ᠲᠠᠷᠢᠶᠠᠯᠠᠬᠤ ᠤᠷᠤᠨ ᠰᠣᠯᠠ ᠲᠡᠵᠢᠭᠡᠵᠦ ᠪᠠᠢ᠌ᠭ᠎ᠠ ᠠᠵᠢᠷᠭ᠋ᠠᠨ ᠭᠠᠬᠠᠢ ᠵᠢ ᠶᠡᠷᠦ᠎ᠳᠡᠭᠡᠨ 5~6 ᠰᠠᠷ᠎ᠠ ᠵᠢᠨ ᠨᠠᠰᠤᠨ ᠳᠡᠭᠡᠷ᠎ᠡ᠎ᠨᠢ᠂ ᠭᠠᠬᠠᠢ ᠵᠢᠨ ᠲᠠᠯᠠᠪᠠᠢ ᠵᠢᠨ ᠠᠵᠢᠷᠭ᠋ᠠᠨ ᠭᠠᠬᠠᠢ ᠵᠢ 7~8 ᠰᠠᠷ᠎ᠠ ᠵᠢᠨ ᠨᠠᠰᠤᠨ ᠳᠡᠭᠡᠷ᠎ᠡ᠎ᠨᠢ ᠠᠩᠬ᠎ᠠ ᠤᠳᠠᠭ᠎ᠠ ᠬᠡᠬᠡᠯᠳᠦᠭᠦᠯᠦᠨᠡ᠃ ᠲᠠᠷᠢᠶᠠᠯᠠᠬᠤ ᠤᠷᠤᠨ᠎ᠤ ᠰᠤᠯᠠ ᠲᠡᠵᠢᠭᠡᠵᠦ ᠪᠠᠢ᠌ᠭ᠎ᠠ ᠠᠵᠢᠷᠭ᠋ᠠᠨ ᠭᠠᠬᠠᠢ ᠵᠢᠨ ᠠᠰᠢᠭᠯᠠᠯᠲᠠ ᠵᠢᠨ ᠵᠢᠯ᠎ᠨᠢ ᠤᠬᠤᠷ᠂ 2 ᠨᠠᠰᠤ ᠪᠣᠯᠪᠠᠯ ᠰᠢᠭ᠋ᠠᠷᠤᠯᠠᠳᠠᠭ᠃ ᠭᠠᠬᠠᠢ ᠵᠢᠨ ᠲᠠᠯᠠᠪᠠᠢ ᠵᠢᠨ ᠠᠵᠢᠷᠭ᠋ᠠᠨ ᠭᠠᠬᠠᠢ ᠵᠢ 3~5 ᠵᠢᠯ ᠦᠷᠡᠵᠢᠭᠦᠯᠦᠯᠭᠡᠳᠤ ᠬᠡᠷᠡᠭᠯᠡᠳᠡᠭ ᠶᠣᠮ᠃
ᠮᠡᠭᠡᠵᠢ᠎ᠨᠢ ᠲᠡᠭᠰᠢᠳᠭᠡᠭᠡᠳ 113 (74~166) ᠡᠳᠦᠷ᠎ᠤᠨ ᠨᠠᠰᠤᠨ ᠳᠡᠭᠡᠷ᠎ᠡ᠎ᠪᠠᠨ ᠠᠩᠬ᠎ᠠ ᠤᠷᠤᠭ᠎ᠠ ᠤᠷᠤᠨ᠎ᠠ᠃ ᠲᠠᠷᠢᠶᠠᠯᠠᠬᠤ ᠤᠷᠤᠨ᠎ᠳᠤ ᠮᠡᠭᠡᠵᠢ ᠵᠢ 6 ᠰᠠᠷ᠎ᠠ ᠵᠢᠨ ᠨᠡᠰᠤᠨ ᠳᠡᠭᠡᠷ᠎ᠡ᠎ᠨᠢ᠂ ᠭᠠᠬᠠᠢ ᠵᠢᠨ ᠲᠠᠯᠠᠪᠠᠢ ᠵᠢᠨ ᠮᠡᠭᠡᠵᠢ ᠵᠢ 8~10 ᠰᠠᠷ᠎ᠠ ᠵᠢᠨ ᠨᠠᠰᠤᠨ ᠳᠡᠭᠡᠷ᠎ᠡ᠎ᠨᠢ ᠠᠩᠬ᠎ᠠ ᠤᠳᠠᠭ᠎ᠠ ᠬᠡᠭᠡᠯᠳᠦᠭᠦᠯᠳᠡᠭ᠃ ᠮᠡᠭᠡᠵᠢ ᠵᠢᠨ ᠠᠰᠢᠭᠯᠠᠯᠲᠠ ᠵᠢᠨ ᠵᠢᠯ᠎ᠨᠢ ᠨᠡᠯᠢᠶᠡᠳ ᠤᠷᠲᠤ᠂ ᠦᠷᠡᠵᠢᠭᠦᠯᠦᠯᠭᠡ ᠬᠢᠬᠦ᠎ᠳᠤ ᠲᠤᠬᠢᠷᠠᠬᠤ ᠨᠠᠰᠤ᠎ᠨᠢ 2~7 ᠨᠠᠰᠤ ᠪᠣᠯᠣᠨ᠎ᠠ᠃ ᠨᠧᠢ ᠵᠢᠶᠠᠩ ᠭᠠᠬᠠᠢ ᠵᠢᠨ ᠲᠤᠷᠤᠢ᠌ᠯᠠᠬᠤ ᠲᠤᠭ᠎ᠠ᠎ᠨᠢ ᠳᠤᠮᠳᠠ ᠵᠡᠷᠭᠡ᠂ ᠮᠡᠭᠡᠵᠢ 1~2 ᠡᠭᠦᠷ ᠳᠡᠭᠡᠷ᠎ᠡ᠎ᠪᠠᠨ 9~10 ᠲᠤᠷᠤᠢ᠌ᠯᠠᠨᠠ᠃ 3 ᠳ᠋ᠤᠭ᠋ᠠᠷ ᠡᠭᠦᠷ᠎ᠠᠴᠠ ᠡᠬᠢᠯᠡᠭᠡᠳ 1~1.5 ᠲᠤᠯᠤᠭ᠋ᠠᠢ ᠢᠯᠡᠭᠦᠦ ᠲᠤᠷᠤᠢ᠌ᠯᠠᠳᠠᠭ᠃
ᠲᠠᠷᠢᠶᠠᠯᠠᠬᠤ ᠤᠷᠤᠨ᠎ᠤ ᠵᠠᠩᠰᠢᠯ ᠵᠶ᠋ᠠᠷ 《ᠵᠢᠶᠠᠰᠠ》 ᠵᠢ᠎ᠨᠢ ᠦᠰᠭᠡᠬᠦ ᠠᠷᠭ᠎ᠠ᠎ᠪᠠᠷ ᠪᠤᠷᠳᠤᠭ᠋ᠠᠨ ᠭᠠᠬᠠᠢ ᠲᠡᠵᠢᠭᠡᠳᠡᠭ ᠶᠤᠮ᠃ ᠭᠠᠷᠭ᠋ᠠᠯᠲᠠ᠎ᠳᠤ ᠭᠠᠷᠭ᠋ᠠᠬᠤ ᠪᠡᠶ᠎ᠡ ᠵᠢᠨ ᠬᠦᠨᠳᠦ᠎ᠨᠢ 150 ᠺᠢᠯᠦᠭᠷᠡᠮ ᠣᠷᠴᠢᠮ᠂ ᠪᠤᠷᠳᠤᠯᠭ᠎ᠠ ᠵᠢᠨ ᠬᠤᠭᠤᠴᠠᠭ᠎ᠠ᠎ᠨᠢ 1.5~2 ᠵᠢᠯ ᠪᠠᠢ᠌ᠳᠠᠭ᠃
ᠰᠢᠮ᠎ᠡ ᠲᠡᠵᠢᠭᠡᠯ᠎ᠤᠨ ᠬᠠᠩᠭ᠋ᠠᠯᠭ᠎ᠠ᠎ᠨᠢ ᠳᠤᠮᠳᠠ ᠵᠡᠷᠭᠡ ᠵᠢᠨ ᠦᠶᠡᠰ᠎ᠲᠤ᠂ ᠰᠦᠨ᠎ᠠᠴᠠ ᠰᠠᠯᠭ᠋ᠠᠭᠰᠠᠨ᠎ᠠᠴᠠ 90 ᠺᠢᠯᠦᠭᠷᠡᠮ ᠪᠡᠶ᠎ᠡ ᠵᠢᠨ ᠬᠦᠨᠳᠦ᠎ᠲᠠᠢ ᠪᠣᠯᠲᠠᠯ᠎ᠠ 193 ᠡᠳᠦᠷ ᠬᠡᠷᠡᠭᠰᠡᠨ᠎ᠡ᠃ ᠡᠳᠦᠷ᠎ᠤᠨ ᠨᠡᠮᠡᠭᠳᠡᠬᠦ ᠬᠦᠨᠳᠦ᠎ᠨᠢ 400 ᠭ᠋ᠷᠡᠮ ᠤᠷᠴᠢᠮ᠂ ᠨᠡᠯᠢᠶᠡᠳ ᠰᠠᠢ᠌ᠨ ᠰᠢᠮ᠎ᠡ ᠲᠡᠵᠢᠭᠡᠯ᠎ᠤᠨ ᠪᠠᠲᠤᠯᠠᠭ᠎ᠠ᠎ᠲᠠᠢ ᠦᠶᠡᠰ᠎ᠲᠤ᠂ ᠰᠦᠨ᠎ᠠᠴᠠ ᠰᠠᠯᠭ᠋ᠠᠭᠰᠠᠨ᠎ᠠᠴᠠ 90 ᠺᠢᠯᠦᠭᠷᠡᠮ ᠪᠣᠯᠲᠠᠯ᠎ᠠ 179 ᠡᠳᠦᠷ ᠬᠡᠷᠡᠭᠰᠡᠵᠦ᠂ ᠡᠳᠦᠷ᠎ᠤᠨ ᠨᠡᠮᠡᠭᠳᠡᠬᠦ ᠬᠦᠨᠳᠦ᠎ᠨᠢ 660 ᠭ᠋ᠷᠡᠮ᠎ᠳᠤ ᠬᠦᠷᠳᠡᠭ ᠪᠠᠢ᠌ᠨ᠎ᠠ᠃ ᠨᠧᠢ ᠵᠢᠶᠠᠩ ᠭᠠᠬᠠᠢ ᠵᠢ ᠤᠷᠤᠭᠤᠯᠵᠤ ᠢᠷᠡᠭᠰᠡᠨ ᠬᠠᠷ᠎ᠠ ᠮᠢᠬᠠᠨ᠎ᠤ ᠬᠡᠷᠡᠭᠴᠡᠭᠡᠲᠦ ᠭᠠᠬᠠᠢ᠎ᠪᠠᠷ ᠡᠷᠯᠢᠰᠡᠵᠢᠭᠦᠯᠦᠭᠡᠳ᠂ ᠨᠢᠭᠡᠳᠦᠭᠡᠷ ᠡᠷᠯᠢᠰᠡ ᠦᠶ᠎ᠡ ᠵᠢᠨ ᠪᠤᠷᠳᠤᠭ᠋ᠠᠨ ᠭᠠᠬᠠᠢ ᠵᠢᠨ ᠡᠳᠦᠷ᠎ᠤᠨ ᠨᠡᠮᠡᠭᠳᠡᠬᠦ ᠬᠦᠨᠳᠦ᠂ ᠲᠡᠵᠢᠭᠡᠯ᠎ᠤᠨ ᠠᠰᠢᠭᠯᠠᠯᠲᠠ ᠵᠢᠨ ᠨᠤᠷᠮ᠎ᠠ᠎ᠨᠢ ᠮᠠᠰᠢ ᠰᠠᠢ᠌ᠵᠢᠷᠠᠵᠠᠢ᠃
(ᠢᠷᠡᠯᠲᠡ᠄ ᠦ᠊· ᠪᠤᠶᠠᠨᠳᠡᠯᠭᠡᠷ ᠨᠠᠷ᠎ᠤᠨ ᠨᠠᠢ᠌ᠷᠠᠭᠤᠯᠤᠭᠰᠠᠨ 《ᠭᠠᠬᠠᠢ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)